ᠪᠦᠭᠡᠷ᠎ᠡ ᠶᠢᠨ ᠡᠪᠡᠳᠴᠢᠨ ᠢ ᠰᠡᠷᠭᠡᠶᠢᠯᠡᠬᠦ ᠳᠤ ᠶᠠᠭᠤ ᠶᠢ ᠠᠩᠬᠠᠷᠬᠤ ᠪᠤᠢ︖
ᠨᠡᠶᠢᠲᠡᠯᠡᠭᠰᠡᠨ ᠴᠠᠭ᠄
2019-12-12

    ᠪᠦᠭᠡᠷ᠎ᠡ ᠶᠢᠨ ᠡᠪᠡᠳᠴᠢᠨ ᠢ ᠮᠡᠳᠡᠵᠦ ᠳᠠᠨᠢᠬᠰᠠᠨ ᠨᠤᠷᠮ᠎ᠠ ᠳᠤᠤᠷ᠎ᠠ ᠪᠠᠶᠢᠨ᠎ᠠ ᠭᠡᠬᠦ ᠳᠤ ᠤᠢᠢᠯᠠᠭᠠᠬᠤ ᠦᠭᠡᠢ ᠬᠦᠮᠦᠨ

ᠤᠯᠠᠨ ᠪᠠᠶᠢᠳᠠᠭ᠃ ᠤᠴᠢᠷ ᠨᠢ ᠪᠦᠭᠡᠷ᠎ᠡ ᠶᠢ ᠰᠢᠮᠡᠵᠢᠭᠦᠯᠵᠦ ᠪᠦᠭᠡᠷ᠎ᠡ ᠶᠢᠨ ᠳᠠᠮᠢᠷ ᠢ ᠨᠦᠬᠦᠬᠦ ᠳᠡᠵᠢᠭᠡᠯ ᠤᠨ

ᠪᠦᠳᠦᠭᠡᠭᠳᠡᠭᠦᠨ ᠤ ᠵᠠᠷ ᠭᠠᠵᠠᠷ ᠰᠠᠢ ᠦᠭᠡᠢ ᠰᠠᠴᠤᠭᠳᠠᠵᠤ᠂ ︽ᠪᠦᠭᠡᠷ᠎ᠡ ᠶᠢ

ᠳᠠᠮᠢᠷᠵᠢᠭᠤᠯᠬᠤ︾ ︽ᠪᠦᠭᠡᠷ᠎ᠡ ᠶᠢ ᠰᠢᠮᠡᠵᠢᠭᠦᠯᠬᠦ︾ ᠤᠢᠢᠯᠠᠭᠠᠭᠳᠠᠬᠤᠨ ᠨᠢᠭᠡᠨᠳᠡ ᠪᠠᠷᠤᠭ

ᠬᠦᠮᠦᠨ ᠪᠦᠬᠦᠨ ᠤ ᠶᠠᠰᠤᠨ ᠳᠤ ᠰᠢᠩᠭᠡᠬᠦ ᠤᠢᠢᠷᠠᠳᠤᠵᠠᠢ ᠭᠡᠵᠦ ᠦᠵᠡᠳᠡᠭ ᠬᠦᠮᠦᠨ ᠵᠦᠩᠳᠡᠭᠡᠨ᠃

   ᠭᠡᠪᠡᠴᠦ ᠪᠦᠭᠡᠷ᠎ᠡ ᠭᠡᠳᠡᠭ ᠴᠢᠨᠢ ᠨᠦᠬᠦᠨ᠎ᠡ ᠭᠡᠪᠡᠯ ᠨᠦᠬᠦᠭᠡᠳ᠂ ᠳᠠᠮᠢᠷᠵᠢᠭᠤᠯᠤᠨ᠎ᠠ ᠭᠡᠪᠡᠯ ᠳᠠᠮᠢᠷᠵᠢᠭᠤᠯᠴᠢᠬᠠᠳᠠᠭ

ᠶᠠᠭᠤᠮ᠎ᠠ ᠪᠢᠰᠢ᠂ ᠳᠤᠷ᠎ᠠ ᠪᠠᠷ ᠢᠶᠠᠨ ᠠᠭᠠᠰᠢᠯᠠᠪᠠᠯ ᠭᠡᠳᠡᠷᠭᠦ ᠪᠠᠨ ᠪᠦᠭᠡᠷ᠎ᠡ ᠪᠠᠨ ᠭᠡᠮᠳᠦᠭᠡᠨ᠎ᠠ ᠭᠡᠳᠡᠭ ᠢ

ᠮᠡᠳᠡᠬᠦ ᠭᠡᠷᠡᠭᠳᠡᠢ ᠪᠠᠶᠢᠨ᠎ᠠ᠃

   ᠶᠦᠨᠨᠠᠨ ᠤ ᠬᠢᠳᠠᠳ ᠡᠮᠨᠡᠯᠭᠡ ᠶᠢᠨ ᠳᠡᠭᠡᠳᠦ ᠰᠤᠷᠭᠠᠭᠤᠯᠢ ᠶᠢᠨ ᠰᠠᠭᠤᠷᠢ ᠠᠨᠠᠭᠠᠬᠤ ᠤᠬᠠᠭᠠᠨ ᠤ ᠳᠡᠭᠡᠳᠦ

ᠰᠤᠷᠭᠠᠭᠤᠯᠢ ᠶᠢᠨ ᠫᠷᠦᠹᠧᠰᠰᠤᠷ ᠸᠠᠩ ᡁᠢ ᠬᠤᠩ᠂ ᠧᠦ᠋ᠷᠦᠫᠡ ᠡᠮᠨᠡᠯᠭᠡ ᠳᠤ ᠶᠠᠷᠢᠳᠠᠭ

︽ᠪᠦᠭᠡᠷ᠎ᠡ︾ ᠪᠠ ᠬᠢᠳᠠᠳ ᠡᠮᠨᠡᠯᠭᠡ ᠳᠤ ᠶᠠᠷᠢᠳᠠᠭ ︽ᠪᠦᠭᠡᠷ᠎ᠡ︾ ᠶᠢᠨ ᠤᠬᠠᠬᠳᠠᠬᠤᠨ ᠨᠢ ᠠᠳᠠᠯᠢ ᠦᠭᠡᠢ᠂

ᠧᠦ᠋ᠷᠦᠫᠠ ᠡᠮᠨᠡᠯᠭᠡ ᠳᠤ ︽ᠪᠦᠭᠡᠷ᠎ᠡ︾ ᠭᠡᠵᠦ ᠨᠢᠭᠡ ᠯᠡ ᠳᠡᠷᠡ ᠪᠡᠶ᠎ᠡ ᠪᠠᠨ ᠳᠠᠭᠠᠭᠠᠭᠰᠠᠨ ᠴᠤᠯᠤ

ᠡᠷᠭᠡᠳᠡᠨ ᠢ ᠵᠢᠭᠠᠳᠠᠭ ᠪᠤᠯ᠂ ᠬᠢᠳᠠᠳ ᠡᠮᠨᠡᠯᠭᠡ ᠳᠤ ᠬᠠᠷᠢᠨ ᠰᠢᠷᠢᠰ ᠴᠢᠳᠠᠪᠬᠢ ᠶᠢ ᠪᠠᠭᠳᠠᠭᠠᠭᠰᠠᠨ

ᠤᠢᠢᠯᠠᠭᠠᠭᠳᠠᠬᠤᠨ ᠪᠠᠶᠢᠳᠠᠭ᠃ ᠬᠢᠳᠠᠳ ᠡᠮᠨᠡᠯᠭᠡ ᠶᠢᠨ ︽ᠪᠦᠭᠡᠷ᠎ᠡ︾ ᠨᠢ ᠤᠰᠤ

ᠰᠢᠩᠭᠡᠨ ᠤ ᠰᠢᠨ᠎ᠠ ᠬᠠᠭᠤᠴᠢᠨ ᠤ ᠰᠤᠯᠢᠯᠴᠠᠭ᠎ᠠ ᠶᠢ ᠬᠠᠷᠢᠭᠤᠴᠠᠳᠠᠭ ᠠᠴᠠ

ᠭᠠᠳᠠᠨ᠎ᠠ᠂ ᠪᠠᠰᠠ ᠳᠤᠰᠤᠯ ᠢ ᠳᠦᠯᠵᠢᠭᠦᠯᠬᠦ ︵ᠪᠤᠶᠢᠵᠢᠬᠤ᠂ ᠦᠳᠡᠯᠬᠦ᠂ ᠪᠡᠯᠭᠡ ᠲᠠᠢ ᠬᠠᠮᠢᠶ᠎ᠠ ᠲᠠᠢ︶᠂ ᠬᠡᠢ ᠶᠢ ᠳᠡᠩᠴᠡᠭᠦᠯᠬᠦ

︵ᠠᠭᠤᠰᠬᠢᠨ ᠤ ᠠᠮᠢᠰᠬᠤᠯ ᠢ ᠳᠡᠳᠭᠦᠳᠡᠭ︶ ᠴᠢᠳᠠᠪᠬᠢ ᠲᠠᠢ ᠪᠠᠶᠢᠵᠤ᠂ ᠰᠢᠭᠡᠰᠦ ᠢᠯᠭᠠᠷᠠᠭᠤᠯᠬᠤ

ᠰᠢᠰᠲ᠋ᠧᠮ᠂ ᠦᠷᠡᠵᠢᠯ ᠤᠨ ᠰᠢᠰᠲ᠋ᠧᠮ᠂ ᠦᠯᠦ ᠬᠠᠯᠳᠠᠭᠠᠬᠤ ᠰᠢᠰᠲ᠋ᠧᠮ᠂ ᠳᠤᠳᠤᠭᠠᠳᠤ ᠱᠦᠭᠦᠷᠡᠯ ᠤᠨ ᠰᠢᠰᠲ᠋ᠧᠮ ᠲᠠᠢ

ᠬᠤᠯᠪᠤᠭ᠎ᠠ ᠲᠠᠢ ᠪᠠᠶᠢᠳᠠᠭ ᠭᠡᠵᠦ ᠨᠠᠷᠢᠨ ᠳᠠᠶᠢᠯᠪᠤᠷᠢᠯᠠᠭᠰᠠᠨ ᠪᠠᠶᠢᠳᠠᠭ᠃

   ᠸᠠᠩ ᡁᠢ ᠬᠤᠩ ᠤᠨ ᠦᠵᠡᠬᠦ ᠪᠠᠷ᠂ ᠬᠢᠳᠠᠳ ᠡᠮᠨᠡᠯᠭᠡ ᠶᠢᠨ ︽ᠪᠦᠭᠡᠷ᠎ᠡ ᠶᠢ ᠳᠠᠮᠢᠷᠵᠢᠭᠤᠯᠬᠤ︾ ᠶᠢᠨ

ᠤᠢᠢᠯᠠᠭᠠᠭᠳᠠᠬᠤᠨ ᠤ ᠬᠤᠪᠢ ᠳᠤ ᠬᠦᠮᠦᠰ ᠵᠠᠷᠢᠮ ᠪᠤᠷᠤᠭᠤ ᠤᠢᠢᠯᠠᠭᠠᠯᠳᠠ ᠲᠠᠢ ᠪᠠᠶᠢᠵᠤ᠂

ᠨᠡᠩ ᠴᠤ ᠵᠠᠷᠢᠮ ᠵᠠᠷ ᠮᠡᠳᠡᠭᠡ ᠳᠤ ᠬᠠᠭᠤᠷᠳᠠᠨ᠂ ᠰᠤᠬᠤᠷ ᠪᠠᠯᠠᠢ ᠪᠠᠷ ᠡᠮ ᠭᠡᠷᠡᠭᠯᠡᠬᠦ ᠪᠤᠶᠤ ᠰᠢᠮ᠎ᠠ ᠳᠡᠵᠢᠭᠡᠯ ᠤᠨ

ᠪᠦᠳᠦᠭᠡᠭᠳᠡᠭᠦᠨ ᠢ ᠭᠡᠳᠦᠷᠡᠳᠡᠯ᠎ᠠ ᠭᠡᠷᠡᠭᠯᠡᠵᠦ ᠭᠡᠳᠡᠷᠭᠦ ᠪᠠᠨ ᠪᠦᠭᠡᠷ᠎ᠡ ᠶᠢ ᠬᠤᠬᠢᠷᠠᠭᠤᠯᠬᠤ

ᠪᠠᠶᠢᠳᠠᠯ ᠤᠷᠤᠰᠢᠵᠤ ᠪᠠᠶᠢᠭ᠎ᠠ ᠠᠵᠢ᠃

   ᠨᠢᠷᠤᠭᠤ ᠬᠦᠰᠢᠵᠦ ᠡᠪᠡᠳᠬᠦ᠂ ᠳᠠᠮᠢᠷᠳᠠᠬᠤ᠂ ᠪᠡᠯᠭᠡ ᠶᠢᠨ ᠴᠢᠳᠠᠪᠬᠢ ᠮᠠᠭᠤᠳᠠᠬᠤ ᠪᠤᠯ ᠪᠦᠭᠡᠷ᠎ᠡ ᠶᠢᠨ ᠳᠠᠮᠢᠷ

ᠰᠤᠯᠠᠳᠠᠭᠰᠠᠨ ᠤ ᠢᠯᠡᠷᠡᠯ ᠭᠡᠵᠦ ᠶᠠᠷᠢᠳᠠᠭ ᠨᠢ ᠵᠦᠩᠳᠡᠭᠡᠨ᠂ ᠭᠡᠪᠡᠴᠦ ᠳᠡᠷᠡ

ᠪᠦᠭᠦᠳᠡᠭᠡᠷ ᠢᠶᠠᠨ ᠪᠦᠭᠡᠷ᠎ᠡ ᠶᠢᠨ ᠳᠠᠮᠢᠷ ᠰᠤᠯᠠᠳᠠᠭᠰᠠᠨ ᠠᠴᠠ ᠪᠤᠯᠤᠭᠰᠠᠨ ᠢᠯᠡᠷᠡᠯ

ᠪᠢᠰᠢ ᠪᠠᠶᠢᠵᠤ ᠮᠡᠳᠡᠨ᠎ᠠ᠃ ᠵᠢᠱᠢᠶᠡᠯᠡᠪᠡᠯ ᠨᠦᠢᠳᠠᠨ ᠬᠠᠯᠠᠭᠤᠨ ᠴᠢᠨᠠᠷᠳᠠᠢ ᠪᠡᠶ᠎ᠡ ᠮᠠᠬᠠᠪᠤᠳ ᠲᠠᠢ ᠬᠦᠮᠦᠨ ᠤ

ᠨᠦᠢᠳᠠᠨ ᠭᠡᠳᠦᠷᠡᠭᠰᠡᠨ ᠠᠴᠠ ᠪᠤᠯᠵᠤ ᠬᠡᠢ ᠶᠢᠨ ᠵᠠᠮ ᠬᠠᠷᠰᠢ ᠰᠠᠭᠠᠳ ᠲᠤ ᠤᠴᠠᠷᠠᠪᠠᠯ ᠪᠠᠰᠠ ᠳᠠᠮᠢᠷᠳᠠᠬᠤ᠂

ᠪᠡᠯᠭᠡ ᠶᠢᠨ ᠴᠢᠳᠠᠪᠬᠢ ᠰᠤᠯᠠᠷᠠᠬᠤ ᠪᠠᠶᠢᠳᠠᠯ ᠭᠠᠷᠳᠠᠭ᠃ ᠢᠢᠮᠦ ᠪᠠᠶᠢᠳᠠᠯ ᠳᠤ ᠪᠦᠭᠡᠷ᠎ᠡ ᠶᠢ

ᠳᠠᠮᠢᠷᠵᠢᠭᠤᠯᠬᠤ ᠠᠷᠭ᠎ᠠ ᠬᠡᠮᠵᠢᠶ᠎ᠠ ᠠᠪᠬᠤ ᠶᠤᠮ ᠪᠤᠯ ᠶᠤᠰᠤᠳᠠᠢ ︽ᠪᠦᠳᠦᠷᠢᠭᠰᠡᠨ

ᠳᠡᠭᠡᠷ᠎ᠡ ᠨᠢ ᠨᠢᠳᠤᠷᠤᠭᠰᠠᠨ︾ ᠶᠠᠪᠤᠳᠠᠯ ᠪᠤᠯᠵᠤ ᠡᠪᠡᠳᠴᠢᠨ ᠤ ᠪᠠᠶᠢᠳᠠᠯ ᠢ ᠬᠦᠨᠳᠦᠷᠡᠭᠦᠯᠬᠦ

ᠪᠤᠯᠤᠨ᠎ᠠ ᠭᠡᠵᠦ ᠳᠡᠷᠡ ᠶᠠᠷᠢᠬᠰᠠᠨ ᠪᠠᠶᠢᠨ᠎ᠠ᠃

   ᠡᠭᠦᠨ ᠠᠴᠠ ᠭᠠᠳᠠᠨ᠎ᠠ᠂ ᠴᠢᠰᠦ᠂ ᠡᠯᠢᠭᠡ᠂ ᠳᠡᠯᠢᠭᠦᠦ ᠵᠡᠷᠭᠡ ᠶᠢᠨ ᠬᠡᠪ ᠤᠨ ᠪᠤᠰᠤ ᠪᠠᠶᠢᠳᠠᠯ ᠠᠴᠠ ᠪᠤᠯᠵᠤ ᠪᠡᠯᠭᠡ ᠶᠢᠨ

ᠴᠢᠳᠠᠪᠬᠢ ᠰᠤᠯᠠᠳᠠᠬᠤ ᠶᠠᠪᠤᠳᠠᠯ ᠴᠤ ᠭᠠᠷᠳᠠᠭ᠃ ᠦᠨᠡᠭᠡᠷ ᠪᠦᠭᠡᠷ᠎ᠡ ᠶᠢᠨ ᠳᠠᠮᠢᠷ ᠰᠤᠯᠠᠷᠠᠭᠰᠠᠨ

ᠪᠠᠶᠢᠬᠰᠠᠨ ᠴᠤ᠂ ᠴᠤᠬᠤᠮ ᠠᠷᠭ᠎ᠠ ᠴᠢᠨᠠᠷ ᠤᠨ ᠶᠤᠮ ᠤᠤ᠂ ᠪᠢᠯᠢᠭ ᠤᠨ ᠴᠢᠨᠠᠷ ᠤᠨ ᠶᠤᠮ ᠤᠤ ᠭᠡᠳᠡᠭ ᠢᠯᠭᠠᠭ᠎ᠠ ᠲᠠᠢ᠂

ᠡᠪᠡᠳᠴᠢᠨ ᠤ ᠬᠦᠨᠳᠦ ᠬᠦᠩᠭᠡᠨ ᠤ ᠢᠯᠭᠠᠭ᠎ᠠ ᠲᠠᠢ ᠪᠠᠶᠢᠳᠠᠭ᠂ ᠬᠦᠩᠭᠡᠨ ᠪᠤᠯ ᠠᠮᠢᠳᠤᠷᠠᠯ ᠳᠤ ᠳᠡᠮᠡᠢ ᠨᠦᠯᠦᠭᠡ ᠪᠤᠯᠬᠤ ᠦᠭᠡᠢ᠃

ᠧᠦ᠋ᠷᠦᠫᠡ ᠡᠮᠨᠡᠯᠭᠡ ᠶᠢᠨ ︽ᠪᠦᠭᠡᠷ᠎ᠡ︾ ᠲᠠᠢ ᠠᠳᠠᠯᠢ ᠦᠭᠡᠢ᠃ ᠧᠦ᠋ᠷᠦᠫᠠ ᠡᠮᠨᠡᠯᠭᠡ ᠳᠤ ᠬᠡᠯᠡᠳᠡᠭ ᠪᠦᠭᠡᠷ᠎ᠡ ᠶᠢᠨ

ᠡᠪᠡᠳᠴᠢᠨ ᠪᠤᠯᠤᠭᠰᠠᠨ ᠪᠤᠯ ᠬᠦᠨᠳᠦ ᠴᠤ ᠭᠡᠰᠡᠨ ᠬᠦᠩᠭᠡᠨ ᠴᠤ ᠭᠡᠰᠡᠨ ᠡᠮᠨᠡᠯᠭᠡ ᠳᠤ ᠤᠴᠢᠬᠤ ᠭᠡᠷᠡᠭᠳᠡᠢ᠂

ᠬᠦᠨᠳᠦ ᠪᠤᠯ ᠨᠡᠩ ᠴᠤ ᠵᠠᠰᠠᠯᠭ᠎ᠠ ᠦᠭᠡᠢ ᠪᠤᠯᠤᠭᠰᠠᠨ ᠪᠠᠶᠢᠵᠤ ᠮᠡᠳᠡᠨ᠎ᠠ᠃ ᠬᠢᠳᠠᠳ ᠡᠮᠨᠡᠯᠭᠡ ᠶᠢᠨ ᠬᠡᠯᠡᠳᠡᠭ

︽ᠪᠦᠭᠡᠷ᠎ᠡ ᠰᠤᠯᠠᠳᠠᠭᠰᠠᠨ︾ ᠪᠠᠶᠢᠳᠠᠯ ᠭᠠᠷᠤᠭᠰᠠᠨ ᠪᠤᠯ ᠳᠤᠰᠬᠠᠢ ᠮᠡᠷᠭᠡᠵᠢᠯ ᠤᠨ ᠬᠢᠳᠠᠳ ᠡᠮᠨᠡᠯᠭᠡ ᠶᠢᠨ ᠡᠮᠴᠢ ᠪᠠᠷ ᠤᠨᠤᠰᠢᠯᠠᠭᠤᠯᠵᠤ᠂

ᠨᠦᠬᠦᠬᠦ ᠶᠤᠮ ᠤᠤ ᠡᠮᠨᠡᠬᠦ ᠶᠤᠮ ᠤᠤ᠂ ᠨᠦᠬᠦᠪᠡᠯ ᠶᠠᠭᠠᠬᠢᠵᠤ ᠨᠦᠬᠦᠪᠡᠯ ᠵᠤᠬᠢᠬᠤ ᠪᠤᠢ ᠭᠡᠳᠡᠭ ᠢ ᠳᠤᠭᠳᠠᠭᠠᠬᠤ ᠭᠡᠷᠡᠭᠳᠡᠢ᠂

ᠮᠡᠳᠡᠬᠦ ᠦᠭᠡᠢ ᠪᠤᠯ ᠦᠪᠡᠷ ᠢᠶᠠᠨ ᠡᠵᠡᠨ ᠮᠡᠳᠡᠵᠤ ᠪᠤᠯᠬᠤ ᠦᠭᠡᠢ᠃

 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©                      蒙ICP备05070829号