ᠡᠵᠠᠨ᠎ᠠ ᠭᠡᠳᠡᠭ ᠨᠠᠷ᠎ᠠ ᠲᠠᠢ ᠬᠤᠯᠪᠤᠭᠳᠠᠬᠤ ᠲᠤᠮᠤᠭ ᠶᠠᠷᠢᠶ᠎ᠠ
ᠨᠡᠶᠢᠲᠡᠯᠡᠭᠰᠡᠨ ᠴᠠᠭ᠄
2019-11-08
     ᠡᠷᠳᠠ ᠡᠳᠤᠭᠡ ᠶᠢᠨ ᠲᠤᠮᠳᠠᠳᠤ ᠶᠢᠨ ᠡᠷᠳᠠᠮᠳᠠᠨ ᠮᠠᠷᠭᠡᠤᠨ ᠬᠢᠭᠡᠤᠨ ᠡᠵᠠᠨ᠎ᠠ ᠨᠤᠳᠤᠭ ᠤᠨ ᠲᠠᠤᠭᠡ ᠬᠠᠭᠤᠴᠢᠯᠠᠭᠴᠢᠤᠨ ᠠᠴᠠ ︽ᠡᠵᠠᠨ᠎ᠠ︾ ᠭᠡᠰᠠᠨ ᠦᠭᠡ ᠶᠢ ᠲᠤᠤᠷᠠᠬᠢ ᠭᠡᠳᠤᠨ ᠶᠠᠩᠵᠤ ᠪᠠᠷ ᠲᠠᠶᠢᠯᠪᠤᠷᠢᠯᠠᠭᠰᠠᠭᠠᠷ ᠢᠷᠠᠪᠠ᠃
     ᠨᠢᠭᠡ᠂ ᠡᠵᠠᠨ᠎ᠠ ᠲᠤᠷᠭᠤᠤᠨ ᠪᠤᠯ ᠠᠩᠬᠠᠨ ᠳᠠᠭᠠᠨ ᠤᠷᠤᠰ ᠤᠨ ᠢᠵᠢᠯ ᠮᠦᠷᠠᠨ ᠠᠴᠠ ᠢᠷᠡᠭᠰᠠᠨ
ᠤᠴᠢᠷ ︽ᠢᠵᠢᠯ ᠮᠦᠷᠠᠨ︾᠎ ᠤ ︽ᠢᠵᠢᠯ︾᠎ ᠤᠨ ︽‍ᠯ︾᠎ ᠨᠢ ︽‍ᠨ᠎ᠠ︾ ᠪᠤᠯᠵᠤ ᠬᠤᠪᠢᠷᠠᠭᠠᠤᠨ ᠡᠵᠠᠨ᠎ᠠ ᠪᠤᠯᠵᠤ ᠭᠡᠬᠦ
     ᠬᠤᠶᠠᠷ᠂ ︽ᠡᠴᠢᠨ᠎ᠠ ᠲᠠᠯᠳᠠ︾᠎ ᠶᠢᠨ ︽ᠡᠴᠢᠨ᠎ᠠ︾ ᠭᠡᠳᠡᠭ ᠦᠭᠡ ᠠᠴᠠ ᠬᠤᠪᠢᠷᠠᠵᠤ ᠢᠷᠡᠭᠰᠠᠨ ᠭᠡᠬᠦ᠃
     ᠭᠤᠷᠪᠠ᠂ ︽ᠡᠵᠠᠨ ᠤ ︵ᠲᠠᠷᠤᠢ ᠡᠵᠠᠨ ᠬᠠᠭᠠᠨ ᠤ︶︾ ᠭᠡᠰᠠᠨ ᠦᠭᠡ ᠠᠴᠠ ᠬᠤᠪᠢᠷᠠᠵᠤ ᠢᠷᠡᠭᠰᠠᠨ ᠭᠡᠬᠦ᠃
     ᠲᠦᠷᠪᠠ᠂ ︽ᠢᠵᠠᠨᠠᠢ︾᠂ ︽ᠢᠵᠢᠨᠠᠢ︾ ᠭᠡᠰᠠᠨ ᠦᠭᠡ ᠠᠴᠠ ᠬᠤᠪᠢᠷᠠᠭᠠᠤᠨ ᠤᠳᠤ ᠶᠢᠨ ︽ᠡᠵᠠᠨ᠎ᠠ︾ ᠪᠤᠯᠤᠭᠰᠠᠨ ᠭᠡᠬᠦ᠃
     ᠤᠳᠤᠬᠢ ᠤᠯᠠᠩᠬᠢ ᠡᠷᠳᠠᠮᠳᠠᠨ ᠬᠢᠭᠡᠤᠨ ᠲᠠᠤᠭᠡ ᠰᠤᠨᠢᠷᠬᠠᠭᠴᠢᠤᠨ ᠲᠦᠷᠪᠠᠳᠤᠭᠡᠷ ᠰᠠᠨᠠᠯ ᠢ
ᠵᠦᠪᠰᠢᠶᠠᠷᠠᠵᠤ ᠪᠠᠶᠢᠨ᠎ᠠ᠃ ᠪᠠᠷᠠᠭᠤᠨ ᠰᠢᠶᠠ ᠤᠯᠤᠰ ᠤᠨ ᠲᠠᠤᠭᠡ ᠰᠤᠳᠤᠯᠤᠭᠴᠢ ᠴᠧᠨ ᠪᠢᠡᠭ ᠶᠢᠩ ᠠᠪᠤᠭᠠᠢ ︽ᠪᠠᠷᠠᠭᠤᠨ ᠰᠢᠶᠠ ᠤᠯᠤᠰ ᠤᠨ ᠲᠠᠤᠭᠡ ᠶᠢᠨ ᠲᠤᠷᠠᠰᠬᠠᠯᠳᠤ ᠵᠦᠢᠯᠠᠰ ᠤᠨ ᠰᠤᠳᠤᠯᠤᠯ︾ ᠭᠡᠬᠦ ᠨᠤᠮ ᠳᠠᠭᠠᠨ ︽ᠡᠵᠠᠨ᠎ᠠ︾ ᠭᠡᠰᠠᠨ ᠦᠭᠡ ᠶᠢ ᠨᠠᠷᠢᠯᠢᠭ ᠲᠠᠶᠢᠯᠪᠤᠷᠢᠯᠠᠭᠰᠠᠨ ᠪᠠᠶᠢᠳᠠᠭ᠃ ᠲᠠᠷᠨ ︽᠁ ︿ᠢᠵᠢᠨᠠᠢ﹀ ᠭᠡᠳᠡᠭ ᠪᠤᠯ ᠪᠠᠷᠠᠭᠤᠨ ᠰᠢᠶᠠ ᠤᠯᠤᠰ ᠤᠨ ᠭᠤᠤᠯ ᠪᠦᠷᠢᠯᠳᠤᠬᠦᠨ ᠪᠤᠯᠬᠤ ᠳ᠋ᠠᠩᠰᠢᠶᠠᠩ ᠦᠡᠳᠤᠰᠤᠳᠠᠨ ᠤ ︿ᠬᠠᠷ᠎ᠠ ᠤᠰᠤ﹀ ᠭᠡᠰᠠᠨ ᠦᠭᠡᠨ ᠤ ᠠᠪᠢᠶᠠᠴᠢᠯᠠᠭᠰᠠᠨ ᠤᠷᠴᠢᠭᠤᠯᠭ᠎ᠠ — ︿ᠤᠰᠤ﹀᠎ ᠶᠢ ︿ᠢᠵᠠ﹀ ᠭᠡᠵᠤ᠂ ︿ᠬᠠᠷ᠎ᠠ﹀᠎ ᠶᠢ ︿ᠨᠠᠢ ﹀ ᠭᠡᠳᠡᠭ᠂ ᠳ᠋ᠠᠩᠰᠢᠶᠠᠩ ᠭᠡᠯᠨᠨ ᠳᠤ ᠲᠠᠮᠳᠡᠭ ᠦᠭᠡ ᠶᠢ ᠶᠠᠷᠤ ᠳᠤ ᠪᠠᠨ ᠨᠠᠷ᠎ᠠ ᠦᠭᠡ ᠶᠢᠨ ᠬᠤᠶᠢᠨ᠎ᠠ ᠭᠡᠷᠡᠭᠯᠠᠳᠡᠭ᠂ ︿ᠬᠠᠷ᠎ᠠ ᠤᠰᠤ﹀ ᠭᠡᠰᠠᠨ ᠢ ︿ᠤᠰᠤ ᠬᠠᠷ᠎ᠠ﹀ ᠭᠡᠵᠤ ᠤᠡᠭᠰᠢᠳᠠᠭ᠂ ︿ᠢᠵᠠᠨᠠᠢ﹀ ᠭᠡᠰᠠᠨ ᠦᠭᠡ ᠨᠢ ︿ᠢᠵᠢᠨᠠᠢ﹀ ᠭᠡᠰᠠᠨ ᠦᠭᠡ ᠲᠠᠢ ᠲᠠᠭᠤᠳᠠᠯᠭ᠎ᠠ ᠤᠶᠢᠷᠠᠯᠴᠠᠭ᠎ᠠ ᠶᠤᠮ ᠁︾ ᠭᠡᠮᠠᠨ ᠲᠠᠮᠳᠡᠭᠯᠡᠭᠰᠠᠨ ᠪᠠᠶᠢᠳᠠᠭ᠃ ᠲᠠᠭᠡᠪᠠᠯ ᠲᠤᠰ ᠭᠠᠵᠠᠷ ᠲᠤ ᠶᠠᠭᠤᠨ ᠤ ᠤᠴᠢᠷ ᠠᠴᠠ ︽ᠡᠵᠠᠨ᠎ᠠ︾ ᠭᠡᠰᠠᠨ ᠨᠠᠷ᠎ᠠ ᠬᠠᠳᠠᠭᠳᠠᠭᠰᠠᠨ ᠪᠤᠢ︖ ᠭᠡᠪᠠᠯ᠄ ᠡᠵᠠᠨ᠎ᠠ ᠭᠤᠤᠯ ᠭᠡᠰᠠᠨ ᠭᠤᠤᠯ ᠤᠨ ᠨᠠᠷ᠎ᠠ ᠠᠴᠠ ᠢᠷᠠᠯᠳᠠ ᠲᠠᠢ ᠶᠤᠮ᠃ ᠡᠵᠠᠨ᠎ᠠ ᠭᠤᠤᠯ ᠪᠤᠯ ᠴᠢ ᠯᠢᠶᠠᠨ ᠱᠠᠨ ᠠᠭᠤᠯᠨᠨ ᠤ ᠬᠤᠶᠢᠳᠤ ᠬᠤᠷᠮᠤᠢ ᠠᠴᠠ ᠡᠬᠢ ᠠᠪᠴᠤ ᠤᠷᠤᠰᠤᠭᠰᠠᠨ ᠬᠠᠷ᠎ᠠ ᠭᠤᠤᠯ ᠤᠨ ᠲᠤᠤᠷᠠᠳᠤ ᠤᠷᠤᠰᠬᠠᠯ ᠨᠢ ᠪᠤᠯᠬᠤ ᠶᠤᠮ᠃ ᠪᠠᠷᠠᠭᠤᠨ ᠰᠢᠶᠠ ᠤᠯᠤᠰ ᠤᠨ ᠦᠶ᠎ᠠ ᠳᠤ ᠲᠤᠰ ᠭᠠᠵᠠᠷ ᠤᠷᠤᠨ ᠢ ︽ᠬᠠᠷ᠎ᠠ ᠭᠤᠤᠯ ᠤᠨ ᠭᠠᠵᠠᠷ ᠤᠷᠤᠨ︾ ᠭᠡᠵᠤ ᠪᠠᠶᠢᠵᠠᠢ᠃ ᠶᠤᠸᠠᠨ ᠤᠯᠤᠰ ᠤᠨ ᠦᠶ᠎ᠠ ᠳᠤ ᠲᠤᠰ ᠭᠠᠵᠠᠷ ᠤᠷᠤᠨ ᠢ ︽ᠢᠵᠢᠨᠠᠢ ᠴᠦᠯᠭᠡ︾᠎ ᠳᠤ ᠵᠠᠬᠢᠷᠤᠭᠤᠯᠵᠤ᠂ ᠮᠦᠨ ᠤᠳᠤᠬᠢ ᠬᠠᠷ᠎ᠠ ᠬᠤᠳᠠ ᠳᠤ ︽ᠢᠵᠢᠨᠠᠢ ᠴᠦᠯᠭᠡ ᠶᠢᠨ ᠶᠠᠷᠤᠩᠭᠡᠶᠢᠯᠡᠭᠰᠠᠨ ᠵᠠᠬᠢᠷᠬᠤ ᠹᠥ᠋︾ ᠭᠡᠮᠡᠭᠴᠢ ᠴᠡᠷᠢᠭ ᠵᠠᠰᠠᠭ ᠤᠨ ᠪᠠᠶᠢᠭᠤᠯᠤᠮᠵᠢ ᠶᠢ ᠪᠠᠶᠢᠭᠤᠯᠵᠠᠢ᠃ ᠲᠠᠭᠡᠭᠡᠤᠨ ᠬᠠᠷ᠎ᠠ ᠬᠤᠳᠠ ᠶᠢ ᠪᠠᠷᠠᠭᠤᠨ ᠰᠢᠶᠠ ᠤᠯᠤᠰ ᠤᠨ ᠦᠶ᠎ᠠ ᠳᠤ ᠬᠢ ᠬᠤᠳᠠ ᠶᠢᠨ ᠰᠠᠭᠤᠷᠢᠨ ᠲᠠᠭᠡᠷ᠎ᠠ ᠦᠷᠭᠡᠤᠠᠭᠡᠵᠤ ᠪᠠᠷᠢᠭᠰᠠᠨ ᠭᠡᠳᠡᠭ᠃ ᠲᠤᠬᠠᠢ ᠶᠢᠨ ᠦᠶ᠎ᠠ ᠳᠤ ᠬᠠᠷ᠎ᠠ ᠬᠤᠳᠠ ᠶᠢᠨ ᠬᠤᠶᠢᠭᠤᠷ ᠡᠵᠠᠨ᠎ᠠ ᠭᠤᠤᠯ ︵ᠲᠠᠷᠤᠢ ᠬᠠᠷ᠎ᠠ ᠭᠤᠤᠯ︶ ᠤᠷᠤᠰᠴᠤ ᠪᠠᠶᠢᠭᠰᠠᠨ ᠤᠴᠢᠷ ᠭᠤᠤᠯ ᠤᠨ ᠬᠦᠪᠡᠭᠡᠨ ᠳᠤ ᠪᠠᠶᠢᠭᠤᠯᠤᠭᠰᠠᠨ ᠬᠤᠳᠠ ᠶᠢ ᠴᠤ ︽ᠬᠠᠷ᠎ᠠ ᠤᠰᠤᠨ ᠬᠤᠳᠠ︾ ︵ᠲᠦᠬᠦᠮᠴᠢᠯᠠᠭᠡᠤᠨ ᠬᠠᠷ᠎ᠠ ᠬᠤᠳᠠ ᠭᠡᠳᠡᠭ︶ ᠭᠡᠵᠤ ᠨᠠᠷᠠᠯᠠᠵᠤ ᠪᠠᠶᠢᠵᠠᠢ᠃ ᠮᠢᠩ᠂ ᠴᠢᠩ ᠬᠤᠶᠠᠷ ᠲᠦᠷᠤ ᠶᠢᠨ ᠦᠶ᠎ᠠ ᠳᠤ᠂ ᠲᠤᠰ ᠭᠠᠵᠠᠷ ᠤᠷᠤᠨ ᠢ ᠮᠦᠨ ︽ᠡᠵᠠᠨ᠎ᠠ︾ ᠭᠡᠮᠠᠨ ᠨᠠᠷᠠᠯᠠᠵᠤ᠂ ᠴᠢᠩ ᠤᠯᠤᠰ ᠤᠨ ᠦᠶ᠎ᠠ ᠳᠤ ᠡᠵᠠᠨ᠎ᠠ ᠳᠤ ᠢᠷᠡᠭᠰᠠᠨ ᠬᠠᠭᠤᠴᠢᠨ ᠲᠤᠷᠭᠤᠤᠨ ᠢ ᠵᠠᠩᠰᠢᠯ ᠢᠶᠠᠷ ︽ᠡᠵᠠᠨ᠎ᠠ ᠶᠢᠨ ᠬᠠᠭᠤᠴᠢᠨ ᠲᠤᠷᠭᠤᠤᠨ︾ ᠭᠡᠮᠠᠨ ᠲᠠᠭᠤᠳᠠᠵᠤ᠂ ᠵᠠᠷᠢᠮ ᠲᠠᠤᠭᠡᠨ ᠨᠤᠮ ᠰᠤᠳᠤᠷ ᠲᠤ ︽ᠡᠵᠠᠨ᠎ᠠ ᠲᠤᠷᠭᠤᠤᠨ ᠠᠶᠢᠮᠠᠭ︾ ᠭᠡᠵᠤ ᠲᠠᠮᠳᠡᠭᠯᠡᠭᠰᠠᠭᠡᠷ ᠢᠷᠡᠭᠰᠠᠨ ᠪᠤᠯᠪᠠᠴᠤ ︽ᠡᠵᠠᠨ᠎ᠠ︾ ᠭᠡᠰᠠᠨ ᠦᠭᠡ ᠶᠢ ᠵᠢᠩᠬᠢᠨᠢ ᠬᠤᠰᠢᠭᠤᠨ ᠤ ᠪᠠᠨ ᠨᠠᠷ᠎ᠠ ᠪᠤᠯᠭᠠᠨ ᠵᠠᠰᠠᠭ ᠲᠠᠮᠠᠭᠠᠨ ᠳᠤ ᠭᠡᠷᠡᠭᠯᠠᠵᠤ ᠡᠬᠢᠯᠡᠭᠰᠠᠨ ᠦᠶ᠎ᠠ ᠨᠢ ᠨᠠᠯᠢᠶᠠᠤᠨ ᠤᠷᠤᠢ ᠶᠤᠮ᠃ ᠲᠤᠬᠠᠶᠢᠯᠠᠪᠠᠯ ᠢᠷᠭᠡᠨ ᠤᠯᠤᠰ ᠤᠨ ᠬᠤᠷᠢᠨ ᠲᠠᠪᠤᠳᠤᠭᠠᠷ ᠤᠨ ︵1936 ᠤᠨ︶᠎ ᠠᠴᠠ ᠡᠬᠢᠯᠠᠨ ᠡᠵᠠᠨ᠎ᠠ ᠬᠤᠰᠢᠭᠤ ᠭᠡᠮᠠᠨ ᠨᠠᠷᠠᠯᠡᠭᠳᠠᠭᠡᠤᠨ ᠡᠳᠤᠭᠡ ᠪᠤᠯᠵᠤ ᠪᠠᠶᠢᠭ᠎ᠠ᠃ ᠪᠠᠷᠤᠭᠴᠠᠭᠠᠯᠠᠪᠠᠯ᠄
     1.
︽ᠡᠵᠠᠨ᠎ᠠ︾ ᠭᠡᠰᠠᠨ ᠦᠭᠡ ᠪᠤᠯ ᠪᠠᠷᠠᠭᠤᠨ ᠰᠢᠶᠠ ᠤᠯᠤᠰ ᠤᠨ ᠳ᠋ᠠᠩᠰᠢᠶᠠᠩ ᠦᠡᠳᠤᠰᠤᠳᠠᠨ ᠤ ᠦᠭᠡ᠂ ︽ᠬᠠᠷ᠎ᠠ ᠤᠰᠤ︾ ᠭᠡᠰᠠᠨ ᠤᠤᠠᠬ᠎ᠠ ᠲᠠᠢ᠃
     2. ︽ᠡᠵᠠᠨ᠎ᠠ ᠭᠤᠤᠯ︾ ᠭᠡᠰᠠᠨ ᠭᠤᠤᠯ ᠤᠨ ᠨᠠᠷ᠎ᠠ
ᠪᠠᠶᠢᠭᠰᠠᠨ ᠠᠴᠠ ᠪᠠᠨ ᠲᠤᠰ ᠭᠠᠵᠠᠷ ᠤᠷᠤᠨ ᠤ ᠨᠠᠷ᠎ᠠ ᠪᠤᠯᠵᠤ ᠬᠤᠪᠢᠷᠠᠵᠠᠢ᠃
    ᠲᠤᠮᠤᠭ ᠶᠠᠷᠢᠶ᠎ᠠ
     ᠨᠢᠭᠡ᠂
ᠡᠵᠠᠨ᠎ᠠ ᠬᠤᠰᠢᠭᠤᠨ ᠳᠤ ᠰᠠᠭᠤᠭ᠎ᠠ ᠲᠤᠷᠭᠤᠤᠨ ᠮᠤᠩᠭᠤᠯᠴᠤᠤᠨ ᠤᠨ ᠡᠪᠦᠭᠡ ᠲᠠᠭᠡᠳᠤᠰ ᠠᠷᠠᠪᠵᠤᠤᠷ ᠲᠠᠶᠢᠵᠢ ᠭᠡᠵᠤ ᠪᠠᠶᠢᠵᠠᠢ᠃ ᠠᠷᠠᠪᠵᠤᠤᠷ ᠲᠠᠶᠢᠵᠢ ᠪᠤᠯ ᠲᠤᠷᠭᠤᠤᠨ ᠨᠤᠶᠠᠨ ᠤ ᠬᠦᠤ ᠪᠤᠯᠤᠨ᠎ᠠ᠃ ᠤᠯᠠᠮᠵᠢᠯᠠᠯ ᠶᠠᠷᠢᠶᠠᠨ ᠳᠤ ᠲᠠᠷᠨ ᠡᠭᠡ ᠠᠴᠠ ᠪᠠᠨ ᠲᠦᠷᠤᠬᠦ ᠳᠤ ᠪᠠᠨ ᠬᠤᠶᠠᠷ ᠭᠠᠷ ᠲᠤ ᠪᠠᠨ ᠨᠦᠵᠢ ᠠᠤᠠᠬᠤᠨ ᠭᠠᠷᠤᠭᠰᠠᠨ ᠲᠤᠯᠨ ᠡᠴᠢᠭᠡ ᠨᠢ ᠶᠠᠭᠡᠳᠠ ᠰᠡᠵᠢᠭᠯᠡᠵᠤ᠂ ︽ᠡᠨᠡ ᠭᠡᠤᠭᠡᠤᠨ ᠭᠠᠷ ᠲᠤ ᠪᠠᠨ ᠨᠦᠵᠢ ᠠᠤᠠᠬᠤᠨ ᠭᠠᠷᠤᠭᠰᠠᠨ ᠲᠤᠯᠨ ᠮᠠᠭᠤ ᠢᠷᠸ᠎ᠠ ᠲᠠᠢ᠂ ᠡᠬᠦᠨ ᠢ ᠡᠷᠳᠠᠭᠡᠨ ᠲᠤᠨᠢᠯᠭᠠᠬᠤ ᠦᠭᠡᠢ ᠪᠤᠯ ᠬᠤᠵᠢᠮ ᠬᠤᠶᠢᠨ᠎ᠠ ᠸᠠᠩ ᠤᠨ ᠰᠠᠭᠤᠷᠢᠨ ᠳᠤ ᠭᠠᠢ ᠪᠠᠷᠴᠢᠤᠨ ᠪᠤᠯᠤᠨ᠎ᠠ ︾ ᠭᠡᠤᠨ ︽ᠡᠵᠠᠬᠦᠢ ᠭᠡᠭᠡᠷ᠎ᠠ ᠠᠪᠠᠴᠢᠵᠤ ᠬᠠᠶᠠ︕︾ ᠭᠡᠵᠤ ᠵᠠᠷᠯᠢᠭ ᠪᠠᠭᠤᠯᠭᠠᠭᠰᠠᠨ ᠳᠤ ᠭᠡᠤᠭᠡᠤᠨ ᠤᠨ ᠡᠭᠡ ᠨᠢ ᠰᠠᠡᠳᠤᠷᠴᠤ᠄ ︽ᠡᠨᠡ ᠭᠡᠤᠭᠡᠤᠨ ᠨᠢᠭᠡᠨᠳᠠ ᠪᠢᠳᠠ ᠬᠤᠶᠠᠷ ᠤᠨ ᠬᠠᠷ᠎ᠠ ᠲᠠᠷᠢᠬᠦᠳᠤ ᠬᠤᠶᠢᠴᠢᠰ ᠪᠤᠯᠤᠨ ᠵᠠᠶᠠᠭᠠᠭᠰᠠᠨ ᠲᠤᠯᠨ ᠡᠶᠢᠮᠤ ᠨᠢᠯᠬ᠎ᠠ ᠪᠠᠷ ᠨᠢ ᠶᠠᠭᠠᠬᠢᠵᠤ ᠬᠠᠶᠠᠬᠤ ᠪᠤᠢ︕ ᠲᠠᠵᠢᠭᠡᠵᠤ ᠦᠰᠭᠡᠭᠡᠤᠨ ᠠᠷᠪᠠᠨ ᠨᠠᠢᠮᠨᠨ ᠨᠠᠰᠤ ᠬᠦᠷᠬᠦ ᠳᠤ ᠴᠦᠯᠠᠵᠤ ᠶᠠᠪᠤᠭᠤᠯᠤᠭᠰᠠᠨ ᠴᠤ ᠤᠷᠦ᠋ᠢᠳᠠᠬᠤ ᠦᠭᠡᠢ ᠪᠢᠵᠠ︕︾ ᠭᠡᠰᠠᠨ ᠳᠤ ᠡᠴᠢᠭᠡ ᠨᠢ ᠵᠦᠪᠰᠢᠶᠠᠷᠠᠵᠠᠢ᠃
     ᠠᠷᠠᠪᠵᠤᠤᠷ ᠦᠰᠤᠭᠡᠤᠨ ᠠᠷᠪᠠᠨ ᠨᠠᠢᠮᠨᠨ ᠨᠠᠰᠤ ᠬᠦᠷᠴᠤ᠂ ᠴᠦᠯᠠᠵᠤ ᠶᠠᠪᠤᠭᠤᠯᠬᠤ ᠴᠠᠭ
ᠪᠤᠯᠤᠭᠰᠠᠨ ᠳᠤ᠂ ᠡᠴᠢᠭᠡ ᠨᠢ ᠲᠠᠬᠦᠨ ᠳᠤ᠄ ︽ᠴᠢ ᠶᠠᠭᠤ ᠠᠪᠬᠤ ᠰᠠᠨᠠᠭᠠᠳᠠᠢ ᠪᠤᠯ ᠲᠠᠬᠦᠨ ᠢᠶᠠᠨ ᠠᠪ︕︾ ᠭᠡᠰᠠᠨ ᠳᠤ ᠠᠷᠠᠪᠵᠤᠤᠷ᠄ ︽ᠪᠢ ᠵᠦᠪᠭᠡᠨ ᠵᠦᠢᠯ ᠪᠦᠷᠢ ᠶᠢᠨ ᠡᠷᠳᠠᠮ ᠲᠠᠢ ᠠᠷᠪᠠᠨ ᠭᠤᠷᠪᠠᠨ ᠡᠷᠤᠭᠡ ᠲᠠᠭᠠᠭᠤᠯᠤᠨ ᠶᠠᠪᠤᠶ᠎ᠠ︕︾ ᠭᠡᠵᠠᠢ᠃ ᠡᠴᠢᠭᠡ ᠨᠢ ᠲᠠᠬᠦᠨ ᠳᠤ ᠪᠠᠭᠠᠳᠤᠷ᠂ ᠬᠠᠷᠪᠤᠭᠠᠴᠢ᠂ ᠬᠤᠯᠠᠭᠠᠶᠢᠴᠢ᠂ ᠪᠦᠭᠡᠴᠢ᠂ ᠤᠳᠠᠴᠢ᠂ ᠲᠦᠯᠭᠡᠴᠢ᠂ ᠡᠮᠴᠢ᠂ ᠲᠠᠷᠬᠠᠴᠢᠨ᠂ ᠬᠤᠨᠢᠴᠢᠨ᠂ ᠲᠠᠮᠠᠭᠠᠴᠢᠨ᠂ ᠭᠡᠯᠠᠮᠤᠷᠴᠢ ᠵᠠᠷᠭᠡ ᠠᠷᠪᠠᠨ ᠭᠤᠷᠪᠠᠨ ᠴᠢᠳᠠᠪᠤᠷᠢᠳᠠᠨ ᠢᠶᠠᠨ ᠦᠭᠬᠦᠭᠡᠤᠨ ᠰᠢᠳᠠᠷ ᠴᠡᠷᠢᠭ ᠢᠶᠠᠷ ᠬᠠᠮᠠᠭᠠᠯᠠᠭᠤᠯᠤᠨ ᠭᠡᠳᠤᠨ ᠵᠠᠭᠤᠨ ᠭᠠᠵᠠᠷ ᠤᠨ ᠠᠯᠤᠰ ᠲᠤ ᠭᠤᠪᠢ ᠬᠤᠭᠤᠯᠠᠢ ᠳᠤ ᠬᠦᠷᠭᠡᠵᠤ ᠬᠠᠶᠠᠵᠠᠢ᠃ ᠠᠷᠠᠪᠵᠤᠤᠷ ᠠᠷᠪᠠᠨ ᠭᠤᠷᠪᠠᠨ ᠡᠷᠤᠭᠡ ᠪᠠᠨ ᠲᠠᠭᠠᠭᠤᠯᠤᠨ᠂ ᠡᠪᠠᠰᠤ ᠤᠰᠤ ᠲᠠᠢ ᠭᠠᠵᠠᠷ ᠡᠷᠢᠨ ᠨᠤᠳᠤᠭᠯᠠᠵᠤ ᠶᠠᠪᠤᠭᠰᠠᠭᠠᠷ ᠬᠠᠮᠤᠭ ᠡᠴᠤᠰ ᠲᠤ ᠨᠢᠭᠡᠨ ᠤᠢ ᠮᠤᠳᠤ ᠰᠠᠬᠤᠯᠢᠭ᠂ ᠤᠰᠤ ᠡᠪᠠᠰᠤ ᠨᠢ ᠲᠠᠩᠴᠠᠬᠦᠷᠢᠳᠠᠢ᠂ ᠠᠷᠢᠶᠠᠳᠠᠨ ᠬᠦᠷᠤᠭᠡᠰᠤ ᠰᠦᠷᠥᠭᠯᠠᠨ ᠪᠡᠯᠴᠢᠭᠰᠡᠨ᠂ ᠬᠤᠶᠠᠷ ᠲᠠᠯ᠎ᠠ ᠪᠠᠷ ᠢᠶᠠᠨ ᠤᠷᠤᠰᠬᠠᠯ ᠭᠤᠤᠯ ᠲᠠᠢ ᠡᠵᠠᠬᠦᠢ ᠭᠠᠵᠠᠷ ᠲᠤ ᠬᠦᠷᠴᠤ ᠢᠷᠠᠪᠠ᠃ ᠠᠷᠠᠪᠵᠤᠤᠷ᠂ ᠬᠠᠭᠠᠨ ᠡᠵᠠᠨ ᠠᠴᠠ ᠡᠨᠠᠬᠦ ᠭᠠᠵᠠᠷ ᠲᠤ ᠠᠪᠴᠤ ᠨᠤᠳᠤᠭᠯᠠᠬᠤ ᠰᠠᠨᠠᠭᠠᠳᠠᠢ ᠭᠡᠯᠠᠮᠤᠷᠴᠢᠨ ᠢᠶᠠᠨ ᠲᠠᠭᠠᠭᠤᠯᠤᠨ ᠭᠡᠳᠤᠨ ᠮᠢᠩᠭᠠᠨ ᠭᠠᠵᠠᠷ ᠢ ᠲᠠᠮᠡᠭᠡ ᠪᠠᠷ ᠲᠤᠭᠤᠯᠤᠨ ᠪᠡᠭᠡᠵᠢᠩ ᠳᠤ ᠬᠦᠷᠴᠤ ᠬᠠᠭᠠᠨ ᠡᠵᠠᠨ ᠳᠤ ᠪᠠᠷᠠᠯᠬᠠᠵᠠᠢ᠃
     ︽ᠪᠢᠳᠠ ᠪᠤᠯ ᠨᠤᠳᠤᠭ
ᠤᠰᠤ ᠦᠭᠡᠢ ᠲᠠᠨᠤᠬᠦᠯ ᠠᠷᠠᠤᠨ᠂ ᠬᠠᠭᠠᠨ ᠡᠵᠠᠨ ᠤ ᠠᠯᠪᠠᠳᠤ ᠬᠠᠷᠢᠶᠠᠳᠤ ᠪᠤᠯᠬᠤ ᠰᠠᠨᠠᠭᠠᠳᠠᠢ ᠪᠠᠶᠢᠨ᠎ᠠ᠂ ᠡᠵᠠᠨ ᠦᠷᠤᠰᠢᠶᠠᠵᠤ ᠭᠠᠵᠠᠷ ᠨᠤᠳᠤᠭ ᠬᠠᠶᠢᠷᠠᠯᠠᠬᠤ ᠪᠤᠯᠪᠠ ᠤᠤ︕︾ ᠭᠡᠰᠠᠨ ᠳᠤ ᠬᠠᠭᠠᠨ᠄ ︽ᠲᠠ ᠨᠠᠷ ᠬᠠᠮᠢᠭ᠎ᠠ ᠨᠤᠳᠤᠭᠯᠠᠵᠤ ᠰᠠᠭᠤᠬᠤ ᠰᠠᠨᠠᠭᠠᠳᠠᠢ ᠪᠤᠢ︖︾ ᠭᠡᠵᠤ ᠠᠰᠠᠭᠤᠭᠰᠠᠨ ᠳᠤ᠂ ᠠᠷᠠᠪᠵᠤᠤᠷ᠄ ︽ᠪᠠᠷᠠᠭᠤᠨ ᠬᠤᠶᠢᠳᠤ ᠵᠦᠭ ᠲᠤ ᠨᠢᠭᠡᠨ ᠭᠤᠤᠯ ᠤᠰᠤ ᠲᠠᠢ᠂ ᠤᠢ ᠮᠤᠳᠤ ᠲᠠᠢ᠂ ᠡᠵᠠᠨ ᠦᠭᠡᠢ ᠭᠠᠵᠠᠷ ᠪᠠᠶᠢᠨ᠎ᠠ᠃ ᠬᠠᠭᠠᠨ ᠡᠵᠠᠨ ᠲᠠᠷᠨ ᠭᠠᠵᠠᠷ ᠢ ᠪᠢᠳᠠᠨ ᠳᠤ ᠬᠠᠶᠢᠷᠠᠯᠠᠬᠤ ᠪᠤᠯᠪᠠ ᠤᠤ︖︾ ᠭᠡᠰᠠᠨ ᠳᠤ᠂ ᠬᠠᠭᠠᠨ ᠡᠨᠡ ᠦᠭᠡ ᠶᠢ ᠰᠤᠨᠤᠰᠤᠭᠠᠤᠨ ᠶᠡᠭᠡ ᠡᠶᠠᠬᠦᠢ ᠪᠤᠯᠵᠤ᠄ ︽ᠲᠡᠭᠷᠢ ᠶᠢᠨ ᠲᠤᠤᠷᠠᠬᠢ ᠪᠦᠬᠦᠳᠠ ᠡᠵᠠᠨ ᠬᠠᠭᠠᠨ ᠮᠢᠨᠤ ᠡᠷᠭᠡᠨ ᠲᠤᠤᠷ᠎ᠠ ᠪᠠᠶᠢᠳᠠᠯ᠎ᠠ ᠪᠠᠰᠠ ᠡᠵᠠᠬᠦᠢ ᠭᠠᠵᠠᠷ ᠭᠡᠵᠤ ᠪᠠᠶᠢᠳᠠᠭ ᠶᠤᠮ ᠤᠤ︖︾ ᠭᠡᠤᠨ᠄ ︽ᠶᠠᠭᠤ ᠭᠡᠨ᠎ᠠ︖ ᠬᠠᠮᠢᠭ᠎ᠠ ︿ᠡᠵᠠᠨ ᠦᠭᠡᠢ﹀ ᠭᠠᠵᠠᠷ ᠪᠠᠶᠢᠨ᠎ᠠ︖︾ ᠭᠡᠵᠤ ᠠᠰᠠᠭᠤᠭᠰᠠᠨ ᠳᠤ ᠠᠷᠠᠪᠵᠤᠤᠷ ᠤᠨ ᠲᠠᠷᠭᠡᠳᠠ ᠰᠠᠭᠤᠵᠤ ᠪᠠᠶᠢᠭᠰᠠᠨ ᠭᠡᠯᠠᠮᠤᠷᠴᠢᠨ ᠨᠢ ᠠᠷᠠᠪᠵᠤᠤᠷ ᠡᠵᠠᠨ ᠬᠠᠭᠠᠨ ᠤ ᠦᠭᠡᠳᠠ ᠠᠴᠠ ᠪᠤᠷᠤᠭᠤ ᠦᠭᠡ ᠶᠠᠷᠢᠭᠰᠠᠨ ᠢ ᠰᠤᠨᠤᠰᠤᠭᠠᠤᠨ ᠤᠳᠤ ᠴᠤ ᠭᠡᠷᠡᠭ ᠪᠢᠰᠢ ᠪᠤᠯᠤᠯ᠎ᠠ ᠭᠡᠵᠤ ᠮᠠᠳᠠᠭᠡᠤᠨ ᠠᠷᠠᠪᠵᠤᠤᠷ ᠢ ᠬᠠᠷᠢᠭᠤ ᠲᠤᠤᠭᠠᠷᠬᠤ ᠠᠴᠠ ᠤᠷᠢᠤᠨ ᠠᠮᠵᠢᠭᠤᠯᠵᠤ ᠡᠵᠠᠨ ᠬᠠᠭᠠᠨ ᠤ ᠡᠮᠤᠨ᠎ᠠ ᠰᠦᠬᠦᠳᠤᠭᠡᠤᠨ᠄ ︽ᠪᠢᠰᠢ᠂ ᠪᠢᠰᠢ︕ ᠲᠠᠡᠳᠠ ᠨᠢᠭᠡ ︿ᠡᠵᠠᠨ ᠤ﹀ ᠭᠡᠳᠡᠭ ᠤᠰᠤ ᠡᠪᠠᠰᠤ ᠲᠠᠢ ᠰᠠᠶᠢᠬᠠᠨ ᠪᠠᠯᠴᠢᠭᠡᠷ ᠪᠠᠶᠢᠨ᠎ᠠ︾ ᠭᠡᠵᠤ ᠵᠠᠯᠠᠷᠠᠭᠤᠯᠤᠨ ᠠᠶᠢᠯᠠᠤᠠᠬᠠᠵᠠᠢ᠃
     ᠡᠬᠦᠨ ᠳᠤ ᠬᠠᠭᠠᠨ
ᠭᠡᠯᠠᠬᠦ ᠦᠭᠡ ᠦᠭᠡᠢ ᠪᠤᠯᠤᠭᠠᠤᠨ᠂ ᠦᠭᠡ ᠶᠢ ᠨᠢ ᠲᠠᠭᠠᠭᠤᠯᠤᠨ᠄ ︽ᠲᠠᠭᠡᠪᠠᠯ ᠪᠤᠯᠵᠠᠢ︕ ᠮᠦᠨ ᠲᠠᠷᠨ ᠭᠠᠵᠠᠷ ᠲᠤ ᠨᠤᠳᠤᠭᠯᠠᠨ ᠰᠠᠭᠤᠭᠠᠷᠠᠢ︕︾ ᠭᠡᠵᠠᠢ᠃ ᠲᠠᠬᠦᠨ ᠠᠴᠠ ᠬᠤᠶᠢᠰᠢ ᠡᠨᠠᠬᠦ ᠭᠠᠵᠠᠷ ᠢ ︽ᠡᠵᠠᠨ ᠤ ᠭᠤᠤᠯ︾ ᠭᠡᠵᠤ ᠲᠠᠭᠤᠳᠠᠬᠤ ᠪᠤᠯᠵᠤ ᠤᠳᠠᠭᠠᠨ ᠳᠤ ᠪᠠᠨ ︽ᠡᠵᠠᠨ᠎ᠠ︾ ᠪᠤᠯᠵᠤ ᠬᠤᠪᠢᠷᠠᠵᠠᠢ᠃
     ᠬᠤᠶᠠᠷ᠂ ᠨᠠᠽᠠᠷ ᠤᠨ ᠬᠦᠤ
ᠠᠷᠠᠪᠵᠤᠤᠷ ᠭᠡᠭᠴᠢ ᠡᠭᠡ ᠠᠴᠠ ᠲᠦᠷᠤᠬᠦ ᠳᠤ ᠪᠠᠨ ᠵᠠᠬᠦᠨ ᠭᠠᠷ ᠲᠤ ᠪᠠᠨ ᠨᠦᠵᠢ ᠠᠤᠠᠬᠤᠵᠤ᠂ ᠪᠠᠷᠠᠭᠤᠨ ᠭᠠᠷ ᠲᠤ ᠪᠠᠨ ᠮᠦᠭᠡᠷᠰᠤᠨ ᠬᠢᠳᠤᠭ᠎ᠠ ᠪᠠᠷᠢᠵᠤ ᠭᠠᠷᠤᠯ᠎ᠠ ᠭᠡᠳᠡᠭ᠃ ᠲᠠᠭᠡᠭᠡᠤᠨ ᠨᠠᠽᠠᠷ ᠡᠨᠡ ᠴᠤ ᠰᠠᠬᠦᠯᠠᠷ ᠨᠢᠭᠡ ᠭᠡᠷᠡᠭ ᠬᠢᠬᠦ ᠠᠮᠢᠳᠠᠨ ᠪᠤᠯᠤᠨ᠎ᠠ᠂ ᠠᠮᠢᠳᠤ ᠪᠠᠶᠢᠯᠭᠠᠵᠤ ᠪᠤᠯᠬᠤ ᠦᠭᠡᠢ ᠭᠡᠤᠨ ᠭᠠᠷᠤᠭᠰᠠᠨ ᠲᠤᠤᠷ᠎ᠠ ᠨᠢ ᠲᠤᠨᠢᠯᠭᠠᠬᠤ ᠭᠡᠰᠠᠨ ᠳᠤ ᠡᠭᠡ ᠨᠢ ᠤᠬᠢᠯᠠᠵᠤ ᠤᠠᠵᠢᠨ᠂ ︽ᠶᠠᠭᠠᠬᠢᠭᠰᠠᠨ ᠴᠤ ᠠᠷᠪᠠᠨ ᠭᠤᠷᠪᠠᠨ ᠨᠠᠰᠤ ᠬᠦᠷᠳᠠᠯ᠎ᠠ ᠠᠮᠢᠳᠤ ᠶᠠᠪᠤᠭᠤᠯᠬᠤ ᠪᠤᠯᠪᠠ ᠤᠤ︖︾ ᠭᠡᠮᠠᠨ ᠮᠦᠷᠬᠦᠵᠤ ᠰᠦᠬᠦᠳᠤᠨ ᠪᠠᠶᠢᠬᠤᠯᠠᠷ ᠨᠠᠽᠠᠷ ᠠᠷᠭ᠎ᠠ ᠪᠤᠰᠤ ᠲᠠᠷᠨ ᠰᠠᠨᠠᠯ ᠢ ᠨᠢ ᠵᠦᠪᠰᠢᠶᠠᠷᠠᠵᠠᠢ᠃
     ᠲᠤᠯᠤᠭᠠᠨ ᠨᠠᠰᠤ ᠬᠦᠷᠥᠭᠰᠠᠨ ᠴᠢᠨᠢ ᠠᠷᠠᠪᠵᠤᠤᠷ ᠭᠡᠷ ᠲᠤ ᠪᠠᠨ
ᠲᠤᠭᠳᠠᠬᠤ ᠪᠠᠨ ᠪᠠᠶᠢᠭᠠᠤᠨ ᠦᠷᠬᠦᠯᠵᠢ ᠭᠠᠳᠠᠭᠰᠢ ᠭᠠᠷᠴᠤ ᠶᠠᠪᠤᠳᠠᠭ ᠪᠤᠯᠤᠯ᠎ᠠ᠃ ᠲᠠᠭᠡᠵᠤ ᠪᠠᠶᠢᠭᠠᠤᠨ ᠨᠢᠭᠡ ᠭᠡᠤᠭᠡᠤᠨ ᠲᠠᠭᠠᠭᠤᠯᠤᠭᠠᠤᠨ ᠢᠷᠠᠳᠡᠭ ᠭᠡᠨ᠎ᠠ᠃ ᠡᠨᠡ ᠮᠢᠨᠤ ᠨᠠᠶᠢᠵᠠ ᠭᠡᠳᠠᠯ᠎ᠠ ᠨᠦᠬᠦᠷ ᠭᠡᠤᠨ᠂ ᠶᠠᠳᠠᠭᠤ ᠵᠦᠳᠠᠬᠦᠤ ᠭᠡᠳᠠᠯ᠎ᠠ ᠦᠨᠤᠴᠢᠨ ᠦᠷᠤᠭᠡᠰᠤᠨ ᠭᠡᠵᠤ᠂ ︽ᠲᠠ ᠨᠠᠷ ᠰᠠᠶᠢᠳᠤᠷ ᠬᠠᠷᠠᠭᠠᠯᠵᠠᠭᠠᠷᠠᠢ︾ ᠭᠡᠵᠤ ᠵᠠᠬᠢᠭᠠᠤᠨ ᠯᠠ ᠶᠠᠪᠤᠴᠢᠬᠠᠳᠠᠭ᠃ ᠡᠵᠢ ᠨᠢ ᠴᠤ ᠶᠠᠭᠠᠬᠢᠬᠤ ᠪᠤᠢ ᠡᠨᠡ ᠮᠠᠭᠤ ᠬᠦᠤ ᠮᠢᠨᠢ ᠠᠷᠪᠠᠨ ᠭᠤᠷᠪᠠᠭ᠋ᠠᠨ ᠵᠢᠯ ᠤᠨ ᠠᠮᠢ ᠲᠠᠢ ᠶᠤᠮ ᠴᠢᠨᠢ ᠲᠤᠷ᠎ᠠ ᠪᠠᠷ ᠢᠶᠠᠨ ᠪᠤᠯᠤᠭ ᠭᠡᠤᠨ ᠶᠠᠷᠤ ᠬᠠᠮᠢᠶᠠᠷᠬᠤ ᠦᠭᠡᠢ ᠰᠠᠨᠠᠭ᠎ᠠ ᠪᠠᠷ ᠨᠢ ᠪᠠᠶᠢᠯᠭᠠᠳᠠᠭ ᠪᠠᠶᠢᠯ᠎ᠠ᠃ ᠲᠠᠭᠡᠭᠰᠠᠭᠡᠷ ᠪᠠᠶᠢᠳᠠᠯ᠎ᠠ ᠠᠷᠠᠪᠵᠤᠤᠷ ᠠᠷᠪᠠᠨ ᠭᠤᠷᠪᠠᠨ ᠨᠠᠰᠤ ᠬᠦᠷᠬᠦ ᠳᠤ ᠦᠪᠠᠷ ᠲᠠᠢ ᠪᠠᠨ ᠨᠠᠶᠢᠯᠠᠭᠡᠤᠨ ᠠᠬ᠎ᠠ ᠲᠠᠬᠦᠤ ᠠᠷᠪᠠᠨ ᠭᠤᠷᠪᠠᠭᠤᠯᠨ ᠪᠤᠯᠵᠤ ᠭᠡᠨ᠎ᠠ᠃ ᠡᠬᠦᠨ ᠳᠤ ᠨᠠᠽᠠᠷ ᠤᠳᠤ ᠴᠤ ᠡᠬᠦᠨ ᠢ ᠨᠠᠮᠨᠠᠬᠤ ︵ᠲᠤᠨᠢᠯᠭᠠᠬᠤ︶ ᠦᠭᠡᠢ ᠪᠤᠯᠬᠤ ᠦᠭᠡᠢ ᠭᠡᠤᠨ ᠭᠠᠷᠤᠭᠰᠠᠨ ᠴᠢᠨᠢ ᠠᠷᠠᠪᠵᠤᠤᠷ ᠴᠤ ᠠᠵᠢᠭ ᠠᠪᠴᠤ ᠠᠬ᠎ᠠ ᠲᠠᠬᠦᠤ ᠠᠷᠪᠠᠨ ᠭᠤᠷᠪᠠᠭᠤᠯᠨ ᠨᠠᠶᠢᠯᠠᠭᠡᠤᠨ ᠲᠤᠳᠠᠭᠠᠴᠢᠬᠠᠵᠠᠢ᠃ ᠠᠷᠤ ᠠᠴᠠ ᠨᠢ ᠴᠡᠷᠢᠭ ᠮᠤᠷᠢ ᠬᠦᠳᠠᠯᠭᠡᠵᠤ ᠬᠦᠭᠡᠭᠡᠭᠡᠤᠨ ᠤᠴᠢᠭᠰᠠᠨ ᠴᠢᠨᠢ ᠨᠢᠭᠡ ᠭᠤᠤᠯ ᠤᠨ ᠲᠤᠬᠤᠢ ᠲᠠᠭᠡᠷ᠎ᠠ ᠴᠠᠭᠠᠨ ᠭᠡᠷ ᠢᠷᠠᠶᠢᠴᠢᠬᠠᠭᠰᠠᠨ᠂ ᠦᠭᠡᠷ ᠮᠦᠭᠡᠷᠠᠴᠢᠭᠡᠭᠰᠠᠨ᠂ ᠢᠡᠭᠭᠡ ᠪᠤᠳᠤᠭᠤ ᠪᠤᠶᠢᠯᠠᠯᠳᠤᠴᠢᠬᠠᠭᠰᠠᠨ᠂ ᠨᠤᠬᠠᠢ ᠭᠡᠳᠡᠭ ᠬᠤᠴᠠᠴᠢᠬᠠᠭᠰᠠᠨ ᠪᠦᠭᠡᠤᠨ ᠦᠮᠠᠭᠡᠢ ᠦᠨᠤᠷ ᠰᠠᠩᠬᠤᠯᠤᠭᠤᠯᠴᠢᠬᠠᠭᠰᠠᠨ ᠪᠠᠷᠭᠡ ᠶᠢᠨ ᠶᠠᠭᠤᠮ᠎ᠠ ᠪᠠᠶᠢᠵᠤ ᠪᠠᠶᠢᠨ᠎ᠠ ᠭᠡᠨ᠎ᠠ᠃
     ᠲᠠᠭᠡᠭᠡᠤᠨ ︽ᠡᠨᠡ ᠭᠠᠵᠠᠷ ᠲᠤ
ᠬᠢᠵᠢᠭ ᠲᠤᠮᠤᠭᠤ ᠢᠷᠠᠭᠡᠤᠨ ᠬᠠᠮᠠᠭᠤᠷᠠᠴᠢᠬᠠᠭᠰᠠᠨ᠂ ᠭᠡᠴᠢᠨᠠᠨ ᠨᠢ ᠦᠬᠦᠵᠤ ᠦᠮᠠᠭᠡᠶᠢᠷᠠᠭᠡᠤᠨ ᠪᠠᠶᠢᠨ᠎ᠠ᠂ ᠲᠠ ᠨᠠᠷ ᠤᠳᠤ ᠤᠶᠢᠷᠠᠤᠠᠴᠤ ᠪᠤᠯᠬᠤ ᠦᠭᠡᠢ︾ ᠭᠡᠬᠦᠯᠠᠷ ᠴᠡᠷᠢᠭ ᠤᠳ ᠨᠢ ᠠᠶᠤᠵᠤ ᠰᠡᠵᠢᠭᠯᠡᠭᠡᠤᠨ ᠪᠤᠴᠠᠵᠤ ᠢᠷᠠᠵᠤ ᠨᠠᠽᠠᠷ ᠪᠠᠶᠢᠰᠠ ᠳᠤ ᠮᠠᠳᠠᠬᠦᠯᠬᠦ ᠪᠠᠷ ᠬᠦᠷᠴᠠᠢ᠃ ᠲᠠᠭᠡᠬᠦᠯᠠᠷ ᠨᠠᠽᠠᠷ᠄ ︽ᠭᠤᠤᠯ ᠤᠨ ᠲᠤᠬᠤᠢ ᠲᠠᠭᠡᠷ᠎ᠠ ᠪᠠᠶᠢᠭ᠎ᠠ ᠶᠤᠮ ᠴᠢᠨᠢ ᠵᠠᠳᠠᠭᠠᠢ ᠲᠠᠯ᠎ᠠ ᠠᠴᠠ ᠨᠢ ᠲᠤᠷᠤᠭᠰᠢ ᠰᠢᠬᠠᠪᠠᠯ ᠬᠠᠮᠢᠭᠠᠰᠢ ᠲᠤᠳᠠᠭᠠᠬᠤ ᠪᠤᠢ︾ ᠭᠡᠮᠠᠨ ᠵᠠᠬᠢᠭᠰᠠᠨ ᠳᠤ ᠴᠡᠷᠢᠭ ᠤᠳ ᠠᠮᠠᠨ ᠲᠠᠯ᠎ᠠ ᠶᠢ ᠨᠢ ᠬᠠᠭᠠᠭᠠᠤᠨ ᠭᠤᠤᠯ ᠤᠨ ᠲᠤᠬᠤᠢ ᠤᠷᠤᠭᠤ ᠰᠢᠬᠠᠵᠤ ᠭᠡᠴᠢᠨᠠᠨ ᠬᠤᠨᠤᠭ ᠪᠤᠯᠬᠤ ᠳᠤ᠂ ᠤᠳᠤ ᠴᠤ ᠡᠳᠠᠨ ᠤ ᠬᠤᠭᠤᠯᠨ ᠬᠦᠨᠠᠰᠤ ᠨᠢ ᠲᠠᠰᠤᠷᠠᠭᠠᠤᠨ ᠬᠦᠴᠤ ᠨᠢ ᠮᠠᠭᠤᠳᠠᠭᠰᠠᠨ ᠭᠡᠵᠤ ᠪᠤᠳᠤᠵᠠᠭᠠᠵᠤ ᠪᠠᠶᠢᠳᠠᠯ᠎ᠠ᠂ ᠭᠡᠨᠠᠤᠡᠳᠠ ᠨᠢᠭᠡ ᠬᠠᠯᠠᠭᠤᠨ ᠦᠳᠠ ᠳᠤ ᠬᠦᠮᠤᠨ ᠮᠠᠯ ᠱᠤᠤᠬᠢᠯᠳᠤᠵᠤ ᠡᠬᠢᠯᠠᠪᠠ᠃ ᠡᠨᠡ ᠴᠢᠨᠢ ᠤᠳᠤ ᠶᠠᠭᠤ ᠪᠤᠯᠵᠤ ᠪᠠᠶᠢᠳᠠᠭ ᠶᠤᠮ ᠭᠡᠤᠨ ᠬᠠᠷᠠᠳᠠᠯ᠎ᠠ ᠬᠠᠯᠠᠭᠤᠨ ᠵᠤᠨ ᠤ ᠦᠳᠠ ᠳᠤ ᠲᠦᠬᠦᠷᠠᠩ ᠤᠰᠤ ᠲᠠᠢ ᠭᠤᠤᠯ ᠲᠠᠭᠡᠬᠦᠷ ᠮᠦᠰᠤᠨ ᠬᠦᠤᠷ ︵ᠬᠦᠬᠦᠷᠭᠡ︶ ᠭᠠᠷᠴᠢᠬᠠᠭᠰᠠᠨ᠂ ᠲᠠᠭᠡᠬᠦᠷ ᠨᠢ ᠨᠦᠬᠦᠭᠡ ᠭᠡᠳᠤᠬᠦᠯᠨ ᠴᠢᠨᠢ ᠭᠤᠤᠯ ᠤᠨ ᠴᠠᠭᠠᠳᠤ ᠬᠦᠪᠡᠭᠡᠨ ᠳᠤ ᠭᠠᠷᠴᠠᠭᠠᠵᠤ ᠪᠠᠶᠢᠯ᠎ᠠ᠃ ᠲᠠᠭᠡᠭᠡᠤᠨ ᠨᠠᠽᠠᠷ ᠤᠨ ᠴᠡᠷᠢᠭ ᠰᠠᠡᠳᠤᠷᠴᠤ ᠨᠤᠮᠤ ᠰᠤᠮᠤ᠂ ᠫᠤᠤ ᠰᠠᠭᠠᠳᠠᠭ ᠢᠶᠠᠨ ᠪᠠᠷᠢᠭᠠᠤᠨ ᠠᠷᠤ ᠠᠴᠠ ᠨᠢ ᠬᠦᠭᠡᠭᠡᠭᠡᠤᠨ ᠭᠠᠷᠳᠠᠯ᠎ᠠ ᠮᠦᠰᠤᠨ ᠬᠦᠤᠷ ᠨᠢ ᠬᠠᠶᠢᠯᠤᠭᠠᠤᠨ ᠤᠯᠠᠨ ᠴᠡᠷᠢᠭ ᠨᠢ ᠤᠰᠤᠨ ᠳᠤ ᠤᠨᠠᠭᠠᠤᠨ ᠦᠬᠦᠵᠤ ᠭᠡᠨ᠎ᠠ᠃ ᠤᠤᠯ ᠨᠢ ᠲᠠᠷᠨ ᠠᠬ᠎ᠠ ᠲᠠᠬᠦᠤ ᠠᠷᠪᠠᠨ ᠭᠤᠷᠪᠠᠭᠤᠯᠨ ᠨᠢᠭᠡ ᠨᠢ ᠨᠢᠭᠡ ᠵᠦᠢᠯ ᠤᠨ ᠡᠷᠳᠠᠮ ᠲᠠᠢ ᠪᠠᠶᠢᠵᠤ᠂ ᠪᠠᠭᠠᠳᠤᠷ᠂ ᠪᠦᠭᠡ᠂ ᠫᠤᠤᠴᠢ ︵ᠨᠠᠮᠨᠠᠭᠠᠴᠢ︶᠂ ᠵᠠᠤᠠᠴᠢ᠂ ᠴᠢᠩᠨᠠᠭᠠᠴᠢ᠂ ᠠᠩᠴᠢ᠂ ᠠᠳᠤᠭᠤᠴᠢ᠂ ᠬᠤᠮᠨᠤᠭᠠᠴᠢ᠂ ᠬᠤᠨᠢᠴᠢ᠂ ᠬᠤᠳᠠᠯᠴᠢ᠂ ᠬᠤᠯᠠᠭᠠᠶᠢᠴᠢ᠂ ᠰᠢᠡᠵᠢᠭᠡᠴᠢ᠂ ᠰᠢᠳᠢᠴᠢ ᠵᠠᠷᠭᠡ ᠠᠷᠪᠠᠨ ᠭᠤᠷᠪᠠᠨ ᠵᠦᠢᠯ ᠤᠨ ᠡᠷᠳᠠᠮ ᠳᠤ ᠴᠠᠭᠠᠷᠠᠭᠰᠠᠨ ᠶᠤᠮ ᠭᠡᠨ᠎ᠠ᠃ ᠴᠢᠩᠨᠠᠭᠠᠴᠢ ᠨᠢ ᠭᠡᠴᠢᠨᠠᠨ ᠭᠠᠵᠠᠷ ᠤᠨ ᠬᠤᠯᠨ ᠶᠠᠭᠤᠮ᠎ᠠ ᠶᠢ ᠴᠤ ᠴᠢᠩᠨᠠᠭᠠᠤᠨ ᠮᠠᠳᠠᠴᠢᠭᠡᠳᠡᠭ ᠭᠡᠨ᠎ᠠ᠃ ᠰᠢᠳᠢᠴᠢ ᠨᠢ ᠰᠢᠳᠢ ᠦᠵᠠᠬᠦᠯᠤᠨ ᠶᠧᠯᠸᠢ ᠭᠠᠷᠭᠠᠵᠤ᠂ ᠭᠤᠤᠯ ᠤᠨ ᠲᠤᠬᠤᠢ ᠲᠠᠭᠡᠷ᠎ᠠ ᠮᠤᠩᠭᠤᠯ ᠭᠡᠷ ᠢᠷᠠᠶᠢᠨ᠂ ᠦᠭᠡᠷ ᠮᠦᠭᠡᠷᠠᠨ ᠲᠠᠮᠡᠭᠡ ᠪᠤᠶᠢᠯᠠᠯᠳᠤᠵᠤ᠂ ᠨᠤᠬᠠᠢ ᠬᠤᠴᠠᠭᠰᠠᠨ ᠨᠢ ᠪᠦᠷ ᠯᠠ ᠶᠧᠯᠸᠢ ᠭᠠᠷᠭᠠᠵᠤ ᠰᠢᠳᠢ ᠦᠵᠠᠬᠦᠯᠦᠭᠰᠠᠨ ᠤ ᠬᠦᠴᠤ ᠪᠠᠶᠢᠵᠤ ᠭᠡᠨ᠎ᠠ᠃ ᠬᠤᠳᠠᠯᠴᠢ ᠬᠤᠯᠠᠭᠠᠶᠢᠴᠢ ᠨᠢ ᠠᠶᠢᠯ ᠤᠨ ᠬᠤᠨᠢ ᠮᠠᠯ ᠬᠤᠯᠠᠭᠠᠶᠢᠯᠠᠵᠤ ᠠᠪᠴᠢᠷᠠᠭᠠᠤᠨ ᠠᠬ᠎ᠠ ᠲᠠᠬᠦᠤ ᠠᠷᠪᠠᠨ ᠭᠤᠷᠪᠠᠭᠤᠯᠨ ᠭᠤᠤᠯ ᠤᠨ ᠲᠤᠬᠤᠢ ᠲᠠᠭᠡᠷ᠎ᠠ ᠴᠢᠨᠠᠵᠤ ᠢᠳᠡᠭᠰᠠᠨ ᠪᠠ ᠭᠡᠳᠠᠰᠤ ᠲᠤᠳᠤᠷ ᠢ ᠨᠢ ᠭᠠᠷᠭᠠᠵᠤ ᠬᠠᠶᠠᠭᠰᠠᠨ ᠳᠤ ᠵᠤᠨ ᠤ ᠬᠠᠯᠠᠭᠤᠨ ᠳᠤ ᠦᠳᠤ ᠪᠠᠳᠠᠭᠠᠨ᠎ᠠ ᠴᠤᠭᠯᠠᠷᠠᠨ ᠦᠮᠠᠭᠡᠢ ᠬᠠᠨᠭ᠍ᠬᠤᠯᠤᠭᠰᠠᠨ ᠨᠢ ︽ᠬᠢᠵᠢᠭ ᠲᠤᠮᠤᠭᠤ ᠲᠠᠯᠭᠡᠷᠡᠭᠰᠠᠨ︾ ᠭᠡᠵᠤ ᠬᠠᠭᠤᠷᠮᠠᠭ ᠪᠠᠶᠢᠳᠠᠯ ᠭᠠᠷᠭᠠᠭᠰᠠᠨ ᠭᠡᠨ᠎ᠠ᠃ ᠵᠠᠤᠠᠴᠢ ᠨᠢ ᠵᠠᠤᠨ ᠢᠶᠠᠨ ᠭᠡᠷᠡᠭᠯᠠᠨ ᠬᠠᠯᠠᠭᠤᠨ ᠵᠤᠨ ᠢᠶᠠᠷ ᠮᠦᠰᠤᠨ ᠬᠦᠤᠷ ᠬᠦᠯᠳᠠᠭᠡᠵᠤ ᠲᠠᠭᠡᠬᠦᠷ ᠨᠢ ᠲᠤᠳᠠᠭᠠᠵᠤ ᠭᠠᠷᠤᠭᠠᠤᠨ ᠵᠠᠤᠨ ᠢᠶᠠᠨ ᠲᠠᠶᠢᠯᠤᠭᠰᠠᠨ ᠳᠤ ᠦᠨᠤ ᠮᠦᠰᠤ ᠨᠢ ᠬᠠᠶᠢᠯᠵᠤ ᠠᠷᠤ ᠠᠴᠠ ᠨᠢ ᠬᠦᠭᠡᠭᠡᠭᠰᠠᠨ ᠴᠡᠷᠢᠭ ᠤᠳ ᠢ ᠪᠦᠷ ᠤᠰᠤᠨ ᠳᠤ ᠤᠨᠠᠭᠠᠭᠰᠠᠨ ᠪᠠᠶᠢᠵᠠᠢ᠃
     ᠲᠠᠭᠡᠭᠡᠤᠨ ᠠᠬ᠎ᠠ ᠲᠠᠬᠦᠤ ᠠᠷᠪᠠᠨ ᠭᠤᠷᠪᠠᠭᠤᠯᠨ ᠲᠠᠡᠳᠠ ᠠᠴᠠ ᠪᠠᠨ ᠲᠤᠳᠠᠭᠠᠨ
ᠭᠠᠷᠤᠭᠠᠤᠨ ᠶᠠᠪᠤᠭᠰᠠᠭᠠᠷ ᠪᠠᠶᠢᠵᠤ ᠨᠢᠭᠡᠨ ᠶᠡᠭᠡ ᠪᠢᠳᠠᠬᠦᠤ ᠤᠢ ᠳᠤ ᠬᠦᠷᠴᠤ ᠢᠷᠠᠭᠡᠤᠨ᠄ ︽ᠡᠨᠡ ᠭᠠᠵᠠᠷ ᠲᠤ ᠨᠤᠳᠤᠭᠯᠠᠨ ᠰᠠᠭᠤᠵᠤ ᠪᠤᠯᠤᠨ᠎ᠠ ᠤᠤ ᠦᠭᠡᠢ ᠤᠤ︖︾ ᠭᠡᠵᠤ ᠰᠢᠡᠵᠢᠭᠡᠴᠢ ᠪᠠᠷ ᠢᠶᠠᠨ ᠰᠢᠡᠵᠢᠬᠦᠯᠦᠭᠰᠠᠨ ᠳᠤ᠂ ︽ᠡᠵᠠᠨ ᠬᠠᠭᠠᠨ ᠠᠴᠠ ᠵᠦᠪᠰᠢᠶᠠᠷᠠᠯ ᠲᠠᠢ ᠪᠤᠯ ᠨᠤᠳᠤᠭᠯᠠᠨ ᠰᠠᠭᠤᠵᠤ ᠪᠤᠯᠬᠤ ᠭᠠᠵᠠᠷ ᠪᠠᠶᠢᠨ᠎ᠠ︾ ᠭᠡᠵᠤ ᠦᠵᠠᠵᠠᠢ᠃ ᠲᠠᠭᠡᠭᠡᠤᠨ ᠲᠠᠷᠨ ᠶᠡᠭᠡ ᠬᠠᠷᠠᠩᠭᠤᠢ ᠤᠢ ᠳᠤ ᠭᠠᠯ ᠦᠭᠴᠤ ᠲᠠᠰᠢᠭᠤᠷ ᠢᠶᠠᠷ ᠢᠶᠠᠨ ᠭᠠᠵᠠᠷ ᠲᠠᠭᠡᠷ᠎ᠠ ᠬᠤᠶᠠᠷ ᠵᠢᠷᠤᠴᠢᠬᠠᠭᠠᠤᠨ ᠲᠤᠮᠳᠠᠭᠤᠷ ᠨᠢ ᠰᠢᠳᠤᠨ ᠤ ᠰᠢᠬᠢᠴᠢᠯᠠᠬᠦᠷ ᠢᠶᠠᠷ ᠢᠶᠠᠨ ᠨᠢᠭᠡ ᠵᠢᠷᠤᠴᠢᠬᠠᠭᠠᠤᠨ ᠪᠦᠬᠦᠳᠠᠭᠡᠷ ᠡᠵᠠᠨ ᠬᠠᠭᠠᠨ ᠠᠴᠠ ᠨᠤᠳᠤᠭ ᠭᠤᠶᠤᠬᠤ ᠪᠠᠷ ᠶᠠᠪᠤᠵᠠᠢ᠃ ᠲᠠᠭᠡᠭᠡᠤᠨ ᠠᠬ᠎ᠠ ᠲᠠᠬᠦᠤ ᠠᠷᠪᠠᠨ ᠭᠤᠷᠪᠠᠭᠤᠯᠨ ᠪᠠᠨ ᠡᠵᠠᠨ ᠬᠠᠭᠠᠨ ᠳᠤ ᠬᠦᠷᠴᠤ ᠪᠠᠷᠠᠯᠬᠠᠭᠠᠤᠨ᠄ ︽ᠲᠠᠡᠳᠠ ᠨᠢᠭᠡ ᠡᠵᠠᠬᠦᠢ ᠭᠠᠵᠠᠷ ᠪᠠᠶᠢᠨ᠎ᠠ︾ ᠭᠡᠰᠠᠨ ᠳᠤ ᠡᠵᠠᠨ ᠬᠠᠭᠠᠨ᠄ ︽ᠶᠠᠭᠤ ᠭᠡᠨ᠎ᠠ︖︾ ᠭᠡᠬᠦ ᠲᠠᠢ ᠵᠠᠷᠭᠡ ᠬᠠᠵᠠᠭᠤ ᠠᠴᠠ ᠨᠢ ᠨᠢᠭᠡ ᠨᠢ᠄ ︽ᠲᠠᠡᠳᠠ ᠡᠵᠠᠨ ᠤ ᠨᠢᠭᠡ ᠭᠠᠵᠠᠷ ᠪᠠᠶᠢᠨ᠎ᠠ᠂ ᠪᠢᠳᠠ ᠨᠤᠳᠤᠭᠯᠠᠨ ᠰᠠᠭᠤᠵᠤ ᠪᠤᠯᠬᠤ ᠤᠤ︖︾ ᠭᠡᠵᠤ ᠵᠠᠯᠠᠷᠠᠭᠤᠯᠤᠨ ᠠᠶᠢᠯᠠᠤᠠᠬᠠᠵᠤ ᠭᠡᠨ᠎ᠠ᠃ ᠲᠠᠭᠡᠭᠡᠤᠨ ᠬᠠᠭᠠᠨ ᠄ ︽ᠪᠤᠯᠤᠨ᠎ᠠ︕︾ ᠭᠡᠵᠤ ᠵᠦᠪᠰᠢᠶᠠᠷᠡᠭᠰᠠᠨ ᠠᠴᠠ ᠪᠦᠬᠦᠳᠠᠭᠡᠷ ᠢᠶᠠᠨ ᠪᠠᠶᠠᠷ ᠲᠠᠢ ᠪᠤᠴᠠᠵᠤ ᠢᠷᠠᠵᠠᠢ᠃
     ᠵᠠ
ᠲᠠᠭᠡᠭᠡᠤᠨ ᠠᠬ᠎ᠠ ᠲᠠᠬᠦᠤ ᠠᠷᠪᠠᠨ ᠭᠤᠷᠪᠠᠭᠤᠯᠨ ᠡᠵᠠᠨ ᠬᠠᠭᠠᠨ ᠠᠴᠠ ᠨᠤᠳᠤᠭ ᠭᠤᠶᠤᠵᠤ ᠤᠯᠤᠭᠠᠤᠨ ᠪᠤᠴᠠᠵᠤ ᠢᠷᠠᠳᠠᠯ᠎ᠠ ᠨᠢᠭᠡᠨᠳᠠ ᠪᠦᠳᠤᠨ ᠭᠤᠷᠪᠠᠨ ᠵᠢᠯ ᠪᠤᠯᠵᠠᠢ᠃ ᠢᠷᠠᠬᠦ ᠳᠤᠨᠢ ᠦᠨᠤ ᠪᠢᠳᠠᠬᠦᠤ ᠤᠢ ᠨᠢ ᠰᠢᠳᠠᠵᠤ ᠪᠠᠷᠠᠭᠠᠤᠨ ᠦᠨᠠᠰᠤ ᠨᠢ ᠪᠦᠯᠢᠶᠠᠨ ᠪᠠᠶᠢᠭᠰᠠᠨ ᠪᠦᠭᠡᠤᠨ ᠲᠠᠪᠤᠨ ᠮᠤᠳᠤ ᠦᠯᠠᠳᠡᠭᠰᠠᠨ ᠤ ᠨᠢᠭᠡ ᠨᠢ ᠤᠳᠤ ᠰᠤᠪᠨᠠᠭᠤᠷ ᠲᠤ ᠪᠠᠶᠢᠭ᠎ᠠ ᠬᠤᠪᠢᠯᠭᠠᠨ ᠮᠤᠳᠤ ︵ᠱᠠᠷᠬᠢᠷᠤᠤ ᠶᠢᠨ ᠲᠤᠤᠷᠠᠢ︶ ᠶᠤᠮ ᠭᠡᠨ᠎ᠠ᠃ ᠲᠠᠰᠢᠭᠤᠷ ᠢᠶᠠᠷ ᠢᠶᠠᠨ ᠵᠢᠷᠤᠭᠰᠠᠨ ᠨᠢᠭᠡ ᠨᠢ ᠮᠦᠷᠠᠨ ᠭᠤᠤᠯ᠂ ᠨᠦᠬᠦᠭᠡ ᠨᠢᠭᠡ ᠨᠢ ᠤᠷᠢᠳᠤ ᠭᠤᠤᠯ ᠪᠤᠯᠵᠤ᠂ ᠰᠢᠳᠤᠨ ᠤ ᠰᠢᠬᠢᠴᠢᠯᠠᠬᠦᠷ ᠢᠶᠠᠷ ᠵᠢᠷᠤᠭᠰᠠᠨ ᠨᠢ ᠨᠠᠷᠢᠨ ᠭᠤᠤᠯ ᠪᠤᠯᠵᠤ ᠭᠡᠨ᠎ᠠ᠃ ︽ᠡᠵᠠᠨ ᠤ︾ ᠭᠡᠵᠤ ᠪᠠᠴᠢᠮ ᠵᠠᠯᠠᠷᠠᠭᠤᠯᠭ᠎ᠠ ᠬᠢᠭᠰᠡᠨ ᠢᠶᠠᠷ ᠢᠶᠠᠨ ᠡᠨᠡ ᠭᠠᠵᠠᠷ ︽ᠡᠵᠠᠨ ᠤ︾ ᠪᠤᠯᠵᠤ ᠠᠷᠠᠤᠨ ᠤᠨ ᠠᠮᠠᠨ ᠶᠠᠷᠢᠶ᠎ᠠ ᠪᠠᠷ ᠲᠠᠮᠵᠢᠭᠰᠠᠭᠠᠷ ᠪᠠᠶᠢᠭᠠᠤᠨ ᠦᠨᠤᠳᠤᠷ ᠤᠨ ︽ᠡᠵᠠᠨ᠎ᠠ︾ ᠪᠤᠯᠵᠤ ᠭᠡᠨ᠎ᠠ᠃
     ︵︽ᠡᠵᠠᠨ᠎ᠠ ᠠᠷᠠᠤᠨ ᠤᠨ ᠠᠮᠠᠨ ᠦᠯᠢᠭᠡᠷ ᠲᠤᠮᠤᠭ ᠤᠨ ᠲᠠᠬᠦᠪᠤᠷᠢ︾᠎ ᠠᠴᠠ
ᠨᠠᠷᠠᠠᠴᠡᠴᠡᠭ ᠡᠮᠬᠢᠤᠠᠭᠡᠪᠠ᠃︾
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号