ᠵᠠᠮᠤᠬ᠎ᠠ ᠶᠢᠨ ᠦᠴᠢᠯ
ᠨᠡᠶᠢᠲᠡᠯᠡᠭᠰᠡᠨ ᠴᠠᠭ᠄
2018-12-03
                                                  ᠵᠣᠬᠢᠶᠠᠭᠴᠢ᠄  ﹇ᠮᠤᠩᠭᠤᠯ﹈ ᠳ᠋᠊ · ᠨᠠᠮᠰᠠᠷᠠᠢ                ᠨᠠᠢᠮᠠᠨ ᠵᠠᠭᠤᠨ ᠤᠨ ᠠᠴᠠ ᠡᠮᠤᠨᠠᠬᠢ ᠵᠠᠮᠤᠬ᠎ᠠ ᠶᠢᠨ ᠱᠠᠷᠢᠯ ᠲᠡᠭᠡᠭᠦᠷ ᠦᠨᠤᠳᠤᠷ ᠲᠠᠯ᠎ᠠ ᠶᠢᠨ ᠪᠤᠯᠵᠤᠮᠤᠷ ᠵᠢᠷᠬᠢᠵᠤ ᠡᠭᠡ ᠨᠤᠳᠤᠭ ᠤᠨ ᠨᠤᠶᠠᠨ ᠰᠠᠯᠬᠢᠨ᠎ᠠ ᠭᠤᠳᠦ᠋ᠢᠭ᠌ᠰᠠᠨ ᠬᠢᠯᠭᠠᠨ᠎ᠠ ᠶᠢᠨ ᠲᠤᠯᠤᠭᠠᠢ ᠭᠠᠰᠢᠭᠤᠳᠠᠯᠳᠠᠶᠢᠶ᠎ᠠ ᠪᠦᠭᠦᠯᠵᠠᠨ᠎ᠠ᠃ ᠲᠡᠷᠡ ᠭᠠᠵᠠᠷ ᠤᠨ ᠴᠡᠭᠡᠵᠢ ᠶᠢ ᠠᠨᠢᠷᠳᠡᠨ ᠴᠢᠩᠨᠠᠪᠠᠰᠤ᠂ ᠮᠤᠩᠭᠤᠯ ᠡᠷᠡᠰ ᠤᠨ ᠨᠦᠭᠦᠷᠯᠠᠯ᠂ ᠭᠤᠨᠢᠠᠠᠳᠦ ᠬᠠᠭᠠᠴᠠᠯ ᠤᠨ ᠲᠤᠬᠠᠢ ᠡᠮᠭᠡᠨᠢᠯᠳᠦ ᠲᠡᠤᠭᠡ ᠶᠢ ᠦᠭᠦᠯᠠᠨ᠎ᠠ  ᠃        ᠤᠯᠠᠨ ᠠᠶᠢᠮᠠᠭ ᠤᠨ ᠴᠢᠰᠤᠳᠦ ᠲᠡᠮᠡᠴᠡᠯ᠂ ᠲᠠᠯ᠎ᠠ ᠶᠢᠨ ᠢᠵᠠᠭᠤᠷᠳᠡᠳ ᠤᠨ ᠦᠷᠢᠰᠤᠯᠳᠤᠭᠡᠨ ᠲᠠᠮᠤᠵᠢᠨ ᠤ ᠢᠯᠠᠯᠳᠡ ᠪᠠᠷ ᠲᠡᠭᠦᠰᠴᠤ ᠪᠠᠶᠢᠭᠰᠠᠨ ᠲᠡᠷᠡ ᠵᠢᠯ ᠬᠠᠭᠠᠨ ᠵᠠᠮᠤᠬ᠎ᠠ ᠨᠦᠭᠦᠳ ᠲᠡᠭᠡᠨ ᠪᠠᠷᠢᠠᠠᠳᠠᠭᠠᠳ ᠴᠢᠩᠬᠢᠰ ᠤᠨ ᠦᠷᠭᠦᠭᠡᠨ᠎ᠠ ᠭᠦᠷᠭᠡᠭᠳᠡᠵᠤ ᠢᠷᠠᠪᠠ᠃ ᠪᠤᠭᠳᠡ ᠡᠵᠡᠨ ᠳᠡᠭᠡᠨ ᠬᠠᠯᠳᠠᠭᠰᠠᠨ ᠪᠤᠭᠤᠯ ᠢᠷᠭᠡᠳ ᠢ ᠴᠢᠩᠬᠢᠰ ᠬᠠᠭᠠᠨ ᠡᠪᠡᠰᠤ ᠨᠤᠭᠤᠭ᠎ᠠ ᠭᠦᠷᠡᠩᠳᠡᠳᠡᠯ᠎ᠠ ᠴᠠᠭᠠᠵᠠᠯᠠᠵᠤ᠂ ᠵᠠᠮᠤᠬ᠎ᠠ ᠶᠢ ᠰᠤᠯᠠᠯᠠᠭᠠᠳ ᠦᠭᠦᠯᠡᠪᠡ᠃        — ᠡᠪ ᠡᠩ ᠡᠪᠳᠡᠷᠡᠯᠴᠠᠵᠤ ᠤᠯᠠᠠᠳᠡ ᠪᠤᠳᠤᠯᠢᠭᠰᠠᠨ ᠴᠤ ᠠᠮᠢ ᠶᠢ ᠴᠢᠨᠢ ᠭᠡᠯᠳᠤᠷᠢᠭᠦᠯᠤᠶ᠎ᠠ᠂ ᠬᠠᠭᠠᠨ ᠠᠠᠳᠡ ᠮᠢᠨᠢ︕ ᠡᠭᠡᠨᠡᠭᠳᠡ ᠨᠦᠭᠦᠷᠯᠠᠯ ᠢᠶᠠᠨ ᠪᠠᠳᠤᠳᠬᠠᠵᠤ᠂ ᠡᠭᠦᠷᠢᠳᠡ ᠬᠠᠮᠳᠦ ᠲᠦᠰᠢᠯᠴᠡᠨ ᠰᠢᠳᠤᠯᠴᠠᠨ ᠶᠠᠪᠤᠳᠤᠭᠠᠢ ᠴᠢ︕ ᠭᠡᠮᠡᠨ ᠦᠷᠤᠰᠢᠶᠠᠯ ᠢ ᠦᠵᠡᠭᠦᠯᠪᠡ᠃ ᠭᠡᠪᠡᠴᠤ ᠨᠠᠰᠤ ᠰᠡᠭᠦᠳᠡᠷ ᠢᠳᠡ ᠲᠤᠮᠳᠠ ᠪᠠᠨ᠂ ᠲᠦᠷᠦᠭᠰᠡᠨ ᠪᠠᠶ᠎ᠠ ᠶᠢᠨ ᠭᠦᠴᠤ ᠴᠢᠳᠡᠯ ᠲᠡᠭᠦᠯᠳᠡᠷᠵᠢᠭᠰᠡᠨ ᠬᠠᠭᠠᠨ ᠵᠠᠮᠤᠬ᠎ᠠ ᠬᠠᠷᠢᠭᠤ ᠦᠴᠢᠭᠰᠡᠨ ᠨᠢ᠄        — ᠦᠠᠳᠤᠷ ᠶᠡᠭᠡ ᠬᠠᠭᠠᠨ ᠰᠠᠭᠤᠳᠡᠯ ᠳᠠᠭᠠᠨ ᠴᠢ ᠵᠠᠯᠠᠷᠠᠵᠤ᠂ ᠦᠷᠯᠦᠭ ᠶᠢᠰᠤᠨ ᠵᠠᠩᠵᠤᠨ ᠤ ᠴᠢᠨᠢ ᠲᠤᠭ᠎ᠠ ᠪᠦᠷᠢᠨ ᠪᠠᠶᠢᠬᠤ ᠳᠤ ᠪᠢ ᠢᠯᠡᠭᠦᠳᠡᠭᠦ ᠪᠢᠵᠠ ᠡ᠂ ᠠᠠᠳᠡ ᠮᠢᠨᠢ︕ ᠴᠢᠮ᠎ᠠ ᠳᠤ ᠵᠠᠢ ᠲᠠᠯᠪᠢᠵᠤ ᠦᠭᠭᠦᠶ᠎ᠠ︕        ᠦᠨᠳᠤᠰᠤ ᠮᠦᠴᠢᠷ ᠪᠦᠭᠡᠳᠡᠢ ᠬᠤᠷᠬᠤᠨᠠᠭ ᠤᠨ ᠰᠠᠭᠯᠠᠭᠠᠷ ᠮᠤᠳᠦ ᠰᠢᠬ ᠴᠡᠴᠡᠭᠯᠡᠨ ᠭᠠᠩᠬᠤᠵᠤ ᠶᠠᠪᠤᠭᠰᠠᠨ ᠶᠤᠮᠰᠡᠠ᠃ ᠤᠶᠢᠯᠠ ᠶᠢᠨ ᠬᠤᠩᠭᠤᠷ ᠰᠠᠯᠬᠢ ᠶᠢ ᠮᠢᠨᠢ ᠶᠠᠮᠠᠷ ᠲᠡᠭᠷᠢ ᠶᠢᠨ ᠵᠠᠭᠠᠷᠢᠨ ᠪᠦᠭᠡ ᠭᠦᠭᠡᠷᠭᠡᠳᠡᠭᠰᠡᠨ ᠢ ᠪᠤᠤ ᠮᠠᠳᠡ᠃ ᠠᠳᠬᠠᠭ ᠰᠠᠨᠠᠭᠠᠳᠦ ᠡᠮ᠎ᠠ ᠶᠢᠨ ᠦᠭᠡᠨ ᠳᠤ ᠤᠷᠤᠵᠤ᠂ ᠠᠠᠳᠠᠭᠠᠢ ᠲᠠᠩᠭᠠᠷᠢᠭ ᠢᠶᠠᠨ ᠨᠢᠴᠤᠭᠠᠭᠰᠠᠨ ᠴᠠᠭ ᠎ ᠠᠴᠠ ᠬᠤᠶᠢᠰᠢ ᠲᠠᠪᠢᠯᠠᠩ ᠵᠠᠶᠠᠭᠠᠨ ᠤ ᠬᠤᠪᠢ ᠲᠦᠭᠡᠷᠭᠡ ᠳᠤ ᠤᠯᠠᠮ ᠪᠦᠷ ᠰᠢᠬᠠᠭᠳᠠᠭᠰᠠᠭᠠᠷ ᠬᠠᠭᠠᠨ ᠠᠠᠳᠡ ᠴᠢᠨᠤ ᠡᠮᠤᠨ᠎ᠠ ᠭᠦᠷᠴᠤ ᠢᠷᠠᠯ᠎ᠠ᠃ ᠠᠠᠳᠡ ᠮᠢᠨᠢ ᠴᠢ ᠪᠤᠯᠭᠤᠭᠠᠭᠳᠤᠨ︕         ᠲᠡᠭᠷᠢ ᠳᠤ ᠬᠤᠤᠰ ᠨᠠᠷᠠᠨ ᠮᠠᠠᠳᠤᠪᠠᠯ ᠭᠠᠵᠠᠷ ᠲᠤ ᠭᠠᠩ ᠪᠤᠯᠵᠤ ᠭᠠᠯ ᠰᠢᠳᠡᠨ᠎ᠠ᠃ ᠮᠤᠩᠭᠤᠯ ᠳᠤ ᠬᠤᠶᠠᠷ ᠬᠠᠭᠠᠨ ᠪᠠᠶᠢᠪᠠᠯ ᠲᠠᠵᠢᠨ ᠰᠠᠮᠠᠭᠤᠨ ᠲᠠᠰᠤᠷᠠᠬᠤ ᠦᠭᠡᠢ᠃ ᠤᠯᠠᠨ ᠲᠠᠶᠢᠨ ᠳᠤ ᠤᠷᠦ᠋ᠢᠯᠠᠨ ᠴᠢᠳᠡᠯ ᠭᠦᠴᠤᠨ ᠳᠡᠭᠡᠨ ᠡᠷᠳᠤᠵᠤ ᠶᠠᠪᠤᠭᠰᠠᠨ ᠢᠶᠠᠨ ᠰᠠᠨᠠᠬᠤ ᠳᠤ ᠴᠢᠨᠤ ᠢᠯᠳᠦ ᠶᠢᠨ ᠲᠤᠤᠷ᠎ᠠ ᠶᠠᠪᠤᠵᠤ ᠪᠢ ᠭᠡᠵᠢᠶ᠎ᠠ ᠴᠤ ᠴᠢᠳᠠᠬᠤ ᠦᠭᠡᠢ᠃ ᠨᠢᠭᠡᠨᠳᠡ ᠲᠠᠶᠢᠯᠳᠠᠰᠢ ᠦᠭᠡᠢ ᠭᠦᠴᠤ ᠶᠢ ᠤᠯᠤᠭᠰᠠᠨ ᠠᠠᠳᠡ ᠴᠢ ᠮᠢᠨᠤ ᠵᠠᠷᠯᠢᠭ ᠤᠨ ᠲᠤᠤᠷ᠎ᠠ ᠶᠠᠪᠤᠬᠤ ᠶᠢ ᠪᠠᠰᠠ ᠲᠠᠪᠴᠢᠭᠦ ᠦᠭᠡᠢ᠃ ᠴᠢ ᠪᠤᠯ ᠲᠡᠭᠷᠢ ᠶᠢᠨ ᠤ ᠦᠭᠡ᠂ ᠰᠢᠳᠠᠷ ᠪᠠᠭᠠᠳᠤᠷ ᠤᠳ ᠲᠠᠭᠠᠨ ᠲᠡᠳᠭᠦᠭᠳᠡᠭᠰᠡᠨ ᠴᠢᠩᠬᠢᠰ ᠬᠠᠭᠠᠨ᠃ ᠪᠢ ᠴᠢᠮ᠎ᠠ ᠲᠠᠢ ᠵᠡᠷᠭᠡᠴᠡᠵᠤ ᠠᠷᠢᠬᠢᠳᠠᠭᠰᠠᠨ ᠬᠠᠮᠤᠭ ᠮᠤᠩᠭᠤᠯ ᠢ ᠵᠠᠬᠢᠷᠬᠤ ᠭᠦᠷ ᠬᠠᠭᠠᠨ ᠵᠠᠮᠤᠬ᠎ᠠ︕       ᠭᠤᠷᠪᠠᠨ ᠲᠦᠮᠠᠨ ᠴᠡᠷᠢᠭ ᠤᠨ ᠢᠯᠠᠯᠳᠡ ᠶᠢᠨ ᠤᠤᠬᠠᠢ ᠪᠠᠷ ᠲᠠᠯᠠᠨ ᠪᠡᠯᠵᠤᠳ ᠲᠤ ᠴᠢᠮᠠᠶᠢ ᠰᠢᠬᠠᠨ ᠰᠠᠠᠳᠤᠷᠭᠠᠵᠤ ᠶᠠᠪᠤᠭᠰᠠᠨ ᠲᠤᠮᠤᠭᠳᠦ ᠲᠡᠷᠡ ᠵᠠᠮᠤᠬ᠎ᠠ ᠦᠨᠤᠳᠤᠷ ᠬᠠᠭᠠᠨ ᠠᠠᠳᠡ ᠴᠢᠨᠤ ᠲᠦᠯᠤᠭᠡ ᠤᠷᠴᠢᠯᠠᠩ ᠠᠴᠠ ᠬᠠᠯᠢᠬᠤ ᠪᠠᠷ ᠰᠶᠢᠳᠤᠯ᠎ᠠ᠃                ᠲᠡᠭᠡᠷ᠎ᠠ ᠲᠡᠭᠷᠢ ᠳᠤ ᠨᠠᠷᠠ ᠨᠢᠭᠡᠨ ᠪᠠᠶᠢᠭ︕        ᠲᠠᠯᠢᠭᠦᠨ ᠪᠤᠯᠳᠤᠭ ᠢ ᠭᠡᠶᠢᠭᠦᠯᠭᠦ ᠰᠠᠷᠠ ᠪᠠᠰᠠ ᠨᠢᠭᠡᠨ ᠪᠠᠶᠢᠭ︕        ᠲᠡᠯᠡᠭᠡᠢ ᠭᠠᠵᠠᠷ ᠲᠤ ᠮᠠᠨᠢ ᠬᠠᠭᠠᠨ ᠪᠠᠰᠠ ᠨᠢᠭᠡᠨ ᠪᠠᠶᠢᠭ︕       ᠦᠰᠭᠦ ᠨᠠᠰᠤᠨ ᠳᠠᠭᠠᠨ ᠤᠨᠤᠨ ᠤ ᠮᠦᠰᠤᠨ ᠲᠡᠭᠡᠷ᠎ᠠ ᠰᠢᠭᠠᠯᠴᠠᠨ ᠨᠠᠭᠠᠳᠴᠤ᠂ ᠡᠳᠤᠭᠡ ᠢᠳᠠᠷ ᠴᠠᠭ ᠲᠠᠭᠠᠨ ᠪᠦᠭᠦ ᠮᠤᠩᠭᠤᠯ ᠤᠨ ᠬᠤᠪᠢ ᠵᠠᠶᠠᠭᠠᠨ ᠳᠤ ᠬᠤᠯᠪᠤᠭᠳᠠᠭᠰᠠᠨ ᠴᠢ ᠪᠢᠳᠡ ᠬᠤᠶᠠᠷ ᠨᠢᠭᠡ ᠨᠠᠷᠠᠨ ᠤ ᠲᠤᠤᠷ᠎ᠠ ᠪᠠᠭᠳᠠᠬᠤ ᠦᠭᠡᠢ ᠡ᠃ ᠤᠴᠢᠷ ᠡᠶᠢᠮᠤ ᠳᠤ᠂ ᠬᠤᠶᠠᠷ ᠶᠡᠭᠡ ᠬᠠᠭᠠᠨ᠂ ᠬᠤᠶᠠᠷ ᠶᠡᠭᠡ ᠪᠠᠭᠠᠳᠤᠷ᠂ ᠬᠤᠶᠠᠷ ᠮᠤᠩᠭᠤᠯ ᠭᠡᠷ᠎ᠠ ᠶᠢᠨ ᠶᠤᠰᠤᠭᠠᠷ ᠡᠨᠡ ᠭᠡᠷᠩ ᠢ ᠨᠢᠭᠡᠨ ᠲᠡᠰᠢ ᠪᠤᠯᠭᠠᠶ᠎ᠠ᠃ ᠬᠠᠭᠠᠨ ᠵᠠᠮᠤᠬ᠎ᠠ ᠶᠢᠨ ᠰᠤᠤ ᠠᠯᠳᠠᠷ ᠢ ᠲᠠᠶᠠᠭᠠᠷ ᠮᠤᠩᠭᠤᠯ ᠮᠠᠳᠡᠨ᠎ᠠ᠃ ᠡᠨᠡ ᠨᠠᠷ᠎ᠠ ᠰᠦᠷ ᠢᠶᠠᠷ ᠢᠶᠠᠨ ᠴᠢᠨᠤ ᠬᠠᠭᠠᠨ ᠠᠯᠳᠠᠷ ᠢ ᠦᠠᠳᠤᠷ ᠲᠤ ᠡᠷᠭᠦᠭᠡᠳ ᠦᠪᠠᠷ ᠢᠶᠠᠨ ᠪᠢ ᠠᠮᠢ ᠪᠠᠨ ᠲᠠᠪᠴᠢᠶ᠎ᠠ︕ ᠤᠯᠠᠨ ᠤ ᠰᠠᠨᠠᠭ᠎ᠠ ᠪᠤᠤ ᠬᠤᠶᠠᠷᠳᠠᠭ︕ ᠦᠯᠮᠠᠢ ᠡᠪᠤᠳᠦᠭ ᠲᠤᠤᠷ᠎ᠠ ᠴᠢᠨᠢ ᠦᠪᠠᠷ ᠢ ᠪᠠᠨ ᠪᠢ ᠢᠪᠡᠵᠤ ᠦᠭᠭᠦᠶ᠎ᠠ᠂ ᠬᠠᠭᠠᠨ ᠠᠠᠳᠡ ᠮᠢᠨᠢ︕ ᠴᠢᠨᠤ ᠨᠠᠷ᠎ᠠ ᠤᠯᠠᠮ ᠠᠤᠭ᠎ᠠ ᠪᠤᠯᠤᠭ︕ ᠭᠦᠷ ᠬᠠᠭᠠᠨ ᠵᠠᠮᠤᠬ᠎ᠠ ᠦᠪᠠᠷ ᠢᠶᠠᠨ ᠴᠢᠮ᠎ᠠ ᠳᠤ ᠰᠦᠭᠦᠳᠤᠯ᠎ᠠ ᠭᠡᠳ᠋ᠩ ᠢ ᠮᠡᠳᠡᠭᠡᠳ ᠬᠠᠮᠤᠭ ᠮᠤᠩᠭᠤᠯ᠂ ᠲᠦᠷᠪᠡᠨ ᠵᠦᠭ ᠤᠨ ᠨᠠᠢᠮᠠᠨ ᠵᠤᠪᠬᠢᠰ ᠲᠤ ᠴᠢᠨᠤ ᠠᠯᠳᠠᠷ ᠤᠷᠢᠳ ᠬᠤᠵᠢᠳ ᠦᠵᠡᠭᠳᠡᠭᠡ ᠦᠭᠡᠢ ᠪᠠᠷ ᠲᠠᠭᠤᠷᠢᠰᠬᠤ ᠪᠤᠯᠤᠨ᠎ᠠ᠃        ᠨᠢᠭᠡᠳᠦᠭᠰᠡᠨ ᠶᠡᠭᠡ ᠭᠦᠷᠤᠨ ᠢ ᠨᠢᠭᠡ ᠭᠠᠷ ᠲᠤ ᠬᠤᠷᠢᠶᠠᠨ ᠵᠠᠬᠢᠷᠤᠭᠤᠯᠬᠤ ᠶᠢᠨ ᠲᠤᠯᠠᠳᠡ ᠨᠢᠭᠡ ᠨᠢ ᠨᠦᠭᠴᠢᠵᠤ᠂ ᠨᠦᠭᠦᠭᠡ ᠨᠢ ᠬᠠᠭᠠᠴᠠᠶ᠎ᠠ︕ ᠶᠢᠰᠤᠨ ᠭᠦᠭᠦᠯᠳᠦ ᠴᠠᠭᠠᠨ ᠲᠤᠭ᠂ ᠲᠠᠶᠢᠨ ᠲᠤᠯᠤᠯᠳᠤᠭᠠᠨ ᠤ ᠬᠠᠷ᠎ᠠ ᠰᠦᠯᠳᠡ ᠳᠤ ᠴᠢᠨᠢ᠂ ᠬᠤᠶᠠᠭᠤᠯᠠ ᠳᠤᠨᠢ ᠰᠦᠭᠦᠳᠤᠨ ᠭᠤᠶᠤᠶ᠎ᠠ᠂ ᠬᠠᠭᠠᠨ ᠠᠠᠳᠡ ᠮᠢᠨᠢ︕ ᠴᠢ ᠨᠠᠮᠠᠶᠢ ᠦᠷᠤᠰᠢᠶᠠ︕ ᠦᠷᠤᠰᠢᠶᠠᠭᠦ ᠳᠡᠭᠡᠨ ᠴᠠᠭᠠᠵᠠᠯᠠᠵᠤ ᠦᠷᠤᠰᠢᠶᠠ︕ ᠪᠢ ᠴᠢᠮ᠎ᠠ ᠲᠠᠢ ᠨᠦᠭᠦᠷᠯᠠᠶ᠎ᠠ︕ ᠨᠦᠭᠦᠷᠯᠡᠭᠦ ᠳᠡᠭᠡᠨ ᠦᠭᠦᠵᠤ ᠨᠦᠭᠦᠷᠯᠠᠶ᠎ᠠ︕         ᠭᠦᠴᠤᠷᠭᠡᠭ ᠭᠦᠷᠤᠨ ᠦᠨᠢ ᠮᠦᠡᠭᠭᠡ ᠤᠷᠤᠰᠢᠬᠤ ᠶᠢ ᠪᠡᠯᠭᠡᠳᠡᠵᠤ ᠬᠠᠭᠠᠨ ᠪᠠᠶ᠎ᠠ ᠪᠠᠷ ᠢᠶᠠᠨ ᠲᠤᠭ ᠰᠦᠯᠳᠡ ᠶᠢ ᠴᠢᠨᠢ ᠲᠠᠬᠢᠶ᠎ᠠ︕ ᠡᠵᠡᠠᠳᠦ ᠤᠯᠤᠰ ᠤᠨ ᠲᠦᠯᠤᠭᠡ ᠮᠢᠨᠤ ᠡᠷᠭᠦᠭᠦ ᠦᠴᠤᠭᠡᠨ ᠡᠨᠡ ᠬᠤᠪᠢ ᠪᠠᠭᠠᠳᠠᠬᠤ ᠤᠴᠢᠷ ᠦᠭᠡᠢ ᠶᠢ ᠲᠡᠭᠷᠢ ᠮᠡᠳᠡᠨ᠎ᠠ᠃ ᠤᠳᠦ ᠴᠢᠮᠠᠶᠢ ᠲᠠᠶᠢᠯᠭᠦ ᠭᠦᠴᠤᠳᠡᠨ ᠭᠠᠵᠠᠷ ᠲᠡᠭᠡᠷ᠎ᠠ ᠦᠭᠡᠢ ᠡ︕ ᠴᠢᠨᠤ ᠪᠠᠭᠠᠳᠤᠷ ᠴᠡᠷᠢᠭ ᠤᠳ ᠤᠨ ᠡᠮᠤᠨ᠎ᠠ ᠶᠠᠭᠤ ᠴᠤ ᠲᠠᠰᠤᠨ ᠲᠠᠪᠴᠢᠵᠤ ᠴᠢᠳᠠᠬᠤ ᠦᠭᠡᠢ ᠡ᠃        ᠬᠠᠷᠢ ᠲᠠᠶᠢᠰᠤᠨ ᠬᠠᠤᠬᠠᠤᠯᠳᠤᠬᠤ ᠶᠢ ᠰᠠᠨᠠᠭᠠᠷᠬᠠᠪᠠᠯ᠂ ᠮᠤᠩᠭᠤᠯ ᠴᠡᠷᠢᠭ ᠤᠨ ᠲᠠᠬᠢᠷ ᠰᠠᠯᠠᠮ᠎ᠠ ᠪᠠᠷ ᠲᠡᠯᠡᠭᠡᠢ ᠲᠠᠶᠢᠳᠦ ᠶᠢ ᠨᠤᠮᠤᠯᠠᠨ ᠭᠡᠮᠵᠢᠭᠳᠦᠨ︕ ᠲᠤᠷᠤᠨ᠎ᠠ ᠵᠦᠭ ᠲᠤ ᠨᠠᠷᠠ ᠬᠠᠮᠢᠭ᠎ᠠ ᠠᠴᠠ ᠮᠠᠠᠳᠤᠳᠠᠭ ᠢ ᠤᠴᠢᠵᠤ ᠦᠵᠡᠭᠳᠦᠨ︕ ᠦᠷᠤᠨ᠎ᠠ ᠵᠦᠭ ᠲᠤ ᠨᠠᠷᠠ ᠬᠠᠮᠢᠭ᠎ᠠ ᠰᠢᠩᠭᠡᠳ᠋ᠩ ᠢ ᠭᠦᠷᠴᠤ ᠮᠡᠳᠡᠭᠳᠦᠨ︕        ᠪᠠᠰᠠ᠂ ᠶᠡᠭᠡ ᠲᠦᠷᠤ ᠡᠵᠡᠠᠳᠦ ᠭᠦᠷᠤᠨ ᠤ ᠭᠡᠷᠩ ᠢ ᠡᠮᠡᠰ ᠤᠨ ᠢᠶᠠᠨ ᠦᠭᠡᠨ ᠳᠤ ᠬᠤᠤᠬᠠᠤᠯᠳᠤᠨ ᠵᠦᠪᠰᠢᠭᠴᠢ ᠨᠠᠳᠡ ᠪᠠᠷ ᠲᠡᠭᠦᠰᠭᠡᠯ ᠪᠤᠯᠤᠭ︕ ᠡᠨᠡ ᠮᠦᠨ ᠠᠴᠠ ᠬᠤᠶᠢᠰᠢ ᠬᠠᠭᠠᠨ ᠵᠠᠮᠤᠬ᠎ᠠ ᠶᠢᠨ ᠠᠯᠳᠠᠷ᠂ ᠤᠷᠪᠠᠨ ᠲᠡᠷᠰᠯᠡᠭᠴᠢ ᠭᠡᠨ ᠢ ᠴᠤ ᠪᠤᠯᠪᠠ ᠲᠦᠷᠤ ᠶᠢᠨ ᠴᠡᠭᠡᠷᠯᠠᠯ ᠴᠠᠭᠠᠵᠠ ᠦᠯᠤ ᠲᠤᠭᠤᠷᠢᠬᠤ ᠪᠠᠷ ᠬᠠᠤᠯᠢ ᠪᠤᠯᠤᠭ︕ ᠦᠴᠢᠭᠦ ᠦᠴᠢᠯ ᠮᠢᠨᠢ ᠭᠦᠢᠴᠡᠯ᠎ᠠ᠃ ᠬᠠᠭᠠᠨ ᠠᠠᠳᠡ ᠮᠢᠨᠢ᠂ ᠦᠰᠢᠶ᠎ᠠ ᠬᠤᠷᠤᠰᠤᠯ ᠪᠤᠴᠠᠯᠤᠭᠰᠠᠨ ᠬᠠᠮᠤᠭ ᠤᠨ ᠪᠡᠷᠭᠡ ᠴᠠᠭ ᠲᠤ ᠦᠭᠡᠯᠤᠨ ᠡᠭᠡ ᠶᠢᠨ ᠰᠦ ᠴᠢᠰᠤ ᠦᠭᠡᠢ ᠪᠠᠶᠢᠭᠰᠠᠨ ᠢ ᠰᠠᠨᠠᠵᠤ ᠴᠢᠰᠤ ᠭᠠᠷᠭᠠᠯ ᠦᠭᠡᠢ ᠪᠠᠷ ᠨᠠᠮᠠᠶᠢ ᠠᠯᠠᠭᠤᠯᠤᠭᠳᠤᠨ︕ ᠦᠳᠳᠠᠷ ᠲᠦᠷᠭᠡᠨ ᠲᠤᠨᠢᠯᠭᠠᠭᠳᠤᠨ︕ ᠲᠡᠤᠭᠡ ᠶᠢᠨ ᠭᠦᠷᠳᠦ ᠰᠠᠭᠠᠳ ᠲᠤᠳᠬᠠᠷ ᠦᠭᠡᠢ ᠤᠷᠴᠢᠭ︕ ᠭᠡᠪᠡᠢ᠃        ᠴᠢᠩᠬᠢᠰ ᠬᠠᠭᠠᠨ ᠭᠡᠰᠩ ᠪᠤᠳᠤᠯᠭᠠᠰᠢᠷᠠᠭᠰᠠᠨ ᠢᠶᠠᠨ ᠲᠠᠷᠢᠭᠦᠨ ᠢᠶᠠᠨ ᠡᠷᠭᠦᠵᠤ ᠰᠢᠳᠠᠷ ᠭᠦᠮᠤᠰ ᠢᠶᠠᠨ ᠲᠠᠭᠤᠳᠡᠨ ᠵᠠᠷᠯᠢᠭ ᠪᠤᠯᠭᠠᠪᠠ᠃        — ᠬᠠᠭᠠᠨ ᠴᠢᠩᠬᠢᠰ ᠤᠨ ᠵᠠᠷᠯᠢᠭ ᠪᠢᠰᠢ ᠭᠡᠳ᠋ᠩ ᠢ ᠮᠦᠡᠭᠭᠡ ᠲᠡᠭᠷᠢ ᠰᠤᠶᠤᠷᠬᠠᠳᠤᠭᠠᠢ︕ ᠪᠠᠭᠠᠳᠤᠷ ᠵᠠᠮᠤᠬ᠎ᠠ ᠶᠢᠨ ᠰᠡᠭᠦᠯᠴᠢ ᠶᠢᠨ ᠦᠴᠢᠯ ᠭᠡᠷᠢᠶᠠᠰᠤ ᠶᠢ ᠪᠠᠶᠠᠯᠠᠭᠦᠯᠵᠤ ᠴᠢᠰᠤ ᠭᠠᠷᠭᠠᠯ ᠦᠭᠡᠢ ᠦᠭᠦᠭᠦᠯᠦᠭᠳᠤᠨ︕ ᠠᠠᠳᠡ ᠳᠠᠭᠠᠨ ᠪᠡᠯᠡᠭᠯᠡᠭᠰᠡᠨ ᠠᠯᠳᠡᠨ ᠪᠦᠰᠠ ᠶᠢ ᠮᠢᠨᠢ ᠪᠦᠰᠡᠯᠠᠭᠦᠯᠵᠤ ᠠᠷᠭᠤᠮᠠᠭ ᠰᠠᠶᠢᠬᠠᠨ ᠭᠦᠯᠦᠭ ᠢᠶᠠᠷ ᠬᠠᠭᠠᠨ ᠵᠠᠮᠤᠬ᠎ᠠ ᠶᠢ ᠲᠠᠬᠢᠵᠤ᠂ ᠠᠭᠰᠠᠬᠤ ᠵᠠᠪᠰᠩ ᠬᠤᠶᠠᠭ ᠲᠤᠭᠤᠯᠠᠭ᠎ᠠ ᠶᠢ ᠨᠢ ᠠᠰᠠᠭᠠᠨ ᠭᠦᠯᠦᠭ ᠪᠠᠭᠠᠳᠤᠷ ᠤᠨ ᠶᠤᠰᠤ ᠪᠠᠷ ᠤᠷᠤᠰᠢᠭᠤᠯᠤᠭᠳᠤᠨ︕ ᠡᠷ᠎ᠠ ᠭᠦᠮᠤᠨ ᠨᠦᠭᠦᠷᠯᠠᠭᠦ ᠳᠤ ᠬᠠᠳᠡ ᠴᠢᠯᠠᠭᠤ ᠬᠠᠶᠢᠯᠵᠤ ᠤᠷᠤᠰᠴᠤ ᠴᠤ ᠪᠤᠯᠳᠠᠭ ᠢ ᠡᠷ᠎ᠠ ᠭᠦᠮᠤᠨ ᠡᠪᠳᠡᠷᠡᠭᠦ ᠳᠤ ᠬᠠᠨ ᠲᠡᠭᠷᠢ ᠬᠠᠭᠠᠷᠠᠵᠤ ᠴᠤᠭᠤᠷᠠᠵᠤ ᠴᠤ ᠪᠤᠯᠳᠠᠭ ᠢ ᠲᠦᠮᠠᠨ ᠦᠶ᠎ᠠ ᠰᠠᠨᠠᠳᠤᠭᠠᠢ︕ ᠡᠶᠢᠨ ᠭᠦ ᠠᠶᠢᠯᠠᠳᠤᠨ ᠡᠷᠬᠢᠭᠦ ᠳᠤ ᠴᠢᠩᠬᠢᠰ ᠬᠠᠭᠠᠨ ᠤ ᠤᠪᠤ ᠲᠤᠪᠤᠬᠠᠨ ᠪᠤᠭᠤᠷᠤᠯ ᠰᠠᠭᠤᠭᠰᠠᠨ᠂ ᠠᠷᠠᠮᠠᠭ ᠲᠠᠷᠠᠮᠠᠭ ᠰᠠᠬᠠᠯ ᠲᠡᠭᠡᠷ᠎ᠠ ᠨᠢᠯᠪᠤᠰᠤᠨ ᠲᠤᠰᠤᠯ ᠬᠢᠯᠳᠠᠭᠠᠨᠠᠪᠠ᠃        ᠬᠠᠭᠠᠳ ᠤᠨ ᠵᠠᠷᠯᠢᠭ ᠶᠤᠰᠤ ᠪᠠᠷ ᠪᠤᠯᠵᠤ ᠮᠦᠡᠭᠭᠡ ᠲᠡᠭᠷᠢ ᠶᠢᠨ ᠲᠠᠭᠠᠯᠠᠯ ᠳᠤ ᠨᠠᠶᠢᠴᠡᠪᠡ᠃        ᠨᠠᠢᠮᠠᠨ ᠵᠠᠭᠤᠨ ᠤ ᠲᠡᠷᠳᠡᠭᠡᠬᠢ ᠵᠠᠮᠤᠬ᠎ᠠ ᠶᠢᠨ ᠱᠠᠷᠢᠯ ᠲᠡᠭᠡᠭᠦᠷ ᠡᠭᠡ ᠨᠤᠳᠤᠭ ᠤᠨ ᠨᠤᠶᠠᠨ ᠰᠠᠯᠬᠢ ᠭᠤᠨᠢᠭᠳᠠᠶᠢᠬᠠᠨ ᠭᠡᠰᠤᠭᠦᠴᠢᠯᠠᠵᠤ ᠨᠦᠬᠦᠷ ᠤᠨ ᠲᠤᠬᠠᠢ ᠦᠭᠡᠰ ᠢ ᠬᠢᠯᠭᠠᠨ᠎ᠠ ᠶᠢᠨ ᠪᠤᠳᠡᠨ ᠳᠤ ᠰᠢᠪᠠᠨᠠᠨ ᠡᠷᠡᠨ ᠵᠠᠭᠤᠨ ᠳᠤ ᠢᠯᠡᠭᠡᠨ᠎ᠠ᠃
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号