ᠡᠵᠡᠨ᠎ᠡ ᠬᠤᠰᠢᠭᠤ ᠡᠨᠡ ᠵᠢᠯ ᠤᠨ 1 ᠠᠴᠠ 7 ᠰᠠᠷ᠎ᠠ ᠶᠢᠨ ᠬᠤᠭᠤᠴᠠᠭᠠᠨ ᠳᠤ ᠤᠯᠤᠰ ᠤᠨ ᠲᠤᠳᠤᠭᠠᠲᠦ | ᠭᠠᠳᠠᠭᠠᠲᠦ ᠶᠢᠨ ᠨᠠᠶᠢᠳᠠ 128.72 ᠲᠦᠮᠡᠨ ᠲᠤᠭᠤᠷᠢᠨ ᠵᠤᠭᠠᠴᠠᠭᠰᠠᠳ ︵ᠤᠳᠠᠭ᠎ᠠ︶ ᠢ ᠬᠦᠯᠢᠶᠠᠨ ᠠᠪᠴᠤ᠂ | ᠵᠢᠭᠤᠯᠴᠢᠯᠠᠯ ᠤᠨ ᠶᠡᠷᠦᠩᠬᠡᠢ ᠤᠷᠤᠯᠭ᠎ᠠ 14.43 ᠳ᠋ᠦᠩᠰᠢᠭᠤᠷ ᠲᠦᠭᠦᠷᠢᠭ ᠲᠤ ᠬᠦᠷᠴᠦ᠂ ᠦᠡᠭᠬᠡᠷᠡᠬᠦ ᠵᠢᠯ ᠤᠨ | ᠠᠳᠠᠯᠢ ᠬᠤᠭᠤᠴᠠᠭ᠎ᠠ ᠠᠴᠠ ᠪᠠᠨ ᠲᠤᠰᠪᠤᠷᠢ 224% ᠪᠤᠯᠤᠨ 157% ᠪᠠᠷ ᠨᠡᠮᠡᠭᠳᠡᠭᠰᠡᠨ ᠰᠢᠨ᠎ᠡ ᠲᠡᠮᠳᠡᠭᠯᠡᠯ ᠢ | ᠡᠭᠦᠳᠦᠭᠰᠡᠨ ᠪᠠᠶᠢᠨ᠎ᠠ᠃ ᠤᠢᠢᠷ᠎ᠠ ᠶᠢᠨ ᠬᠡᠳᠦᠨ ᠵᠢᠯ ᠠᠴᠠ᠂ ᠡᠵᠡᠨ᠎ᠡ ᠬᠤᠰᠢᠭᠤᠨ ᠤ ᠲᠡᠮᠦᠷ ᠵᠠᠮ᠂ ᠲᠦᠷᠭᠡᠨ ᠤ ᠵᠠᠮ | ᠂ ᠠᠭᠠᠷ ᠠᠶᠠᠯᠠᠯ ᠤᠨ ᠵᠠᠮ ᠱᠤᠭᠤᠮ ᠵᠡᠷᠬᠡ ᠰᠠᠭᠤᠷᠢ ᠳᠦᠭᠦᠭᠡᠷᠦᠮᠵᠢ ᠶᠢᠨ ᠪᠦᠲᠦᠬᠡᠨ ᠪᠠᠶᠢᠭᠤᠯᠤᠯᠳᠠ ᠲᠠᠰᠤᠷᠠᠯᠳᠠ | ᠦᠬᠡᠢ ᠲᠡᠬᠦᠯᠳᠡᠷᠵᠢᠵᠦ᠂ ᠵᠠᠮ ᠬᠠᠷᠢᠯᠴᠠᠭ᠎ᠠ ᠲᠦᠬᠦᠮ ᠦᠬᠡᠢ᠂ ᠰᠠᠭᠤᠷᠢ ᠳᠦᠭᠦᠭᠡᠷᠦᠮᠵᠢ ᠶᠢᠨ ᠪᠦᠲᠦᠬᠡᠨ | ᠪᠠᠶᠢᠭᠤᠯᠤᠯᠳᠠ ᠪᠠᠭᠤᠷᠡᠢ ︽ᠪᠤᠶᠢᠲᠠ ᠪᠦᠭᠯᠡᠭᠦᠦ︾ ᠭᠠᠵᠡᠷ ᠤᠷᠤᠨ ᠪᠠᠶᠢᠭᠰᠠᠨ ᠠᠴᠠ ᠪᠠᠨ ᠲᠤᠬᠠᠢ ᠶᠢᠨ ᠭᠠᠵᠠᠷ | ᠤᠷᠤᠨ ᠤ ᠦᠪᠡᠷᠮᠢᠴᠡ ᠤᠨᠴᠠᠯᠢᠭᠲᠤ ᠪᠠᠶᠢᠭᠠᠯᠢ ᠶᠢᠨ ᠦᠵᠡᠮᠵᠢ ᠪᠠ ᠡᠴᠢᠨ᠎ᠡ ᠭᠠᠶᠢᠬᠠᠮᠰᠢᠭᠲᠤ ᠡᠷᠲᠡᠨ ᠤ ᠪᠠᠭᠤᠷᠢ | ᠵᠢᠴᠢ ᠤᠳᠤᠬᠢᠴᠢᠯᠠᠭᠰᠠᠨ ᠳᠡᠭᠡᠳᠤ ᠰᠢᠨ᠎ᠡ ᠮᠡᠷᠭᠡᠵᠢᠯ ᠢ ᠳᠡᠯᠭᠡᠨ ᠦᠵᠡᠭᠦᠯᠦᠭᠰᠡᠨ ᠰᠠᠨᠰᠠᠷ ᠤᠨ ᠬᠤᠲᠠ ᠵᠡᠷᠬᠡ | ᠡᠳᠡᠬᠡᠳ ᠰᠤᠶᠤᠯ ᠵᠢᠭᠤᠯᠴᠢᠯᠠᠯ ᠢᠶᠠᠷ ᠳᠦᠷᠪᠡᠨ ᠵᠦᠭ ᠨᠠᠢᠮᠠᠨ ᠵᠤᠪᠬᠢᠰ ᠤᠨ ᠵᠤᠴᠢᠳ ᠤᠨ ᠪᠠᠭ᠋ᠠᠷᠬᠠᠯ ᠢ ᠲᠠᠳᠠᠵᠦ᠂ | ᠪᠦᠬᠦ ᠬᠢᠵᠠᠭᠠᠷ ᠤᠨ ᠵᠢᠭᠤᠯᠴᠢᠯᠠᠯ ᠤᠨ ᠤᠷᠤᠨ ᠪᠤᠯᠤᠭᠰᠠᠨ ᠪᠠᠶᠢᠨ᠎ᠠ᠃ ᠡᠵᠡᠨ᠎ᠠ ᠬᠤᠰᠢᠭᠤᠨ ᠤ ᠵᠤᠭᠠᠴᠠᠭᠰᠠᠳ | ᠭᠤᠤᠯᠳᠠᠭᠤ ᠪᠡᠭᠡᠵᠢᠩ᠂ ᠡᠾᠧᠪᠸᠢ᠂ ᠯᠢᠶᠤᠤᠨᠢᠩ᠂ ᠱᠠᠨᠰᠢ᠂ ᠬᠠᠷᠠᠮᠦ᠋ᠷᠠᠨ᠂ ᠭᠠᠨᠰᠤ᠂ ᠨᠢᠩᠰᠢᠶᠠ᠂ ᠵᠢᠶᠠᠩᠰᠤ᠂ | ᠰᠢᠨᠵᠢᠶᠠᠩ᠂ ᠭᠢᠷᠢᠨ ᠵᠡᠷᠭᠡ ᠮᠤᠵᠢ ᠤᠷᠤᠨ ᠤ ᠬᠦᠮᠦᠰ ᠢᠶᠠᠷ ᠭᠤᠤᠯᠯᠠᠵᠦ᠂ ᠬᠤᠰᠢᠭᠤᠨ ᠲᠦᠪ ᠤᠨ ᠵᠤᠴᠢᠳ ᠤᠨ | ᠪᠠᠭᠤᠳᠠᠯ ᠳᠤ ᠬᠤᠨᠤᠭᠯᠠᠵᠦ ᠠᠮᠠᠷᠠᠬᠤ ᠨᠤᠷᠮ᠎ᠠ 90% ᠶᠢ ᠲᠠᠪᠠᠵᠤ᠂ ᠤᠶᠢᠷ᠎ᠠ ᠶᠢᠨ ᠠᠷᠪᠠ ᠭᠠᠷᠤᠢ ᠵᠢᠯ ᠤᠨ ᠠᠳᠠᠯᠢ | ᠬᠤᠭᠤᠴᠠᠭᠠᠨ ᠤ ᠬᠠᠮᠤᠭ ᠦᠨᠳᠦᠷ ᠲᠡᠮᠳᠡᠭᠯᠡᠯ ᠢ ᠡᠭᠦᠳᠴᠡᠢ᠃ |