ᠥᠡᠭᠳᠤᠭᠤᠤᠯ᠄ ᠬᠥᠳᠡᠭᠡ ᠲᠤᠰᠬᠤᠨ ᠤ ᠰᠤᠶᠤᠯ ᠢ ᠬᠥᠭᠵᠢᠬᠦᠯᠵᠤ ᠬᠠᠷᠢᠶᠠᠳᠤ ᠶᠢᠨ ᠥᠯᠤᠭᠡᠢ ᠶᠢᠨ ᠠᠯᠳᠠᠷ ᠢ ᠮᠠᠨᠳᠤᠭᠤᠯᠤᠨ᠎ᠠ
ᠨᠡᠶᠢᠲᠡᠯᠡᠭᠰᠡᠨ ᠴᠠᠭ᠄
2018-07-04
        ︽ᠮᠠᠨ ᠤ ᠰᠤᠮᠦ ᠪᠦᠬᠦ ᠤᠷᠤᠨ ᠤ ᠰᠢᠯᠢᠳᠡᠭ ᠰᠤᠶᠥᠯ ᠤᠨ ᠠᠵᠢᠯᠯᠠᠭᠠᠨ ᠤ ᠨᠢᠭᠡᠴᠡ᠂ ᠪᠦᠬᠦ ᠠᠶᠢᠮᠠᠭ ᠤᠨ ᠤᠷᠳᠦ ᠶᠢᠨ ᠲᠠᠭᠤᠤ ᠶᠢᠨ ᠤᠷᠤᠯᠳᠦᠭᠠᠨ ᠤ ᠬᠤᠶᠠᠳᠦᠭᠠᠷ ᠨᠡᠷᠡᠰ ᠵᠡᠷᠭᠡ ᠱᠠᠩᠨᠠᠯ ᠬᠦᠬᠢᠭᠦᠯᠦᠯ ᠢ ᠬᠦᠷᠳᠡᠭᠰᠡᠡ ᠪᠡ ᠮᠠᠯᠴᠢᠨ ᠲᠠᠷᠢᠶᠠᠴᠢᠳ ᠢ ᠵᠤᠬᠢᠶᠡᠨ ᠪᠠᠶᠢᠭᠤᠯᠵᠦ ᠪᠦᠬᠦ ᠤᠷᠤᠨ ᠤ ᠰᠦᠯᠵᠢᠶᠡᠨ ᠤ ᠴᠠᠭᠠᠨ ᠰᠠᠷ᠎ᠠ ᠶᠢᠨ ᠦᠳᠡᠰᠢᠯᠡᠭᠡ ᠵᠡᠷᠭᠡ ᠰᠤᠶᠥᠯ ᠤᠨ ᠠᠵᠢᠯᠯᠠᠭ᠎ᠠ ᠳᠤ ᠢᠳᠡᠪᠬᠢᠳᠠᠢ ᠤᠷᠤᠯᠴᠠᠭᠰᠠᠭᠠᠷ ᠢᠷᠡᠭᠰᠡᠡ ᠶᠤᠮ᠂ ᠡᠨᠡ ᠤᠳᠠᠭ᠎ᠠ ᠰᠤᠮᠦᠨ ᠤ ᠰᠤᠶᠤᠯ ᠤᠨ ᠬᠦᠳᠡᠯᠭᠡᠭᠡᠨ ᠤ ᠦᠷᠦᠭᠡ ᠶᠢ ᠲᠡᠭᠦᠯᠳᠡᠷᠵᠢᠭᠦᠯᠦᠨ ᠰᠢᠨᠡᠳᠭᠡᠵᠦ ᠪᠠᠶᠢᠭ᠎ᠠ ᠨᠢ ᠰᠤᠶᠥᠯ ᠤᠨ ᠦᠢᠯᠡᠰ ᠢᠶᠠᠨ ᠨᠡᠩ ᠰᠠᠶᠢᠳᠦᠷ ᠡᠷᠬᠢᠯᠡᠵᠦ᠂ ᠰᠤᠶᠤᠯ ᠤᠨ ᠦᠪ ᠢᠶᠠᠨ ᠵᠠᠯᠭᠠᠮᠵᠢᠯᠠᠬᠤ ᠶᠢᠨ ᠲᠦᠯᠦᠬᠡ︾ ᠭᠡᠵᠦ ᠤᠢᠩᠳᠦᠭᠤᠤᠯ ᠰᠤᠮᠦᠨ ᠤ ᠰᠤᠶᠥᠯ ᠤᠨ ᠦᠷᠳᠡᠭᠡᠨ ᠤ ᠲᠠᠷᠤᠭ᠎ᠠ ᠴᠤᠯᠮᠤᠨ ᠰᠤᠷᠪᠦᠯᠵᠢᠯᠠᠭᠴᠢ ᠳᠤ ᠲᠠᠨᠢᠯᠴᠠᠭᠤᠯᠵᠦ ᠪᠠᠶᠢᠯ᠎ᠠ᠃         ᠦᠨᠦ ᠵᠢᠯ ᠠᠴᠠ ᠨᠠᠰᠢ᠂ ᠡᠵᠡᠨ᠎ᠠ ᠬᠤᠰᠢᠭᠤ ᠬᠦᠳᠡᠭᠡ ᠲᠤᠰᠬᠤᠨ ᠤ ᠰᠤᠶᠥᠯ ᠤᠨ ᠦᠢᠯᠡᠰ ᠢ ᠪᠦᠬᠦ ᠲᠠᠯ᠎ᠠ ᠪᠠᠷ ᠬᠦᠭᠵᠢᠭᠦᠯᠬᠦ ᠠᠵᠢᠯᠯᠠᠭ᠎ᠠ ᠶᠢ ᠡᠷᠴᠢᠮ ᠲᠠᠢ ᠥᠷᠨᠢᠬᠦᠯᠵᠤ᠂ ᠦᠨᠳᠦᠰᠦᠨ ᠱᠠᠳᠦᠨ ᠤ ᠰᠤᠶᠥᠯ ᠤᠨ ᠪᠦᠲᠦᠭᠡᠨ ᠪᠠᠶᠢᠭᠤᠯᠤᠯᠳᠡ ᠶᠢ ᠲᠦᠯᠬᠢᠨ ᠠᠬᠢᠭᠤᠯᠵᠦ᠂ ᠤᠷᠢᠳ ᠬᠤᠵᠢᠳ 20 ᠲᠦᠮᠡᠨ ᠲᠦᠭᠦᠷᠢᠭ ᠤᠨ ᠪᠡᠯᠡ ᠤᠷᠤᠭᠤᠯᠵᠦ ᠬᠠᠷᠢᠶᠠᠳᠦ ᠨᠤᠳᠤᠭ ᠤᠨ ᠮᠦᠽᠸᠢ᠂ ᠲᠠᠯ᠎ᠠ ᠨᠤᠳᠤᠭ ᠤᠨ ᠨᠤᠮ ᠤᠨ ᠦᠷᠦᠭᠡ ᠵᠢᠴᠢ ᠰᠤᠶᠤᠯ ᠤᠨ ᠬᠦᠳᠡᠯᠭᠡᠭᠡᠨ ᠤ ᠲᠦᠪ ᠢ ᠪᠦᠲᠦᠭᠡᠨ ᠪᠠᠶᠢᠭᠤᠯᠤᠭᠰᠠᠠ ᠪᠠᠶᠢᠨ᠎ᠠ᠃        ︽ᠰᠤᠮᠦ ᠠᠴᠠ ᠰᠤᠶᠥᠯ ᠤᠨ ᠠᠵᠢᠯ ᠢ ᠶᠡᠬᠡᠪᠡᠷ ᠴᠢᠬᠤᠯᠠᠴᠢᠯᠠᠵᠦ᠂ ᠰᠤᠮᠦᠨ ᠤ ᠬᠠᠭᠤᠴᠢᠨ ᠶᠤᠰᠦᠯᠡᠯ ᠤᠨ ᠲᠢᠩᠬᠢᠮ ᠢ ᠰᠢᠨᠡᠳᠭᠡᠨ ᠵᠠᠰᠠᠵᠦ ᠮᠠᠯᠴᠢᠨ ᠲᠠᠷᠢᠶᠠᠴᠢᠳ ᠲᠤ ᠰᠤᠶᠥᠯ ᠤᠨ ᠠᠵᠢᠯᠯᠠᠭ᠎ᠠ ᠦᠷᠨᠢᠭᠦᠯᠬᠦ ᠤᠷᠴᠢᠨ ᠢ ᠬᠠᠨᠭ᠍ᠭᠠᠭᠰᠠᠠ ᠠᠴᠠ ᠨᠤᠳᠤᠭ ᠤᠨ ᠤᠯᠠᠨ ᠤ ᠦᠨᠳᠦᠷ ᠦᠨᠡᠯᠡᠯᠳᠡ ᠶᠢ ᠤᠯᠤᠭᠰᠠᠠ ᠪᠠᠶᠢᠨ᠎ᠠ︾ ᠭᠡᠵᠦ ᠴᠤᠯᠮᠤᠨ ᠶᠠᠷᠢᠵᠦ ᠪᠠᠶᠢᠯ᠎ᠠ᠃ ᠤᠳᠦᠬᠠᠨ ᠤ ᠦᠡᠭᠳᠦᠭᠤᠤᠯ ᠰᠤᠮᠦᠨ ᠤ ᠰᠤᠶᠥᠯ ᠤᠨ ᠦᠢᠯᠡᠴᠢᠯᠡᠭᠡᠨ ᠤ ᠲᠦᠪ ᠨᠢ 400 ᠲᠡᠭᠰᠢ ᠲᠦᠷᠪᠡᠯᠵᠢᠨ ᠮᠧᠳ᠋ᠷ᠂ ᠡᠭᠦᠨ ᠳᠤ ᠭᠡᠷ ᠲᠤᠳᠦᠷᠠᠬᠢ ᠬᠦᠳᠡᠯᠭᠡᠭᠡᠨ ᠤ ᠲᠠᠯᠠᠪᠠᠢ ᠨᠢ 130 ᠲᠡᠭᠰᠢ ᠲᠦᠷᠪᠡᠯᠵᠢᠨ ᠮᠧᠳ᠋ᠷ᠂ ᠪᠦᠵᠢᠭ ᠤᠨ ᠲᠠᠶᠢᠰᠠ 50 ᠲᠡᠭᠰᠢ ᠲᠦᠷᠪᠡᠯᠵᠢᠨ ᠮᠧᠳ᠋ᠷ᠂ ᠠᠯᠪᠡᠨ ᠭᠡᠷ ᠨᠢ 37 ᠲᠡᠭᠰᠢ ᠲᠦᠷᠪᠡᠯᠵᠢᠨ ᠮᠧᠳ᠋ᠷ ᠡᠵᠡᠯᠡᠵᠦ ᠪᠤᠢ᠂ ᠲᠦᠪ ᠲᠤ ᠪᠠᠰᠠ ᠰᠤᠶᠥᠯ ᠤᠨ ᠭᠤᠳᠦᠮᠵᠢ᠂ ᠪᠡᠶ᠎ᠠ ᠪᠤᠯᠪᠠᠰᠦᠷᠠᠭᠤᠯᠬᠤ ᠲᠤᠨᠤᠭ ᠲᠦᠭᠦᠭᠡᠷᠤᠮᠵᠢ᠂ ᠬᠠᠳᠠᠭᠠᠯᠠᠨ ᠬᠤᠷᠢᠶᠠᠬᠤ ᠦᠷᠦᠬᠡ ᠲᠠᠢ︔ ᠮᠦᠽᠸᠢ ᠨᠢ 138 ᠲᠡᠭᠰᠢ ᠲᠦᠷᠪᠡᠯᠵᠢᠨ ᠮᠧᠳ᠋ᠷ᠂ ᠦᠷᠤᠭᠡᠨ ᠤ ᠭᠠᠳᠠᠨᠠᠬᠢ ᠬᠦᠳᠡᠯᠭᠡᠭᠡᠨ ᠤ ᠲᠠᠯᠠᠪᠠᠢ ᠨᠢ 600 ᠲᠡᠭᠰᠢ ᠲᠦᠷᠪᠡᠯᠵᠢᠨ ᠮᠧᠳ᠋ᠷ︔ ᠲᠠᠯ᠎ᠠ ᠨᠤᠳᠤᠭ ᠤᠨ ᠨᠤᠮ ᠤᠨ ᠦᠷᠦᠬᠡ 40 ᠲᠡᠭᠰᠢ ᠲᠦᠷᠪᠡᠯᠵᠢᠨ ᠮᠧᠳ᠋ᠷ᠂ 1000 ᠭᠠᠷᠤᠢ ᠨᠤᠮ ᠤᠨ ᠬᠠᠳᠠᠭᠠᠯᠠᠮᠵᠢ ᠲᠠᠢ᠃ ᠬᠠᠳᠠᠭᠤ ᠲᠤᠨᠤᠭ ᠤᠨ ᠲᠡᠭᠦᠯᠳᠡᠷᠵᠢᠯᠳᠡ ᠨᠢ ᠬᠦᠳᠡᠭᠡ ᠲᠤᠰᠬᠤᠨ ᠮᠠᠯᠵᠢᠬᠤ ᠤᠷᠤᠨ ᠤ ᠰᠤᠶᠥᠯ ᠤᠨ ᠬᠦᠭᠵᠢᠯᠳᠡ ᠳᠤ ᠲᠠᠪᠴᠡᠩ ᠬᠠᠨᠭ᠍ᠭᠠᠭᠰᠠᠠ ᠪᠠᠶᠢᠨ᠎ᠠ᠃        ︽ᠪᠠᠷᠠᠭᠤᠨ ᠤᠷᠤᠨ ᠤ ᠬᠠᠷᠢᠶᠠᠳᠦ ᠶᠢᠨ ᠥᠯᠤᠭᠡᠢ︾ ᠭᠡᠵᠦ ᠨᠡᠷᠡᠯᠡᠭᠳᠡᠳᠡᠭ ᠦᠡᠭᠳᠦᠭᠤᠤᠯ ᠰᠤᠮᠦ ᠪᠤᠯ ᠪᠦᠬᠦ ᠤᠷᠤᠨ ᠤ ᠬᠠᠷᠢᠶᠠᠳᠦ ᠢᠷᠭᠡᠨ ᠬᠠᠮᠤᠭ ᠲᠦᠪᠯᠡᠷᠡᠩᠭᠦᠢ ᠰᠠᠭᠤᠭ᠎ᠠ ᠰᠤᠮᠦ ᠪᠤᠯᠤᠨ᠎ᠠ᠃ ᠠᠯᠠᠱᠠ ᠶᠢᠨ ᠠᠷᠠᠳ ᠤᠨ ᠲᠤᠮᠳᠠ ᠠᠴᠠ ᠴᠤᠯᠭᠤᠷᠠᠭᠰᠠᠠ ᠠᠷᠪᠡᠨ ᠨᠡᠷᠡᠳᠠᠢ ᠲᠠᠭᠤᠴᠢᠨ ᠤ ᠭᠤᠷᠪᠡ ᠨᠢ ᠡᠨᠡ ᠨᠤᠳᠤᠭ ᠠᠴᠠ ᠭᠠᠷᠤᠯᠳᠠᠢ᠃ 2008 ᠤᠨ ᠳᠤ ᠡ᠊ᠡᠳᠡ ᠮᠠᠯᠴᠢᠳ ᠢᠶᠠᠷ ᠪᠦᠷᠢᠯᠳᠦᠭᠰᠡᠡ ᠠᠩᠬᠠᠳᠠᠭᠴᠢ ᠤᠷᠠᠯᠢᠭ ᠤᠨ ᠪᠦᠯᠬᠦᠮ — ᠡᠵᠡᠨ᠎ᠠ ᠬᠤᠰᠢᠭᠤᠨ ᠤ ︽ᠮᠠᠯᠴᠢᠳ ᠤᠨ ᠪᠠᠶᠠᠰᠦᠯ︾ ᠤᠷᠠᠯᠢᠭ ᠤᠨ ᠪᠦᠯᠬᠦᠮ ᠪᠠᠶᠢᠭᠤᠯᠤᠭᠳᠠᠭᠰᠠᠠ ᠶᠤᠮ᠃ ︽ᠮᠠᠯᠴᠢᠳ ᠤᠨ ᠪᠠᠶᠠᠰᠦᠯ︾ ᠤᠷᠠᠯᠢᠭ ᠤᠨ ᠪᠦᠯᠬᠦᠮ ᠤᠨ ᠡᠭᠦᠰᠭᠡᠨ ᠪᠠᠶᠢᠭᠤᠯᠤᠭᠴᠢ ᠦᠵᠦᠮ ᠰᠤᠷᠪᠦᠯᠵᠢᠯᠠᠭᠴᠢ ᠳᠤ᠂ ᠰᠢᠨ᠎ᠠ ᠬᠦᠳᠡᠯᠭᠡᠭᠡᠨ ᠤ ᠲᠦᠪ ᠨᠢ ᠪᠢᠳᠡᠨ ᠳᠤ ᠤᠷᠠᠯᠢᠭ ᠤᠨ ᠲᠠᠪᠴᠡᠩ ᠢ ᠬᠠᠨᠭ᠍ᠭᠠᠭᠰᠠᠠ ᠪᠠᠶᠢᠨ᠎ᠠ᠂ ᠪᠢᠳᠡ ᠪᠦᠬᠦᠳᠡᠬᠡᠷ ᠰᠡᠳᠬᠢᠯ ᠨᠢᠭᠡᠳᠦᠨ ᠲᠤᠷᠭᠤᠤᠨ ᠤᠨ ᠰᠢᠯᠢᠳᠡᠭ ᠰᠤᠶᠥᠯ ᠤᠨ ᠦᠪ ᠢ ᠤᠯᠠᠮᠵᠢᠯᠡᠨ ᠵᠠᠯᠭᠠᠮᠵᠢᠯᠠᠵᠦ᠂ ᠦᠵᠡᠰᠭᠦᠯᠡᠩᠳᠦ ᠰᠠᠶᠢᠬᠠᠨ ᠡᠵᠡᠨ᠎ᠠ ᠬᠤᠰᠢᠭᠤᠨ ᠤ ᠨᠡᠷ᠎ᠠ ᠠᠯᠳᠡᠷ ᠢ ᠲᠡᠯᠡᠬᠡᠢ ᠳ᠋ᠠᠬᠢᠨ ᠳᠤ ᠲᠠᠭᠤᠷᠢᠰᠬᠠᠬᠤ ᠪᠠᠷ ᠬᠦᠴᠦᠯᠡᠨ᠎ᠠ ᠭᠡᠪᠡ᠃ ᠴᠤᠯᠮᠤᠨ ᠬᠡᠯᠡᠭᠦ ᠳᠡᠭᠡᠨ᠂ ᠲᠧᠯᠸᠢᠰ᠂ ᠲᠤᠤᠷ ᠰᠦᠯᠵᠢᠶ᠎ᠠ ᠲᠡᠭᠡᠳᠦ ᠬᠡᠮᠵᠢᠶ᠎ᠠ ᠪᠠᠷ ᠬᠦᠭᠵᠢᠭᠰᠡᠡ ᠦᠨᠤᠳᠦᠷ᠂ ᠬᠦᠳᠡᠭᠡ ᠲᠤᠰᠬᠤᠨ ᠤ ᠰᠤᠶᠥᠯ ᠤᠨ ᠦᠢᠯᠡᠰ ᠢ ᠪᠤᠳᠠᠳᠠᠢ ᠲᠠᠢ ᠤᠶᠠᠯᠳᠦᠭᠤᠯᠵᠦ ᠬᠡᠷᠬᠢᠨ ᠦᠷ᠎ᠠ ᠪᠦᠲᠦᠮᠵᠢ ᠭᠠᠷᠭᠠᠬᠤ ᠭᠡᠳᠡᠭ ᠨᠢ ᠨᠢᠭᠡᠨ ᠰᠠᠨᠠᠭᠠᠰᠢᠷᠠᠬᠤ ᠠᠰᠠᠭᠤᠳᠡᠯ ᠪᠤᠯᠵᠦ ᠪᠠᠶᠢᠭ᠎ᠠ ᠨᠢ ᠮᠡᠳᠡᠭᠡᠵᠢ᠃ ᠲᠠᠷᠠᠭᠠᠴᠢ ᠪᠠᠷ᠂ ᠪᠢᠳᠡ ᠰᠤᠶᠤᠯ ᠤᠨ ᠬᠦᠳᠡᠯᠭᠡᠭᠡᠨ ᠤ ᠲᠦᠪ ᠢ ᠠᠰᠢᠭᠯᠠᠨ᠂ ᠠᠷᠠᠳ ᠤᠨ ᠰᠤᠨᠢᠷᠬᠠᠯ ᠪᠠᠶᠠᠰᠦᠯ ᠢ ᠲᠠᠳᠠᠭᠰᠠᠠ ᠰᠤᠶᠥᠯ ᠲᠠᠮᠢᠷ ᠤᠨ ᠠᠵᠢᠯᠯᠠᠭ᠎ᠠ ᠦᠷᠨᠢᠭᠦᠯᠵᠦ᠂ ᠠᠷᠠᠳ ᠤᠨ ᠤᠷᠠᠯᠢᠭᠴᠢᠳ ᠢ ᠨᠡᠩ ᠦᠷᠭᠡᠨ ᠲᠡᠪᠴᠡᠩ ᠲᠡᠭᠡᠷ᠎ᠠ ᠤᠷ᠎ᠠ ᠠᠪᠢᠶᠡᠰ ᠢᠶᠠᠨ ᠪᠠᠳᠠᠷᠠᠭᠤᠯᠬᠤ ᠶᠢ ᠵᠤᠷᠢᠨ᠂ ᠤᠯᠠᠨ ᠲᠦᠮᠡᠨ ᠤ ᠰᠤᠶᠥᠯ ᠤᠨ ᠠᠮᠢᠳᠦᠷᠡᠯ ᠢ ᠲᠠᠰᠦᠷᠡᠯᠳᠡ ᠦᠭᠡᠢ ᠪᠠᠶᠠᠯᠢᠭᠵᠢᠭᠤᠯᠵᠦ᠂ ᠬᠠᠷᠢᠶᠠᠳᠦ ᠨᠤᠳᠤᠭ ᠤᠨ ᠰᠤᠶᠥᠯ ᠤᠨ ᠦᠢᠯᠡᠰ ᠢ ᠬᠦᠭᠵᠢᠭᠦᠯᠦᠨ᠎ᠠ ᠭᠡᠵᠦ ᠪᠠᠶᠢᠯ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号