ᠨᠢᠭᠡ᠂ ᠲᠣᠬᠠᠢ ᠶᠢᠨ ᠬᠦᠮᠦᠨ ᠵᠠᠷᠭᠤ ᠶᠢᠨ ᠰᠦᠢᠳᠭᠡᠯ ᠢᠶᠠᠨ ᠲᠣᠰᠢᠶᠠᠬᠤ ᠳᠤ ᠦᠨᠡᠬᠡᠷ ᠬᠦᠴᠢᠷᠳᠡᠯᠲᠡᠢ | ᠪᠠᠶᠢᠳᠠᠯ ᠳᠤ᠂ ᠠᠯᠭᠤᠷᠯᠠᠨ ᠲᠣᠰᠢᠶᠠᠬᠤ᠂ ᠬᠠᠰᠣᠨ ᠲᠣᠰᠢᠶᠠᠬᠤ᠂ ᠬᠡᠯᠳᠦᠷᠢᠬᠦᠯᠦᠨ ᠲᠣᠰᠢᠶᠠᠬᠤ ᠪᠠᠷ ᠭᠤᠶᠣᠴᠢᠯᠠᠵᠤ | ᠪᠣᠯᠤᠨ᠎ᠠ᠂ ᠵᠠᠷᠭᠤ ᠶᠢᠨ ᠰᠦᠢᠳᠭᠡᠯ ᠢ ᠬᠡᠯᠳᠦᠷᠢᠬᠦᠯᠦᠨ ᠲᠣᠰᠢᠶᠠᠬᠤ ᠨᠢ ᠵᠦᠪᠬᠡᠨ ᠪᠠᠶᠢᠭᠠᠯᠢᠭ ᠬᠦᠮᠦᠨ ᠳᠤ ᠲᠣᠬᠢᠷᠠᠨ | ᠬᠡᠷᠡᠭᠯᠡᠭᠳᠡᠨ᠎ᠡ ᠃ | ᠬᠤᠶᠠᠷ᠂ ᠲᠣᠣᠷᠠᠬᠢ ᠲᠣᠷ᠎ᠠ ᠶᠢᠨ ᠨᠢᠭᠡᠨ ᠪᠠᠶᠢᠳᠠᠯ ᠳᠤ ᠨᠡᠶᠢᠴᠡᠪᠡᠯ᠂ ᠵᠠᠷᠭᠤ ᠶᠢᠨ ᠰᠦᠢᠳᠭᠡᠯ ᠢ | ᠬᠡᠯᠳᠦᠷᠢᠬᠦᠯᠦᠨ ᠲᠣᠰᠢᠶᠠᠬᠤ ᠶᠢ ᠵᠦᠪᠰᠢᠶᠡᠷᠡᠬᠦ ᠶᠣᠰᠣᠲᠠᠢ᠄ | ︵1︶ ᠲᠣᠭᠳᠠᠭᠰᠠᠨ ᠣᠷᠣᠯᠭ᠎ᠠ ᠶᠢᠨ ᠢᠷᠡᠯᠳᠡ ᠦᠭᠡᠢ ᠵᠡᠮᠳᠡᠭ ᠬᠦᠮᠦᠨ︔ | ︵2︶ ᠠᠰᠠᠷᠠᠨ ᠲᠡᠵᠢᠭᠡᠬᠦ ᠵᠠᠷᠣᠳᠠᠯ᠂ ᠦᠰᠬᠡᠨ ᠲᠡᠵᠢᠭᠡᠬᠦ ᠵᠠᠷᠣᠳᠠᠯ᠂ ᠠᠰᠠᠷᠠᠨ ᠬᠦᠮᠦᠵᠢᠭᠦᠯᠬᠦ ᠵᠠᠷᠤᠳᠠᠯ | ᠂ ᠲᠡᠳᠭᠦᠮᠵᠢ ᠶᠢᠨ ᠮᠦᠡᠭᠬᠦ ᠶᠢ ᠨᠡᠬᠡᠮᠵᠢᠯᠡᠬᠦ︔ | ︵3︶ ᠬᠠᠮᠤᠭ ᠲᠣᠣᠷ᠎ᠠ ᠠᠮᠢᠳᠦᠷᠠᠯ ᠤᠨ ᠪᠠᠳᠣᠯᠠᠪᠦᠷᠢ ᠲᠠᠢ ᠡᠳᠡᠭᠡᠳ᠂ ᠬᠦᠳᠡᠭᠡ ᠲᠣᠰᠬᠤᠨ ᠤ | ᠠᠮᠢᠳᠦᠷᠠᠯ ᠬᠦᠴᠢᠷᠳᠡᠯᠲᠠᠢ ᠲᠣᠭᠳᠠᠭᠰᠠᠨ ᠴᠠᠭ ᠬᠤᠭᠤᠴᠠᠭᠠᠨ ᠤ ᠲᠡᠮᠵᠢᠯᠭᠡ ᠬᠦᠷᠳᠡᠵᠤ ᠪᠠᠶᠢᠭ᠎ᠠ ᠡᠳᠡᠭᠡᠳ᠂ | ᠬᠦᠳᠡᠭᠡ ᠲᠣᠰᠬᠤᠨ ᠤ ᠲᠠᠪᠣᠨ ᠲᠠᠭᠠᠳᠬᠠᠯ ᠤᠨ ᠬᠠᠨᠭ᠍ᠭᠠᠯᠳᠠ ᠶᠢᠨ ᠡᠳᠡᠭᠡᠳ ᠪᠣᠶᠣ ᠠᠵᠢᠯ ᠠᠯᠳᠠᠭᠰᠠᠨ ᠲᠠᠭᠠᠳᠬᠠᠯ | ᠤᠨ ᠮᠦᠡᠭᠬᠦ ᠶᠢ ᠠᠪᠴᠤ ᠪᠠᠶᠢᠭ᠎ᠠ ᠬᠦᠮᠦᠰ᠂ ᠪᠣᠰᠣᠳ ᠣᠷᠣᠯᠭ᠎ᠠ ᠦᠭᠡᠢ ᠪᠠᠶᠢᠬᠤ︔ | ︵4︶ ᠦᠨᠡᠨ ᠶᠣᠰᠣᠨ ᠤ ᠲᠦᠯᠦᠭᠡ ᠡᠷᠡᠯᠭᠡᠭ ᠢᠶᠠᠷ ᠲᠡᠮᠡᠴᠡᠬᠦ ᠪᠣᠶᠣ ᠨᠡᠶᠢᠭᠡᠮ ᠪᠠ ᠬᠠᠮᠳᠦ ᠶᠢᠨ ᠠᠰᠢᠭ | ᠲᠣᠰᠠ ᠶᠢ ᠬᠠᠮᠠᠭᠠᠯᠠᠬᠤ ᠶᠢᠨ ᠲᠦᠯᠦᠭᠡ᠂ ᠦᠪᠡᠷ ᠤᠨ ᠬᠠᠣᠯᠢ ᠶᠣᠰᠣᠨ ᠤ ᠡᠷᠭᠡ ᠠᠰᠢᠭ ᠨᠢ ᠬᠤᠬᠢᠷᠠᠯ ᠳᠤ | ᠣᠴᠠᠷᠠᠵᠦ᠂ ᠲᠣᠰ ᠬᠦᠮᠦᠨ ᠪᠣᠶᠣ ᠦᠢᠷ᠎ᠠ ᠲᠦᠷᠦᠯ ᠰᠠᠳᠣᠨ ᠨᠢ ᠲᠦᠯᠦᠪᠦᠷᠢ ᠪᠣᠶᠣ ᠨᠦᠬᠦᠪᠦᠷᠢ ᠠᠪᠬᠤ ᠪᠠᠷ | ᠭᠤᠶᠣᠴᠢᠯᠠᠬᠤ︔ | ︵5︶ ᠦᠨᠡᠬᠡᠷ ᠬᠡᠯᠳᠦᠷᠢᠬᠦᠯᠦᠨ ᠲᠣᠰᠢᠶᠠᠬᠤ ᠴᠢᠬᠤᠯᠠᠲᠠᠢ ᠪᠣᠰᠣᠳ ᠪᠠᠶᠢᠳᠠᠯ︔ | ᠭᠤᠷᠪᠠ᠂ ᠲᠣᠬᠠᠢ ᠶᠢᠨ ᠬᠦᠮᠦᠨ ᠤ ᠬᠠᠣᠯᠢ ᠴᠠᠭᠠᠵᠠ ᠶᠢᠨ ᠲᠡᠮᠵᠢᠯᠭᠡ ᠶᠢᠨ ᠭᠤᠶᠣᠴᠢᠯᠠᠯ ᠨᠢ | ᠲᠣᠣᠷᠠᠬᠢ ᠲᠣᠷ᠎ᠠ ᠶᠢᠨ ᠨᠢᠭᠡᠨ ᠪᠠᠶᠢᠳᠠᠯ ᠳᠤ ᠨᠡᠶᠢᠴᠡᠪᠡᠯ᠂ ᠵᠠᠷᠭᠤ ᠶᠢᠨ ᠰᠦᠢᠳᠭᠡᠯ ᠢ ᠬᠠᠰᠣᠵᠤ ᠲᠣᠰᠢᠶᠠᠬᠤ ᠶᠢ | ᠵᠦᠪᠰᠢᠶᠡᠷᠡᠬᠦ ᠶᠣᠰᠣᠲᠠᠢ᠄ | ︵1︶ ᠪᠠᠶᠢᠭᠠᠯᠢ ᠶᠢᠨ ᠭᠠᠮᠰᠢᠭ ᠵᠡᠷᠬᠡ ᠡᠰᠡᠷᠭᠦᠴᠡᠭᠳᠡᠰᠢ ᠦᠭᠡᠢ ᠬᠦᠴᠦᠨ ᠠᠴᠠ ᠪᠣᠯᠵᠤ ᠠᠮᠢᠳᠣᠷᠠᠯ | ᠬᠦᠴᠢᠷᠲᠡᠢ᠂ ᠶᠠᠭ ᠨᠡᠶᠢᠭᠡᠮ ᠤᠨ ᠲᠡᠮᠵᠢᠯᠭᠡ ᠶᠢ ᠬᠦᠷᠳᠡᠵᠤ ᠪᠠᠶᠢᠭ᠎ᠠ ᠪᠣᠶᠣ ᠠᠮᠢᠳᠣᠷᠠᠯ ᠢᠶᠠᠨ ᠠᠷᠭᠠᠴᠠᠵᠤ ᠲᠡᠶᠢᠯᠬᠦ | ᠦᠭᠡᠢ ᠪᠣᠯᠤᠭᠰᠠᠨ︔ | ︵2︶ ᠣᠯᠣᠰ ᠠᠴᠠ ᠲᠣᠭᠳᠠᠭᠠᠭᠰᠠᠨ ᠬᠠᠷᠠᠭᠠᠯᠵᠠᠨ ᠲᠡᠳᠬᠦᠬᠦ᠂ ᠲᠦᠪᠬᠢᠨᠡᠬᠦᠯᠬᠦ ᠡᠳᠡᠭᠡᠳ ᠲᠤ | ᠬᠠᠷᠢᠶᠠᠯᠠᠭᠳᠠᠬᠤ︔ | ︵3︶ ᠨᠡᠶᠢᠭᠡᠮ ᠤᠨ ᠠᠰᠠᠷᠠᠮᠵᠢ ᠶᠢᠨ ᠪᠠᠶᠢᠭᠤᠯᠣᠮᠵᠢ ᠪᠠ ᠠᠰᠠᠷᠠᠨ ᠠᠪᠣᠷᠠᠬᠤ ᠬᠠᠮᠢᠶᠠᠷᠣᠯᠳᠠ ᠶᠢᠨ | ᠦᠷᠳᠡᠭᠡ︔ | ︵4︶ ᠦᠨᠡᠭᠡᠷ ᠬᠠᠰᠣᠵᠣ ᠲᠣᠰᠢᠶᠠᠬᠤ ᠴᠢᠬᠤᠯᠠᠲᠠᠢ ᠪᠣᠰᠣᠳ ᠪᠠᠶᠢᠳᠠᠯ᠃ ᠵᠠᠷᠭᠤ ᠶᠢᠨ ᠰᠦᠢᠳᠭᠡᠯ ᠢ | ᠬᠠᠰᠣᠵᠣ ᠲᠣᠰᠢᠶᠠᠬᠤ ᠶᠢ ᠵᠦᠪᠰᠢᠶᠠᠷᠡᠭᠰᠡᠨ ᠪᠠᠶᠢᠳᠠᠯ ᠳᠤ᠂ ᠬᠠᠰᠣᠵᠤ ᠲᠣᠰᠢᠶᠠᠬᠤ ᠬᠠᠷᠢᠴᠠᠯ ᠨᠢ 30 % ᠠᠴᠠ | ᠲᠣᠷᠣᠭᠰᠢ ᠪᠠᠶᠢᠵᠤ ᠪᠣᠯᠬᠤ ᠦᠭᠡᠢ᠃ | ᠲᠦᠷᠪᠡ᠂ ᠲᠣᠣᠷᠠᠬᠢ ᠲᠣᠷ᠎ᠠ ᠶᠢᠨ ᠨᠢᠭᠡᠨ ᠪᠠᠶᠢᠳᠠᠯ ᠳᠤ ᠨᠡᠶᠢᠴᠡᠪᠡᠯ᠂ ᠵᠠᠷᠭᠤ ᠶᠢᠨ ᠰᠦᠢᠳᠭᠡᠯ ᠢ | ᠠᠯᠭᠤᠷᠯᠠᠨ ᠲᠣᠰᠢᠶᠠᠬᠤ ᠶᠢ ᠵᠦᠪᠰᠢᠶᠡᠷᠡᠬᠦ ᠶᠣᠰᠣᠲᠠᠢ᠄ | ︵1︶ ᠨᠡᠶᠢᠭᠡᠮ ᠤᠨ ᠲᠠᠭᠠᠳᠬᠠᠯ ᠤᠨ ᠮᠦᠡᠭᠬᠦ᠂ ᠠᠵᠤ ᠠᠬᠤᠢ ᠶᠢᠨ ᠨᠦᠬᠦᠪᠦᠷᠢ ᠶᠢ ᠨᠡᠬᠡᠮᠵᠢᠯᠡᠬᠦ︔ | ︵2︶ ᠵᠠᠮ ᠬᠠᠷᠢᠯᠴᠠᠭᠠᠨ ᠤ ᠠᠳᠡᠯ᠂ ᠡᠮᠨᠡᠯᠭᠡ ᠶᠢᠨ ᠠᠳᠡᠯ᠂ ᠠᠵᠢᠯ ᠤᠨ ᠭᠡᠮᠳᠦᠯ ᠤᠨ ᠠᠳᠡᠯ᠂ | ᠦᠢᠯᠡᠳᠬᠦᠨ ᠤ ᠶᠠᠰᠦ ᠴᠢᠨᠠᠷ ᠤᠨ ᠠᠳᠡᠯ ᠪᠣᠶᠣ ᠬᠦᠮᠦᠨ ᠤ ᠪᠡᠶ᠎ᠡ ᠶᠢ ᠬᠤᠬᠢᠷᠠᠭᠤᠯᠣᠭᠰᠠᠨ ᠪᠣᠰᠣᠳ ᠠᠳᠡᠯ ᠤᠨ | ᠬᠤᠬᠢᠷᠠᠯ ᠠᠮᠰᠠᠭᠴᠢ ᠨᠦᠬᠦᠪᠦᠷᠢ ᠠᠪᠬᠤ ᠪᠠᠷ ᠭᠤᠶᠣᠴᠢᠯᠠᠭᠰᠠᠨ︔ | ︵3︶ ᠬᠤᠯᠪᠤᠭᠳᠠᠯ ᠪᠦᠬᠦᠢ ᠰᠠᠯᠠᠭ᠎ᠠ ᠮᠥᠴᠢᠷ ᠤᠨ ᠬᠠᠣᠯᠢ ᠴᠠᠭᠠᠵᠠ ᠶᠢᠨ ᠬᠠᠪᠰᠣᠷᠣᠯᠭ᠎ᠠ ᠶᠢ | ᠬᠦᠷᠳᠡᠵᠤ ᠪᠠᠶᠢᠭ᠎ᠠ ︔ | ︵4︶ ᠦᠨᠡᠬᠡᠷ ᠠᠯᠭᠤᠷᠯᠠᠨ ᠲᠣᠰᠢᠶᠠᠬᠤ ᠴᠢᠬᠤᠯᠠᠲᠠᠢ ᠪᠣᠰᠣᠳ ᠪᠠᠶᠢᠳᠠᠯ︔ | ᠲᠠᠪᠤ᠂ ᠲᠤᠬᠠᠢ ᠶᠢᠨ ᠬᠦᠮᠦᠨ ᠬᠠᠣᠯᠢ ᠴᠠᠭᠠᠵᠠ ᠶᠢᠨ ᠲᠡᠮᠵᠢᠯᠭᠡ ᠶᠢ ᠭᠤᠶᠣᠴᠢᠯᠠᠬᠤ ᠳᠤ ᠵᠠᠷᠭᠤ | ᠵᠠᠭᠠᠯᠳᠣᠬᠤ ᠦᠶᠡᠰ᠂ ᠪᠢᠴᠢᠭ ᠤᠨ ᠭᠤᠶᠣᠴᠢᠯᠠᠯ᠂ ᠠᠵᠤ ᠠᠮᠢᠳᠣᠷᠠᠯ ᠬᠦᠴᠢᠷᠳᠡᠯᠲᠡᠢ ᠪᠠᠶᠢᠬᠤ ᠶᠢ ᠭᠡᠷᠡᠴᠢᠯᠡᠬᠦ | ᠭᠡᠷᠡᠴᠢ ᠪᠠᠷᠢᠮᠳᠠ ᠪᠠ ᠪᠣᠰᠣᠳ ᠬᠠᠮᠢᠶ᠎ᠠ ᠪᠦᠬᠦᠢ ᠭᠡᠷᠡᠴᠢᠯᠡᠯ ᠤᠨ ᠮᠠᠲ᠋ᠧᠷᠢᠶᠠᠯ ᠢ ᠬᠠᠩᠭᠠᠨ ᠲᠣᠰᠢᠶᠠᠬᠤ ᠬᠡᠷᠡᠭᠲᠡᠢ᠃ |