ᠣᠪᠣᠭᠠᠨ ᠳᠠᠬᠢᠯᠭ᠎ᠠ ᠨᠢ ᠮᠣᠩᠭᠤᠯᠴᠣᠳ ᠤᠨ ᠲᠡᠭᠷᠢ ᠭᠠᠵᠠᠷ᠂ ᠯᠤᠤᠰ ᠰᠠᠪᠳᠠᠭ᠂ ᠠᠭᠤᠯᠨ ᠤᠰᠤ ᠪᠠᠨ | ᠲᠡᠬᠢᠵᠦ᠂ ᠰᠦᠵᠢᠭ ᠲᠠᠭᠠᠳᠬᠠᠯ᠂ ᠢᠳᠡᠬᠡᠯ ᠪᠢᠰᠢᠷᠠᠯ᠂ ᠬᠠᠶᠢᠷ᠎ᠠ ᠬᠦᠨᠳᠦᠳᠬᠡᠯ ᠢᠶᠠᠨ ᠬᠦᠢᠴᠡᠳᠬᠡᠳᠡᠭ ᠦᠢᠯᠡ | ᠠᠵᠢᠯᠯᠠᠭ᠎ᠠ ᠵᠢᠴᠢ ᠵᠠᠩ ᠥᠢᠯᠡ ᠪᠢᠯᠡ᠃ ᠬᠡᠳᠡᠯ᠎ᠡ ᠣᠳᠣ ᠪᠣᠯᠵᠣ ᠢᠷᠡᠭᠡᠳ ᠵᠠᠩ ᠤᠶᠢᠯᠡ ᠶᠢᠨ ᠬᠦᠮᠦᠵᠢᠯ ᠨᠢ | ᠠᠭᠠᠵᠢᠮ ᠢᠶᠠᠷ ᠰᠤᠯᠠᠷᠠᠬᠰᠠᠨ ᠤ ᠬᠠᠷᠠᠭ᠎ᠠ ᠪᠠᠷ ᠤᠪᠤᠭᠠᠨ ᠳᠠᠬᠢᠯᠭ᠎ᠠ ᠨᠢ ᠡᠮᠬᠢ ᠵᠢᠷᠤᠮ ᠢᠶᠠᠷ ᠰᠣᠯᠠ ᠪᠣᠯᠵᠣ | ᠴᠢᠨᠠᠬᠰᠢᠯᠠᠨ ᠪᠣᠯᠪᠠᠰᠣᠨ ᠪᠣᠰᠣ᠂ ᠶᠤᠰᠤ ᠪᠤᠰᠤ ᠶᠠᠪᠤᠳᠠᠯ ᠬᠢᠳᠡᠯ ᠦᠷᠭᠦᠯᠵᠢ ᠬᠠᠷᠠᠭᠳᠠᠬᠤ ᠪᠣᠯᠵᠡᠢ᠃ ᠡᠨᠡᠬᠦ | ᠪᠠᠶᠢᠳᠠᠯ ᠳᠤ ᠣᠩᠰᠢᠭᠴᠢ ᠲᠠ ᠪᠦᠬᠦᠨ ᠶᠠᠮᠠᠷᠬᠠᠨ ᠰᠡᠳᠬᠢᠭᠳᠡᠯ ᠲᠠᠢ ᠪᠤᠯ︖ ᠳᠡᠭᠡᠪᠡᠯ ᠪᠢᠳᠠ ᠣᠪᠣᠭ᠎ᠠ ᠪᠠᠨ | ᠴᠡᠪᠡᠷᠭᠡᠨ ᠳᠠᠬᠢᠵᠣ ᠠᠷᠢᠭᠤᠨ ᠳᠠᠷᠬᠠᠨ ᠢᠶᠠᠷ ᠨᠢ ᠪᠠᠶᠢᠯᠭᠠᠬᠤ ᠳᠤ ᠶᠠᠮᠠᠷ ᠠᠷᠭ᠎ᠠ ᠠᠪᠴᠠᠯ ᠢ ᠠᠪᠣᠪᠠᠯ ᠵᠣᠬᠢᠰᠳᠠᠢ ᠪᠣᠯ︖ | | ᠮᠤᠩᠭᠤᠯ ᠨᠤᠳᠤᠭ ᠲᠤ ᠬᠠᠪᠤᠷ ᠵᠤᠨ ᠰᠠᠭᠠᠳᠠᠬᠤ ᠪᠠᠷ ᠭᠠᠵᠠᠷ ᠭᠠᠵᠠᠷ ᠤᠨ ᠤᠪᠤᠭᠠᠨ ᠲᠠᠬᠢᠯᠭ᠎ᠠ ᠡᠬᠢᠯᠡᠳᠡᠭ | ᠃ ᠡᠨᠡ ᠦᠶᠡᠰ ᠬᠠᠮᠢᠭ᠎ᠠ ᠬᠠᠮᠢᠭᠠᠭᠤᠷ ᠣᠪᠣᠭᠠᠨ ᠳᠠᠬᠢᠯᠭ᠎ᠠ ᠪᠣᠯᠣᠯ᠎ᠠ ᠭᠡᠮᠡᠭᠰᠡᠨ ᠵᠢᠷᠤᠭ ᠸᠢᠳᠢᠣ᠋ ᠸᠢᠴᠠᠲ ᠤᠨ | ᠳᠣᠭᠤᠷᠢᠭ ᠢᠶᠠᠷ ᠰᠠᠴᠣᠭᠳᠠᠨ᠂ ᠣᠪᠣᠭᠠᠨ ᠳᠤ ᠯᠣᠩᠬᠤ ᠲᠠᠢ ᠠᠷᠢᠬᠢ᠂ ᠰᠠᠪᠠ ᠲᠠᠢ ᠰᠦ᠂ ᠣᠭᠤᠳᠠ ᠲᠠᠢ ᠢᠳᠡᠭᠡᠨ | ᠵᠡᠷᠭᠡ ᠶᠢ ᠦᠷᠦᠵᠤ᠂ ᠣᠪᠣᠭᠠᠷᠠᠭᠤᠯᠵᠣ ᠪᠠᠭᠰᠢᠷᠠᠭᠤᠯᠤᠭᠠᠳ ᠳᠠᠬᠢᠯᠭ᠎ᠠ ᠶᠢᠨ ᠭᠠᠵᠠᠷ ᠢ ᠪᠣᠵᠠᠷ ᠪᠣᠷᠳᠠᠭ | ᠪᠣᠯᠭᠠᠴᠢᠬᠠᠭᠰᠠᠨ ᠪᠠᠶᠢᠳᠠᠯ ᠨᠢ ᠪᠢᠳᠠᠨ ᠤ ᠠᠩᠬᠠᠷᠣᠯ ᠳᠤ ᠬᠦᠷᠴᠣ ᠪᠠᠶᠢᠳᠠᠭ᠃ ᠡᠬᠦᠨ ᠲᠠᠢ ᠠᠳᠠᠯᠢᠬᠠᠨ ᠢᠶᠠᠷ ᠮᠠᠨ ᠤ | ᠤᠷᠤᠨ ᠨᠤᠳᠤᠭ ᠤᠨ ᠤᠪᠤᠭᠠᠨ ᠲᠠᠭᠢᠯᠭ᠎ᠠ ᠶᠢᠨ ᠨᠠᠶᠢᠷ ᠢᠶᠠᠷ ᠴᠦ ᠡᠪ ᠵᠦᠢ ᠦᠬᠡᠢ ᠦᠵᠡᠭᠳᠡᠯ᠂ ᠪᠤᠯᠪᠠᠰᠤᠨ ᠪᠤᠰᠤ | ᠶᠠᠪᠤᠳᠠᠯ ᠪᠠᠶᠢᠩᠭᠤ ᠬᠠᠷᠠᠬᠳᠠᠳᠠᠭ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ | ᠭᠤᠷᠪᠠᠨ ᠳᠤ ᠠᠯᠠᠱᠠ ᠲᠦᠮᠡᠨ ᠪᠠᠶᠠᠨᠰᠦ᠋ᠮᠪᠦᠷ ᠤᠨ ᠤᠪᠤᠭ᠎ᠠ ᠪᠠᠨ ᠳᠠᠬᠢᠵᠦ᠂ ᠨᠤᠳᠤᠭ ᠤᠰᠤ ᠪᠠᠨ ᠲᠠᠭᠠᠳᠬᠠᠨ | ᠭᠠᠵᠠᠷ ᠯᠤᠤᠰ ᠢᠶᠠᠨ ᠪᠠᠶᠠᠰᠬᠠᠳᠠᠭ ᠵᠠᠩᠰᠢᠯ ᠲᠠᠢ᠃ ᠡᠨᠡ ᠵᠢᠯ ᠤᠨ ᠤᠪᠤᠭᠠᠨ ᠲᠠᠭᠢᠯᠭ᠎ᠠ ᠴᠦ ᠬᠦᠮᠦᠨ ᠤᠯᠠᠨ᠂ | ᠬᠦᠭᠵᠢᠶᠡᠨ ᠶᠡᠬᠡᠳᠡᠢ ᠪᠤᠯᠤᠯ᠎ᠠ᠃ ᠬᠡᠳᠡᠯ᠎ᠡ ᠠᠭᠤᠯᠠ ᠮᠠᠴᠤᠬᠤ ᠵᠠᠮ ᠵᠠᠭᠤᠷ᠎ᠠ ᠪᠤᠰᠤᠳ ᠦᠨᠳᠦᠰᠦᠳᠡᠨ ᠤ ᠬᠢ ᠪᠤᠯᠪᠠᠤ | ᠂ ᠬᠡᠳᠦᠨ ᠬᠡᠤᠬᠡᠨ ᠪᠦᠰᠡᠬᠦᠢ ᠮᠤᠳᠦ ᠠᠪᠠᠷᠢᠨ ᠮᠣᠳᠣᠨ ᠤ ᠰᠠᠯᠠᠭ᠎ᠠ ᠮᠦᠴᠢᠷ ᠬᠤᠭᠤᠴᠠᠨ ᠬᠢᠰᠬᠢᠴᠡᠨ ᠵᠢᠷᠤᠭ | ᠠᠪᠴᠣ ᠢᠨᠢᠶᠡᠯᠳᠣᠨ ᠬᠠᠰᠬᠢᠷᠤᠯᠳᠣᠬᠤ᠂ ᠬᠡᠤᠬᠡᠳ ᠲᠠᠭᠠᠭᠤᠯᠤᠬᠰᠠᠨ ᠤᠯᠤᠰ ᠬᠡᠤᠬᠡᠳ ᠢᠶᠠᠨ ᠬᠠᠮᠢᠭ᠎ᠠ ᠪᠤᠯ ᠲᠡᠨᠳᠡ | ᠂ ᠬᠠᠮᠢᠶ᠎ᠠ ᠬᠠᠶᠢᠳᠠᠭ ᠦᠬᠡᠢ ᠪᠡᠶ᠎ᠡ ᠵᠠᠰᠠᠭᠤᠯᠬᠤ᠂ ᠣᠰᠣᠨ ᠤ ᠯᠣᠩᠬᠤ᠂ ᠢᠳᠡᠬᠡᠨ ᠤ ᠰᠠᠪᠠ ᠵᠡᠷᠬᠡ ᠬᠤᠭ ᠯᠠᠭ ᠢᠶᠠᠨ | ᠲᠤᠷᠠᠪᠠᠷ ᠬᠠᠶᠠᠬᠤ᠂ ᠤᠪᠤᠭ᠎ᠠ ᠰᠢᠪᠡᠭᠡ ᠮᠠᠴᠤᠬᠤ᠂ ᠮᠤᠳᠦ ᠴᠢᠯᠠᠭᠤ ᠬᠦᠳᠡᠯᠬᠡᠬᠦ᠂ ᠬᠠᠳᠠᠭ ᠰᠠᠮᠪᠠᠢ ᠪᠠᠷ ᠨᠠᠭᠠᠳᠬᠤ ᠁ | ᠵᠡᠷᠬᠡ ᠵᠠᠷᠢᠮ ᠬᠦᠮᠦᠨ ᠤ ᠬᠢᠳᠡᠯ ᠶᠠᠪᠤᠳᠠᠯ ᠡᠷᠬᠡ ᠦᠬᠡᠢ ᠤᠯᠠᠨ ᠤ ᠰᠡᠳᠬᠢᠯ ᠢ ᠰᠡᠪᠳᠤᠬᠡᠬᠦ ᠶᠢ ᠶᠠᠭᠠᠬᠢᠨ᠎ᠠ᠃ | ᠮᠣᠩᠭᠤᠯᠴᠣᠳ ᠤᠪᠤᠭ᠎ᠠ ᠪᠤᠰᠬᠠᠭᠰᠠᠨ ᠭᠠᠵᠠᠷ ᠤᠨ ᠢᠶᠠᠨ ᠤᠢᠢᠷ᠎ᠠ ᠬᠠᠪᠢ ᠶᠢ ᠡᠪᠳᠡᠵᠤ ᠰᠦᠢᠳᠭᠡᠬᠦ ᠶᠢ | ᠴᠡᠭᠡᠷᠯᠡᠳᠡᠭ ᠮᠦᠷᠳᠡᠬᠡᠨ ᠪᠤᠵᠠᠷ ᠪᠤᠷᠳᠠᠭ ᠶᠠᠭᠤᠮ᠎ᠠ ᠬᠦᠷᠬᠦ ᠠᠴᠠ ᠬᠢᠴᠢᠶᠡᠨ᠂ ᠠᠷᠢᠭᠤᠨ ᠲᠠᠷᠬᠠᠨ ᠪᠠᠶᠢᠯᠭᠠᠬᠤ ᠶᠢ | ᠤᠨᠴᠠ ᠠᠩᠬᠠᠷᠳᠠᠭ᠃ ᠤᠪᠤᠭ᠎ᠠ ᠪᠤᠯᠠᠭ ᠤᠨ ᠤᠢᠢᠷᠠᠯᠴᠠᠭ᠎ᠠ ᠬᠢ ᠡᠪᠡᠰᠦ ᠮᠤᠳᠤ ᠶᠢ ᠬᠦᠨᠳᠡᠬᠦ᠂ ᠠᠮᠢᠳᠠᠨ | ᠭᠤᠤᠯᠳᠠᠨ ᠢ ᠠᠯᠠᠵᠦ ᠬᠦᠨᠦᠬᠡᠬᠦ᠂ ᠤᠪᠤᠭᠠᠨ ᠤ ᠨᠡᠷ᠎ᠠ ᠤᠰᠤ ᠶᠢ ᠲᠤᠷ᠎ᠠ ᠪᠠᠷ ᠲᠠᠭᠤᠳᠠᠬᠤ᠂ ᠬᠤᠷᠤᠭᠤ ᠪᠠᠷ ᠢᠶᠠᠨ | ᠤᠪᠤᠭ᠎ᠠ ᠰᠢᠪᠡᠭᠡ ᠵᠢᠭᠠᠬᠤ᠂ ᠤᠪᠤᠭᠠᠨ ᠲᠡᠷᠬᠡᠳᠡ ᠪᠤᠯᠬᠢ ᠪᠦᠳᠦᠭᠦᠯᠢᠭ ᠦᠭᠡ ᠶᠠᠷᠢᠬᠤ᠂ ᠤᠷᠢᠯᠠᠬᠤ᠂ ᠬᠠᠰᠭᠢᠴᠠᠬᠤ | ᠂ ᠭᠠᠳᠠᠭᠠᠯᠠᠬᠤ ᠵᠡᠷᠬᠡ ᠶᠢ ᠴᠡᠬᠡᠷᠯᠡᠳᠡᠭ᠃ ᠲᠡᠷᠡᠴᠢᠯᠡᠨ ᠣᠪᠣᠭᠠᠨ ᠤ ᠣᠶᠢᠷᠠᠯᠴᠠᠭ᠎ᠠ ᠤᠩᠭᠤᠨ ᠮᠤᠳᠤ ᠪᠤᠶᠤ ᠭᠠᠭᠴᠠ | ᠱᠠᠩᠰᠢᠨ ᠤ ᠰᠡᠬᠦᠳᠡᠷ ᠲᠤ ᠰᠠᠭᠤᠬᠤ᠂ ᠨᠠᠭᠠᠳᠴᠤ ᠲᠤᠭᠯᠠᠬᠤ᠂ ᠤᠭᠳᠤᠯᠬᠤ᠂ ᠰᠠᠯᠠᠭ᠎ᠠ ᠨᠠᠮᠠᠭ᠎ᠠ ᠶᠢ ᠨᠢ ᠱᠤᠯᠤᠬᠤ᠂ | ᠬᠡᠦᠭᠡᠳ ᠪᠠᠭᠠᠴᠤᠳ ᠲᠡᠭᠡᠷ᠎ᠠ ᠨᠢ ᠭᠠᠷᠬᠤ᠂ ᠨᠠᠰᠤᠨ ᠳᠤ ᠬᠦᠷᠦᠭᠰᠡᠨ ᠦᠬᠢᠳ ᠡᠮᠡᠰ ᠮᠤᠳᠤᠨ ᠮᠦᠴᠢᠷ ᠬᠦᠨᠳᠡᠬᠦ ᠶᠢ | ᠴᠦ ᠲᠠᠰᠤ ᠴᠡᠭᠡᠷᠯᠡᠳᠡᠭ ᠪᠠᠶᠢᠨ᠎ᠠ᠃ ᠤᠪᠤᠭᠠᠨ ᠤ ᠬᠠᠵᠠᠭᠤ ᠳᠤ ᠭᠡᠷᠪᠡ ᠤᠰᠤᠯ ᠲᠠᠢ ᠶᠠᠪᠤᠳᠠᠯ ᠬᠢᠪᠡᠯ ᠤᠪᠤᠭᠠᠨ ᠤ | ᠡᠵᠡᠳ ᠰᠠᠬᠢᠭᠤᠰᠤ ᠬᠢᠯᠢᠩᠨᠡᠨ ᠡᠴᠢᠭᠡ ᠲᠡᠭᠷᠢ ᠲᠤᠭᠰᠢᠷᠠᠵᠤ᠂ ᠡᠬᠡ ᠲᠡᠯᠡᠭᠡᠢ ᠴᠤ ᠦᠭᠯᠢᠭᠡ ᠶᠢᠨ ᠤᠭᠤᠳᠠ ᠪᠠᠨ | ᠬᠤᠮᠢᠭᠠᠳ᠂ ᠭᠠᠩ ᠭᠠᠴᠢᠭ᠂ ᠠᠶᠤᠯ ᠬᠦᠨᠦᠭᠡᠯ ᠢᠷᠡᠨ᠎ᠠ ᠭᠡᠵᠤ ᠦᠵᠡᠳᠡᠭ᠃ ᠡᠳᠡᠭᠡᠷ ᠴᠡᠭᠡᠷ ᠶᠣᠰᠣ ᠨᠢ ᠡᠪᠦᠭᠡ | ᠳᠡᠭᠡᠳᠦᠰ ᠠᠴᠠ ᠮᠢᠨᠢ ᠪᠢᠳᠡᠨ ᠳᠤ ᠬᠠᠶᠢᠷᠠᠯᠠᠬᠰᠠᠨ ᠡᠴᠢᠭᠡ ᠲᠡᠭᠷᠢ᠂ ᠡᠭᠡ ᠭᠠᠵᠠᠷ᠂ ᠠᠮᠢᠳᠠᠨ ᠭᠤᠤᠯᠳᠠᠨ ᠢᠶᠠᠨ | ᠬᠠᠶᠢᠷᠠᠯᠠᠵᠦ ᠬᠦᠨᠳᠦᠳᠭᠡᠬᠦ ᠶᠤᠰᠤ ᠵᠦᠢ᠂ ᠪᠠᠶᠢᠭᠠᠯᠢ ᠶᠢᠷᠳᠢᠨᠴᠤ ᠶᠢ ᠲᠠᠨᠢᠬᠤ᠂ ᠪᠠᠶᠢᠭᠠᠯᠢ ᠶᠢᠷᠳᠢᠨᠴᠤ ᠪᠠᠨ | ᠲᠡᠬᠡᠳᠦᠯᠡᠬᠦ᠂ ᠡᠪᠳᠡᠢ ᠰᠠᠶᠢᠬᠠᠨ ᠡᠶ᠎ᠡ ᠵᠤᠬᠢᠴᠨᠨ ᠠᠵᠦ ᠲᠦᠷᠦᠬᠦ ᠶᠢᠨ ᠤᠬᠠᠭᠠᠨ᠂ ᠠᠮᠢ ᠠᠬᠤᠢ ᠪᠠᠨ ᠬᠠᠶᠢᠷᠠᠯᠠᠬᠤ | ᠡᠷᠬᠢᠮ ᠲᠡᠬᠡᠳᠦ ᠦᠵᠠᠯ ᠤᠬᠠᠮᠰᠠᠷ᠂ ᠵᠠᠩ ᠰᠤᠷᠳᠠᠬᠤᠨ ᠶᠤᠮ᠃ ᠤᠳᠦ ᠡᠬᠦᠨ ᠢ ᠬᠠᠷᠢᠨ ᠮᠤᠬᠤᠷ ᠪᠢᠰᠢᠷᠡᠯ ᠬᠡᠮᠡᠨ | ᠶᠠᠷᠢᠵᠦ ᠲᠠᠭᠠᠮᠠᠬᠯᠠᠬᠤ ᠪᠤᠶᠤ ᠦᠯᠦ ᠤᠶᠢᠰᠢᠶᠠᠬᠤ᠂ ᠵᠤᠷᠢᠭᠤᠳᠡ ᠡᠪᠳᠡᠬᠦ ᠮᠠᠭᠤ ᠮᠠᠭᠤᠬᠠᠢ ᠦᠵᠡᠯ ᠪᠤᠳᠤᠯ ᠭᠠᠵᠠᠷ | ᠠᠪᠴᠦ ᠪᠠᠶᠢᠭ᠎ᠠ ᠰᠢᠤ᠃ ᠶᠡᠷᠤᠨᠢ ᠰᠡᠳᠬᠢᠯ ᠴᠢᠨᠢ ᠠᠷᠢᠭᠤᠨ ᠪᠠᠶᠢᠪᠠᠯ ᠰᠠᠶ᠋ᠢ ᠰᠠᠨᠠᠬᠰᠠᠨ ᠦᠢᠯᠡ ᠴᠢᠨᠢ ᠰᠠᠶᠢᠨ | ᠰᠠᠶᠢᠬᠠᠨ ᠪᠤᠯᠳᠠᠭ ᠵᠢᠮ ᠪᠤᠢ᠃ ᠬᠡᠷᠪᠡ ᠤᠪᠤᠭ᠎ᠠ ᠪᠠᠨ ᠲᠠᠬᠢᠵᠦ᠂ ᠤᠪᠤᠭ᠎ᠠ ᠪᠠᠨ ᠪᠠᠶᠠᠰᠬᠠᠨ᠂ ᠬᠦᠰᠡᠯ ᠪᠤᠳᠤᠯ ᠢᠶᠠᠨ | ᠲᠠᠭᠠᠳᠬᠠᠶ᠎ᠠ ᠬᠡᠮᠡᠨ ᠪᠤᠳᠤᠪᠠᠯ ᠶᠠᠭᠤᠨ ᠤ ᠲᠦᠷᠦᠬᠦᠨ ᠳᠤ ᠤᠪᠤᠭ᠎ᠠ ᠪᠠᠨ ᠬᠠᠶᠢᠷᠠᠯᠠᠵᠦ ᠲᠡᠬᠡᠳᠦᠯᠡᠬᠦ ᠠᠷᠢᠭᠤᠨ | ᠰᠠᠶᠢᠬᠠᠨ ᠪᠤᠳᠤᠯ ᠰᠡᠳᠬᠢᠯ ᠲᠠᠢ ᠪᠠᠶᠢᠬᠤ ᠬᠡᠷᠡᠭᠳᠡᠢ ᠶᠤᠮ᠃ ᠡᠨᠡᠬᠦ ᠠᠷᠢᠭᠤᠨ ᠰᠠᠶᠢᠬᠠᠨ ᠪᠤᠳᠤᠯ ᠭᠦᠰᠡᠯ ᠤᠨ ᠲᠠᠨᠢ | ᠬᠠᠷᠢᠭᠤ ᠳᠤ ᠰᠡᠶ᠋ᠢ ᠤᠪᠤᠭᠠᠨ ᠬᠡᠰᠢᠭ᠂ ᠪᠠᠶᠢᠭᠠᠯᠢ ᠲᠡᠯᠡᠬᠡᠢ ᠶᠢᠨ ᠢᠯᠴᠢ ᠡᠨᠧᠷᠬᠢ ᠶᠢ ᠬᠦᠷᠳᠡᠬᠦ ᠪᠤᠯᠤᠮᠵᠢ | ᠲᠤᠬᠳᠠᠳᠠᠭ ᠪᠢᠯᠠ᠃ | ᠣᠪᠣᠭᠠᠨ ᠳᠠᠬᠢᠯᠭ᠎ᠠ ᠣᠯᠠᠰᠢᠷᠠᠵᠣ ᠪᠠᠶᠢᠭ᠎ᠠ ᠦᠨᠣᠳᠣᠷ ᠤᠪᠤᠭᠠᠨ ᠲᠠᠬᠢᠯᠭ᠎ᠠ ᠶᠢᠨ ᠶᠤᠰᠤ ᠵᠠᠩᠰᠢᠯ ᠢᠶᠠᠨ | ᠵᠦᠪ ᠢᠶᠠᠷ ᠤᠯᠠᠮᠵᠢᠯᠠᠵᠤ᠂ ᠵᠦᠢᠳᠡᠢ ᠵᠠᠯᠭᠠᠮᠵᠢᠯᠠᠬᠤ ᠶᠠᠪᠤᠳᠠᠯ ᠮᠠᠰᠢ ᠳᠣᠯᠭᠠᠮ᠎ᠠ ᠱᠠᠭᠠᠷᠳᠠᠬᠤ ᠪᠤᠯᠪᠠ᠃ ᠪᠢᠳᠠ | ᠦᠢᠯᠠ ᠠᠵᠢᠯᠯᠠᠭ᠎ᠠ᠂ ᠦᠭᠡ ᠶᠠᠷᠢᠶ᠎ᠠ ᠪᠠᠷ ᠢᠶᠠᠨ ᠤᠯᠠᠮᠵᠢᠯᠠᠯᠲᠤ ᠣᠪᠣᠭᠠᠨ ᠰᠤᠶᠤᠯ ᠤᠨ ᠢᠶᠠᠨ ᠦᠯᠡᠮᠵᠢ ᠶᠡᠭᠡ ᠢᠯᠴᠢ | ᠬᠡᠷᠡᠯ ᠢ ᠤᠯᠠᠮᠵᠢᠯᠠᠶ᠎ᠠ᠂ ᠰᠤᠶᠤᠯ ᠤᠨ ᠢᠶᠠᠨ ᠢᠯᠴᠢ ᠬᠡᠷᠡᠯ ᠢᠶᠠᠷ ᠬᠦᠮᠦᠰ ᠤᠨ ᠤᠢ ᠤᠬᠠᠭᠠᠨ ᠢ ᠠᠷᠢᠭᠤᠳᠬᠠᠨ᠂ ᠡᠬᠡ | ᠪᠠᠶᠢᠭᠠᠯᠢ ᠪᠠᠨ ᠲᠡᠬᠡᠳᠦᠯᠡᠨ ᠰᠢᠳᠦᠬᠦ ᠶᠢᠨ ᠠᠷᠢᠭᠤᠨ ᠴᠢᠨᠡᠷ ᠢ ᠦᠪᠯᠡᠶᠡ︕ |