ᠣᠶᠢᠷ᠎ᠠ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠠᠷᠢᠶᠠᠯᠠᠩ ᠮᠠᠯ ᠠᠵᠤ ᠠᠬᠤᠢ ᠶᠢᠨ | ᠲᠢᠩᠬᠢᠮ ᠠᠴᠠ 2018 — 2020 ᠤᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠦᠭᠦᠪᠦᠷᠢ ᠶᠢ | ᠬᠡᠷᠡᠭᠵᠢᠬᠦᠯᠬᠦᠲ᠋ᠦ᠋ᠰᠦᠯ ᠢ ᠨᠡᠶᠢᠳᠡᠯᠡᠪᠡ᠃ ᠤᠢᠢᠯᠠᠭᠠᠬᠰᠠᠨ ᠢᠶᠠᠷ᠂ ᠦᠪᠡᠷᠳᠡᠭᠡᠨ ᠵᠠᠰᠠᠬᠤ ᠤᠷᠤᠨ ᠤ ᠡᠳ᠋ ᠤᠨ | ᠵᠠᠰᠠᠭ ᠠᠴᠠ ᠮᠠᠯᠵᠢᠬᠤ ᠤᠷᠤᠨ ᠤ ᠮᠠᠯᠴᠢᠳ ᠲᠤ ᠮᠠᠰᠢᠨ ᠲᠦᠭᠦᠭᠡᠷᠦᠮᠵᠢ ᠬᠤᠳᠠᠯᠳᠤᠨ ᠠᠪᠬᠤ ᠳᠤ ᠨᠡᠶᠢᠯᠡᠭᠦᠯᠦᠨ | ᠪᠤᠳᠤᠵᠤ ᠨᠦᠭᠦᠪᠦᠷᠢ ᠤᠯᠭᠤᠬᠤ ᠪᠠ ᠳ᠋ᠠᠩ ᠵᠶᠠᠷ ᠨᠦ᠋ᠭᠦᠪᠦᠷᠢ ᠤᠯᠭᠤᠬᠤ ᠲᠦᠷᠢᠮ ᠢ ᠬᠡᠷᠡᠭᠵᠢᠬᠦᠯᠵᠦ ᠪᠤᠢ᠃ | 2018 — 2020 ᠤᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠦᠭᠦᠪᠦᠷᠢ ᠤᠯᠭᠤᠬᠤ | ᠠᠵᠢᠯ ᠳᠤ ︽ᠴᠢᠯᠦᠭᠡᠳᠡᠢ ᠪᠠᠷ ᠬᠤᠳᠠᠯᠳᠤᠨ ᠠᠪᠬᠤ᠂ ᠤᠷᠢᠳᠠᠪᠡᠷ ᠠᠪᠴᠤ ᠲᠠᠷᠠᠭᠠᠴᠢ ᠪᠠᠷ ᠨᠦᠭᠦᠪᠦᠷᠢᠯᠡᠬᠦ᠂ | ᠪᠠᠷᠢᠮᠳᠠ ᠪᠠᠨ ᠠᠪᠴᠤ ᠭᠤᠶᠤᠴᠢᠯᠠᠬᠤ᠂ ᠴᠤᠮᠬᠠᠳᠬᠠᠨ ᠰᠢᠢᠳᠪᠦᠷᠢᠯᠡᠬᠦ︾ ᠠᠷᠭ᠎ᠠ ᠬᠡᠯᠪᠡᠷᠢ ᠶᠢ ᠦᠷᠭᠦᠯᠵᠢᠯᠡᠨ | ᠬᠡᠷᠡᠭᠵᠢᠬᠦᠯᠬᠦ ᠪᠤᠯᠤᠨ᠎ᠠ᠃ | ᠨᠦᠭᠦᠪᠦᠷᠢ ᠶᠢᠨ ᠬᠦᠷᠢᠶ᠎ᠡ ᠬᠡᠪᠴᠢᠶ᠎ᠡ᠄ | ᠲᠦᠪ ᠤᠨ ᠡᠳ᠋ ᠤᠨ ᠵᠠᠰᠠᠭ ᠠᠴᠠ ᠨᠦᠭᠦᠪᠦᠷᠢ ᠤᠯᠭᠤᠬᠤ ᠮᠠᠰᠢᠨ ᠲᠦᠭᠦᠭᠡᠷᠦᠮᠵᠢ ᠨᠠᠶᠢᠳᠠ 11 ᠶᠡᠭᠡ | ᠲᠦᠷᠦᠯ ᠤᠨ 22 ᠲᠦᠷᠦᠯ ᠤᠨ 49 ᠵᠦᠢᠯ ᠪᠤᠢ᠃ ᠦᠪᠡᠷᠳᠡᠭᠡᠨ ᠵᠠᠰᠠᠬᠤ ᠤᠷᠤᠨ ᠤ ᠡᠳ᠋ ᠤᠨ ᠵᠠᠰᠠᠭ ᠠᠴᠠ | ᠮᠠᠯᠵᠢᠬᠤ ᠤᠷᠤᠨ ᠤ ᠮᠠᠯᠴᠢᠳ ᠤᠨ ᠮᠠᠰᠢᠨ ᠲᠦᠭᠦᠭᠡᠷᠦᠮᠵᠢ ᠬᠤᠳᠠᠯᠳᠤᠨ ᠠᠪᠬᠤ ᠳᠤ ᠨᠡᠶᠢᠯᠡᠭᠦᠯᠦᠨ ᠪᠤᠳᠤᠵᠤ | ᠨᠦᠭᠦᠪᠦᠷᠢ ᠤᠯᠭᠤᠬᠤ ᠪᠠ ᠳ᠋ᠠᠩ ᠵᠶᠠᠷ ᠨᠦ᠋ᠭᠦᠪᠦᠷᠢ ᠤᠯᠭᠤᠬᠤ ᠶᠢ ᠬᠡᠷᠡᠭᠵᠢᠬᠦᠯᠦᠨ᠎ᠡ᠃ | ᠨᠦᠭᠦᠪᠦᠷᠢ ᠤᠯᠭᠤᠬᠤ ᠮᠠᠰᠢᠨ ᠲᠦᠭᠦᠭᠡᠷᠦᠮᠵᠢ᠄ | ᠲᠤᠬᠠᠢ ᠶᠢᠨ ᠵᠢᠯ ᠤᠨ ᠨᠦᠭᠦᠪᠦᠷᠢ ᠤᠯᠭᠤᠬᠤ ᠬᠡᠪᠴᠢᠶᠠᠨ ᠲᠤᠳᠤᠷᠠᠬᠢ ᠮᠠᠰᠢᠨ ᠲᠦᠬᠦᠭᠡᠷᠦᠮᠵᠢ᠂ | ᠲᠤᠬᠠᠢᠢᠯᠠᠪᠠᠯ ᠨᠦ᠋ᠭᠦᠪᠦᠷᠢ ᠤᠯᠭᠤᠬᠤ ᠮᠠᠰᠢᠨ ᠲᠦᠭᠦᠭᠡᠷᠦᠮᠵᠢ ᠡᠷᠬᠡᠪᠰᠢ ᠢᠯᠡ ᠲᠤᠳᠤᠷᠬᠠᠢ ᠦᠢᠯᠡᠳᠪᠦᠷᠢᠯᠡᠭᠰᠡᠨ | ᠠᠵᠤ ᠠᠬᠤᠢᠢᠯᠠᠯ᠂ ᠪᠦᠳᠦᠭᠡᠭᠳᠡᠬᠦᠨ ᠤ ᠨᠡᠷᠡᠶᠢᠳᠦᠯ ᠪᠠ ᠠᠩᠬᠢ ᠲᠦᠷᠦᠯ᠂ ᠳ᠋ᠤᠭᠠᠷᠯᠠᠬᠰᠠᠨ ᠨᠤᠮᠧᠷ᠂ | ᠦᠢᠯᠡᠳᠪᠦᠷᠢᠯᠡᠭᠰᠡᠨ ᠡᠳᠦᠷ ᠰᠠᠷ᠎ᠠ᠂ ᠬᠡᠷᠡᠭᠵᠢᠬᠦᠯᠬᠦ ᠪᠠᠷᠢᠮᠵᠢᠶ᠎ᠠ ᠵᠡᠷᠭᠡ ᠶᠢ ᠬᠠᠳᠠᠬᠰᠠᠨ ᠪᠠᠶᠢᠬᠤ ᠬᠡᠷᠡᠭᠳᠡᠢ᠃ | ᠨᠦᠭᠦᠪᠦᠷᠢ ᠤᠯᠭᠤᠬᠤ ᠡᠳᠡᠭᠡᠳ᠄ | ᠦᠪᠡᠷᠳᠡᠭᠡᠨ ᠵᠠᠰᠠᠬᠤ ᠤᠷᠤᠨ ᠤ ᠬᠡᠪᠴᠢᠶᠠᠨ ᠲᠤᠳᠤᠷᠠᠬᠢ ᠮᠠᠯ ᠠᠵᠤ ᠠᠬᠤᠢ ᠲᠠᠷᠢᠶᠠᠯᠠᠩ ᠦᠢᠯᠡᠳᠪᠦᠷᠢᠯᠡᠯ | ᠡᠷᠬᠢᠯᠡᠵᠦ ᠪᠠᠶᠢᠭ᠎ᠠ ᠬᠤᠪᠢ ᠬᠦᠮᠦᠨ ᠪᠠ ᠮᠠᠯ ᠠᠵᠤ ᠠᠬᠤᠢ ᠲᠠᠷᠢᠶᠠᠯᠠᠩ ᠤᠨ ᠡᠵᠡᠩᠨᠡᠯᠳᠡ ᠶᠢᠨ ᠵᠤᠬᠢᠶᠠᠨ | ᠪᠠᠶᠢᠭᠤᠯᠤᠯᠳᠠ᠂ ᠡᠭᠦᠨ ᠳᠤ ᠮᠠᠯ ᠠᠵᠤ ᠠᠬᠤᠢ ᠶᠢᠨ ᠮᠠᠰᠢᠨ ᠲᠦᠭᠦᠭᠡᠷᠦᠮᠵᠢ ᠶᠢᠨ ᠨᠦᠭᠦᠪᠦᠷᠢ ᠨᠢ ᠵᠦᠪᠬᠡᠨ ᠮᠠᠯᠴᠢᠨ | ᠪᠠ ᠮᠠᠯᠴᠢᠨ ᠤ ᠦᠢᠯᠡᠳᠪᠦᠷᠢᠯᠡᠯ ᠡᠵᠡᠩᠨᠡᠯᠳᠡ ᠶᠢᠨ ᠵᠤᠬᠢᠶᠠᠨ ᠪᠠᠶᠢᠭᠤᠯᠤᠯᠳᠠ ᠪᠠᠷ ᠬᠢᠵᠠᠭᠠᠷᠯᠠᠨ᠎ᠠ᠃ | ᠨᠦᠬᠦᠪᠦᠷᠢ ᠤᠯᠭᠤᠬᠤ ᠮᠠᠰᠢᠨ ᠤ ᠲᠤᠭ᠎ᠠ ᠬᠡᠮᠵᠢᠶ᠎ᠡ᠄ | ᠨᠢᠭᠡ ᠡᠷᠦᠭᠡ ᠶᠢᠨ ᠬᠤᠳᠠᠯᠳᠤᠨ ᠠᠪᠤᠬᠴᠢ ᠵᠢᠯ ᠳᠤ ᠵᠡᠷᠴᠢᠮ ᠲᠡᠭᠡᠷ᠎ᠡ ᠪᠠᠨ ᠨᠢᠭᠡ ᠢᠵᠢ ᠮᠠᠰᠢᠨ | ᠲᠦᠭᠦᠭᠡᠷᠦᠮᠵᠢ ᠬᠤᠳᠠᠯᠳᠤᠨ ᠠᠪᠬᠤ ᠳᠤ ᠨᠦᠭᠦᠪᠦᠷᠢ ᠤᠯᠭᠤᠬᠤ ᠬᠠᠷᠠᠭᠠᠯᠵᠠᠯ ᠬᠦᠷᠳᠡᠨ᠎ᠡ᠃ ᠨᠢᠭᠡ ᠢᠵᠢ ᠮᠠᠰᠢᠨ | ᠲᠦᠭᠦᠭᠡᠷᠦᠮᠵᠢ ᠭᠡᠵᠦ ᠲᠤᠬᠠᠢᠢᠯᠠᠪᠠᠯ ᠨᠢᠭᠡ ᠲᠷᠠᠺᠲ᠋ᠤᠷ ᠪᠤᠶᠤ ᠨᠢᠭᠡ ᠠᠦ᠋ᠲ᠋ᠣ᠋ ᠵᠢᠯᠤᠭᠤᠳᠬᠤ ᠲᠠᠷᠢᠶᠠᠯᠠᠩ ᠤᠨ ᠮᠠᠰᠢᠨ | ᠪᠠ 3 ᠠᠵᠢᠯᠯᠠᠭᠠᠨ ᠤ ᠮᠠᠰᠢᠨ ᠲᠦᠭᠦᠭᠡᠷᠦᠮᠵᠢ ᠶᠢ ᠵᠢᠭᠠᠨ᠎ᠠ᠃ | ᠨᠦᠭᠦᠪᠦᠷᠢ ᠶᠢᠨ ᠪᠠᠷᠢᠮᠵᠢᠶ᠎ᠠ᠄ | 1. ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠦᠭᠦᠪᠦᠷᠢ ᠤᠯᠭᠤᠬᠤ ᠳᠤ ᠲᠤᠬᠳᠠᠭᠠᠬᠰᠠᠨ | ᠲᠤᠭ᠎ᠠ ᠲᠠᠢ ᠨᠦ᠋ᠭᠦᠪᠦᠷᠢ ᠶᠢᠨ ᠲᠦᠷᠢᠮ ᠢ ᠬᠡᠷᠡᠭᠵᠢᠬᠦᠯᠵᠦ᠂ ᠵᠠᠷᠴᠢᠮ ᠲᠡᠭᠡᠷ᠎ᠡ ᠪᠠᠨ ᠭᠠᠭᠴᠠ ᠮᠠᠰᠢᠨ | ᠲᠦᠭᠦᠭᠡᠷᠦᠮᠵᠢ ᠳᠤ ᠤᠯᠭᠤᠬᠤ ᠨᠦ᠋ᠭᠦᠪᠦᠷᠢ ᠶᠢ 5 ᠲᠦᠮᠡᠨ ᠲᠦᠭᠦᠷᠢᠭ ᠠᠴᠠ ᠬᠡᠳᠦᠷᠡᠬᠦᠯᠬᠦ ᠦᠭᠡᠢ︔ | 2. ᠰᠦ ᠰᠠᠭᠠᠬᠤ ᠮᠠᠰᠢᠨ᠂ ᠬᠠᠭᠰᠠᠭᠠᠵᠤ ᠬᠠᠳᠠᠭᠠᠬᠤ ᠮᠠᠰᠢᠨ ᠬᠤᠳᠠᠯᠳᠤᠨ ᠠᠪᠬᠤ ᠳᠤ ᠤᠯᠭᠤᠬᠤ | ᠨᠦᠭᠦᠪᠦᠷᠢ ᠶᠢ 12 ᠲᠦᠮᠡᠨ ᠲᠦᠭᠦᠷᠢᠭ ᠠᠴᠠ ᠬᠡᠳᠦᠷᠡᠬᠦᠯᠬᠦ ᠦᠭᠡᠢ︔ | 3.100 ᠮᠤᠷᠢᠨ ᠬᠦᠴᠦ ᠠᠴᠠ ᠲᠡᠭᠡᠭᠰᠢᠬᠢ ᠲᠷᠠᠺᠲ᠋ᠤᠷ᠂ ᠦᠨᠳᠦᠷ ᠴᠢᠳᠠᠪᠬᠢᠳᠤ ᠨᠤᠭᠤᠭᠠᠨ ᠪᠤᠷᠳᠤᠭ᠎ᠠ | ᠬᠤᠷᠢᠶᠠᠬᠤ ᠮᠠᠰᠢᠨ᠂ ᠲᠤᠮᠤ ᠬᠡᠯᠪᠡᠷᠢ ᠶᠢᠨ ᠠᠳᠠᠷ ᠬᠠᠭᠠᠯᠪᠤᠷᠢᠯᠠᠬᠤ ᠦᠭᠡᠢ ᠪᠠᠷ ᠦᠷ᠎ᠡ ᠬᠠᠶᠠᠬᠤ ᠮᠠᠰᠢᠨ᠂ ᠲᠤᠮᠤ | ᠬᠡᠯᠪᠡᠷᠢ ᠶᠢᠨ ᠬᠠᠳᠤᠵᠤ ᠬᠤᠷᠢᠶᠠᠬᠤ ᠮᠠᠰᠢᠨ᠂ ᠲᠤᠮᠤ ᠬᠡᠯᠪᠡᠷᠢ ᠶᠢᠨ ᠲᠤᠳᠤᠷᠭ᠎ᠠ ᠶᠢᠨ ᠦᠷ᠎ᠡ ᠶᠢ ᠲᠡᠪᠳᠦᠭᠡᠵᠦ | ᠰᠤᠶᠤᠭᠠᠯᠠᠭᠤᠯᠬᠤ ᠠᠦ᠋ᠲ᠋ᠣ᠋ ᠡᠵᠡᠮᠳᠡᠬᠦᠲ᠋ᠦ᠋ᠭᠦᠭᠡᠷᠦᠮᠵᠢ ᠨᠢᠭᠡᠪᠦᠷᠢ ᠳᠤ ᠤᠯᠭᠤᠬᠤ ᠨᠦᠭᠦᠪᠦᠷᠢ ᠶᠢ 15 ᠲᠦᠮᠡᠨ | ᠲᠦᠭᠦᠷᠢᠭ ᠠᠴᠠ ᠬᠡᠳᠦᠷᠡᠭᠦᠯᠬᠦ ᠦᠭᠡᠢ︔ | 4.200 ᠮᠤᠷᠢᠨ ᠬᠦᠴᠦ ᠠᠴᠠ ᠲᠡᠭᠡᠭᠰᠢᠬᠢ ᠲᠷᠠᠺᠲ᠋ᠤᠷ ᠤᠨ ᠨᠦᠭᠦᠪᠦᠷᠢ ᠶᠢ 25 ᠲᠦᠮᠡᠨ | ᠲᠦᠭᠦᠷᠢᠭ ᠠᠴᠠ ᠬᠡᠳᠦᠷᠡᠭᠦᠯᠭᠦ ᠦᠭᠡᠢ︔ | 5. ᠲᠤᠮᠤ ᠬᠡᠯᠪᠡᠷᠢ ᠶᠢᠨ ᠬᠦᠪᠦᠩ ᠲᠡᠭᠦᠭᠦ ᠮᠠᠰᠢᠨ ᠳᠤ ᠤᠯᠭᠤᠬᠤ ᠨᠦᠭᠦᠪᠦᠷᠢ ᠶᠢ 60 ᠲᠦᠮᠡᠨ | ᠲᠦᠭᠦᠷᠢᠭ ᠠᠴᠠ ᠬᠡᠳᠦᠷᠡᠬᠦᠯᠬᠦ ᠦᠭᠡᠢ︔ | 6. ᠮᠠᠯᠴᠢᠨ ᠵᠢᠴᠢ ᠮᠠᠯᠴᠢᠳ ᠤᠨ ᠦᠢᠯᠡᠳᠪᠦᠷᠢᠯᠡᠯ ᠡᠵᠡᠩᠨᠡᠯᠳᠡ ᠶᠢᠨ ᠵᠤᠬᠢᠶᠠᠨ ᠪᠠᠶᠢᠭᠤᠯᠤᠯᠳᠠ ᠠᠴᠠ | ᠮᠠᠰᠢᠨ ᠲᠦᠭᠦᠭᠡᠷᠦᠮᠵᠢ ᠬᠤᠳᠠᠯᠳᠤᠨ ᠠᠪᠬᠤ ᠳᠤ ᠲᠦᠪ ᠤᠨ ᠡᠳ᠋ ᠤᠨ ᠵᠠᠰᠠᠭ ᠠᠴᠠ ᠲᠤᠬᠳᠠᠭᠠᠬᠰᠠᠨ ᠲᠤᠭ᠎ᠠ ᠪᠠᠷ | ᠨᠦᠭᠦᠪᠦᠷᠢ ᠤᠯᠭᠤᠬᠤ ᠶᠢᠨ ᠰᠠᠭᠤᠷᠢᠨ ᠲᠡᠭᠡᠷ᠎ᠡ᠂ ᠦᠪᠡᠷᠳᠡᠭᠡᠨ ᠵᠠᠰᠠᠬᠤ ᠤᠷᠤᠨ ᠤ ᠡᠳ᠋ ᠤᠨ ᠵᠠᠰᠠᠭ ᠠᠴᠠ ᠪᠠᠰᠠ | 20% ᠢᠶᠠᠷ ᠨᠡᠮᠡᠵᠤ ᠨᠦ᠋ᠭᠦᠪᠦᠷᠢ ᠤᠯᠭᠤᠨ᠎ᠠ︔ | 7. ᠦᠪᠡᠷᠳᠡᠭᠡᠨ ᠵᠠᠰᠠᠬᠤ ᠤᠷᠤᠨ ᠤ ᠡᠳ᠋ ᠤᠨ ᠵᠠᠰᠠᠭ ᠠᠴᠠ ᠲᠤᠰᠬᠠᠢ ᠨᠦᠭᠦᠪᠦᠷᠢ ᠤᠯᠭᠤᠬᠰᠠᠨ ᠮᠠᠰᠢᠨ | ᠲᠦᠭᠦᠭᠡᠷᠦᠮᠵᠢ ᠳᠤ᠂ ᠲᠡᠭᠡᠷ᠎ᠡ ᠵᠢᠯ ᠤᠨ ᠪᠤᠷᠤᠯᠠᠭᠤᠯᠭ᠎ᠠ ᠶᠢᠨ ᠲᠤᠮᠳᠠᠴᠢ ᠦᠨ᠎ᠡ ᠶᠢᠨ 30% ᠠᠴᠠ ᠬᠡᠳᠦᠷᠡᠬᠦᠯᠬᠦ | ᠦᠭᠡᠢ ᠪᠠᠷᠢᠮᠵᠢᠶ᠎ᠠ ᠪᠠᠷ ᠲᠤᠬᠳᠠᠬᠰᠠᠨ ᠲᠤᠭᠠᠨ ᠤ ᠨᠦᠭᠦᠪᠦᠷᠢ ᠤᠯᠭᠤᠵᠤ᠂ ᠨᠦᠭᠦᠪᠦᠷᠢ ᠮᠦᠩᠬᠦ ᠶᠢ 3 ᠲᠦᠮᠡᠨ | ᠲᠦᠭᠦᠷᠢᠭ ᠠᠴᠠ ᠬᠡᠳᠦᠷᠡᠭᠦᠯᠬᠦ ᠦᠭᠡᠢ︔ | 8. ᠢᠯᠡᠭᠦᠳᠡᠯ ᠪᠡᠯᠡ ᠮᠦᠩᠬᠦ ᠨᠢ ᠨᠢᠭᠡ ᠮᠠᠰᠢᠨ ᠲᠦᠭᠦᠭᠡᠷᠦᠮᠵᠢ ᠳᠤ ᠨᠦᠭᠦᠪᠦᠷᠢ ᠤᠯᠭᠤᠬᠤ ᠳᠤ | ᠬᠦᠷᠦᠯᠴᠡᠬᠦ ᠦᠭᠡᠢ ᠪᠠᠶᠢᠳᠠᠯ ᠲᠣᠣᠷ᠎ᠠ᠂ ᠲᠠᠷᠢᠶᠠᠯᠠᠩ ᠤᠨ ᠮᠠᠰᠢᠨ ᠲᠦᠭᠦᠭᠡᠷᠦᠮᠵᠢ ᠶᠢ ᠬᠤᠳᠠᠯᠳᠤᠨ ᠠᠪᠬᠤ | ᠨᠦᠭᠦᠪᠦᠷᠢ ᠶᠢᠨ ᠪᠠᠷᠢᠮᠵᠢᠶ᠎ᠠ ᠠᠴᠠ ᠲᠤᠤᠷ᠎ᠡ ᠮᠠᠰᠢᠨ ᠲᠦᠭᠦᠭᠡᠷᠦᠮᠵᠢ ᠳᠤ ᠨᠦᠭᠦᠪᠦᠷᠢ ᠤᠯᠭᠤᠵᠤ ᠪᠤᠯᠳᠠᠬ︔ ᠪᠠᠰᠠ | ᠦᠯᠡᠭᠦᠳᠡᠭᠰᠡᠨ ᠨᠦᠬᠦᠪᠦᠷᠢ ᠶᠢ ᠨᠡᠶᠢᠯᠡᠭᠦᠯᠦᠨ ᠪᠤᠳᠤᠵᠤ ᠪᠤᠯᠳᠠᠭ ᠭᠡᠪᠡᠴᠤ ᠶᠡᠷᠦᠩᠬᠡᠢ ᠨᠦᠭᠦᠪᠦᠷᠢ ᠤᠯᠭᠤᠬᠰᠠᠨ | ᠪᠠᠷᠢᠮᠵᠢᠶ᠎ᠠ ᠨᠢ 50% ᠠᠴᠠ ᠬᠡᠳᠦᠷᠡᠭᠦᠯᠵᠦ ᠪᠤᠯᠬᠤ ᠦᠭᠡᠢ ᠭᠡᠵᠦ ᠲᠤᠬᠳᠠᠭᠠᠪᠠ᠃ | ︵︽ᠤᠯᠠᠭᠠᠨ ᠬᠠᠳᠠ ᠶᠢᠨ ᠡᠳᠦᠷ ᠤᠨ ᠰᠤᠨᠢᠨ︾ ᠠᠴᠠ ᠰᠢᠯᠵᠢᠭᠦᠯᠦᠨ ᠠᠪᠤᠪᠠ︶ |