68 ᠲᠦᠷᠦᠯ ᠤᠨ ᠡᠪᠡᠳᠴᠢᠨ ᠤᠷᠴᠢᠨ ᠳᠤᠭᠤᠷᠢᠨ ᠠᠴᠠ ᠰᠢᠯᠳᠠᠭᠠᠯᠠᠳᠠᠭ
ᠨᠡᠶᠢᠲᠡᠯᠡᠭᠰᠡᠨ ᠴᠠᠭ᠄
2019-12-12

     7 ᠰᠠᠷ᠎ᠠ ᠶᠢᠨ 19 ᠤ ᠡᠳᠦᠷ᠂ ᠪᠡᠭᠡᠵᠢᠩ ᠤᠨ ᠴᠤᠤᠶᠠᠩ ᠳᠤᠭᠤᠷᠢᠬ ᠲᠤ ᠪᠠᠶᠢᠳᠠᠬ ᠴᠢᠩᠬᠤᠸᠠ ᠶᠡᠭᠡ

ᠰᠤᠷᠭᠠᠭᠤᠯᠢ ᠶᠢᠨ ᠨᠢᠭᠡᠳᠦᠭᠡᠷ ᠬᠠᠷᠢᠶᠠᠳᠤ ᠡᠮᠨᠡᠯᠭᠡ ᠶᠢᠨ ᠬᠤᠷᠢᠶᠠᠨ ᠤ ᠴᠢᠰᠦ ᠨᠡᠪᠴᠢᠭᠦᠯᠦᠨ

ᠢᠯᠭᠠᠷᠠᠭᠤᠯᠬᠤ ᠳᠦᠪ ᠲᠤ ᠤᠴᠢᠬᠰᠠᠨ ᠶᠤᠮ᠃ ᠠᠳᠡᠬᠢ ᠶᠢᠨ ᠡᠪᠡᠳᠴᠢᠳᠠᠳ ᠪᠠᠷᠤᠭ ᠪᠦᠷ ᠤᠷᠳᠤ ᠬᠤᠭᠤᠴᠠᠭ᠎ᠠ ᠪᠠᠷ

ᠴᠢᠰᠦ ᠨᠡᠪᠴᠢᠭᠦᠯᠦᠨ ᠢᠯᠭᠠᠷᠠᠭᠤᠯᠬᠤ ᠳᠤ ᠠᠮᠢ ᠪᠠᠨ ᠳᠠᠭᠠᠳᠬᠠᠬᠰᠠᠨ ᠪᠠᠶᠢᠳᠠᠯ ᠲᠠᠢ ᠪᠠᠶᠢᠨ᠎ᠠ᠃ ᠭᠠᠷᠠᠭ ᠲᠤ 3 ᠤᠳᠠᠭ᠎ᠠ᠂

ᠤᠳᠠᠭ᠎ᠠ ᠪᠤᠯᠭᠠᠨ 4 ᠴᠠᠭ ᠴᠢᠰᠦ ᠨᠡᠪᠴᠢᠭᠦᠯᠦᠨ ᠢᠯᠭᠠᠷᠠᠭᠤᠯᠬᠤ ᠮᠠᠰᠢᠨ ᠳᠤ ᠤᠶᠠᠬᠳᠠᠵᠤ ᠭᠡᠪᠳᠡᠨ᠎ᠠ᠂ ᠠᠮᠢ ᠪᠠᠨ ᠠᠷᠭᠠᠴᠠᠨ᠎ᠠ᠂

ᠵᠠᠷᠢᠮ ᠬᠦᠮᠦᠨ ᠢᠩᠬᠢᠭᠡᠳ ᠬᠤᠷᠢ ᠭᠤᠴᠢᠨ ᠵᠢᠯ ᠠᠮᠢᠳᠤᠷᠠᠵᠤ ᠪᠠᠶᠢᠭ᠎ᠠ ᠶᠤᠮ ᠭᠡᠨ᠎ᠠ᠃

    《ᠮᠠᠨ ᠤ ᠤᠯᠤᠰ ᠤᠨ ᠴᠢᠰᠦ ᠨᠡᠪᠴᠢᠭᠦᠯᠦᠨ ᠢᠯᠭᠠᠷᠠᠭᠤᠯᠬᠤ ᠵᠠᠰᠠᠯᠭ᠎ᠠ ᠬᠢᠵᠦ ᠪᠠᠶᠢᠭ᠎ᠠ ᠡᠪᠡᠳᠴᠢᠲᠡᠨ ᠨᠢᠭᠡᠨᠳᠡ

40 ᠳᠦᠮᠡ ᠶᠢ ᠳᠠᠪᠠᠵᠠᠢ᠃ ᠤᠷᠳᠤ ᠬᠤᠭᠤᠴᠠᠭ᠎ᠠ ᠪᠠᠷ ᠳᠠᠬᠢᠨ ᠳᠠᠪᠳᠠᠨ ᠴᠢᠰᠦ ᠨᠡᠪᠴᠢᠭᠦᠯᠦᠨ ᠢᠯᠭᠠᠷᠠᠭᠤᠯᠬᠤ ᠵᠠᠰᠠᠯᠭ᠎ᠠ

ᠬᠢᠬᠦ ᠨᠢ ᠠᠮᠢᠳᠤᠷᠠᠯ ᠳᠤ ᠠᠯᠢ ᠤᠯᠠᠨ ᠮᠠᠭᠤ ᠨᠦᠯᠦᠭᠡ ᠠᠪᠴᠢᠷᠠᠬᠤ ᠨᠢ ᠶᠠᠷᠢᠶᠠᠨ ᠦᠭᠡᠢ 》ᠭᠡᠵᠦ

ᠴᠢᠩᠬᠤᠸᠠ ᠶᠡᠭᠡ ᠰᠤᠷᠭᠠᠭᠤᠯᠢ ᠶᠢᠨ ᠨᠢᠭᠡᠳᠦᠭᠡᠷ ᠬᠠᠷᠢᠶᠠᠳᠤ ᠡᠮᠨᠡᠯᠭᠡ ᠶᠢᠨ ᠬᠤᠷᠢᠶᠠᠨ ᠤ ᠪᠦᠭᠡᠷ᠎ᠡ ᠶᠢᠨ

ᠳᠤᠳᠤᠷ ᠰᠠᠯᠠᠭᠠᠨ ᠤ ᠡᠷᠭᠢᠯᠡᠭᠴᠢ ᠯᠦ ᠹᠠᠩ ᠫᠢᠩ ᠶᠠᠷᠢᠵᠤ ᠪᠠᠶᠢᠨ᠎ᠠ᠃

   70 ᠨᠠᠰᠤᠳᠠᠢ ᠯᠢ ᠨᠠᠰᠤᠳᠠᠨ 1999 ᠤᠨ ᠠᠴᠠ ᠴᠢᠰᠦ ᠨᠡᠪᠴᠢᠭᠦᠯᠦᠨ ᠢᠯᠭᠠᠷᠠᠭᠤᠯᠬᠤ ᠵᠠᠰᠠᠯᠭ᠎ᠠ ᠬᠢᠵᠦ ᠡᠬᠢᠯᠡᠵᠡᠢ᠃

ᠳᠡᠷᠡ ᠰᠤᠷᠪᠤᠯᠵᠢᠯᠠᠬᠴᠢᠳ ᠲᠤ᠂ 20 ᠵᠢᠯ ᠤᠨ ᠡᠮᠦᠨ᠎ᠠ ᠳᠤᠯᠤᠭᠠᠢ ᠡᠷᠭᠢᠬᠦ᠂ ᠳᠤᠳᠤᠷ᠎ᠠ ᠤᠢᠢᠮᠤᠷᠠᠬᠤ ᠪᠠᠶᠢᠳᠠᠯ ᠭᠠᠷᠴᠤ᠂

ᠨᠠᠶᠢᠵᠢ ᠶᠢᠨ ᠢᠶᠠᠨ ᠰᠠᠨᠠᠭᠤᠯᠭ᠎ᠠ ᠪᠠᠷ ᠨᠢᠭᠡ ᠵᠦᠢᠯ ᠤᠨ ᠬᠢᠳᠠᠳ ᠡᠮ ᠠᠪᠴᠤ

ᠬᠠᠭᠠᠰ ᠵᠢᠯ ᠤᠤᠭᠤᠵᠠᠢ ᠭᠡᠵᠦ ᠶᠠᠷᠢᠵᠤ ᠪᠠᠶᠢᠯ᠎ᠠ᠃

   ᠰᠡᠭᠦᠯᠡᠷ ᠨᠢ ᠨᠢᠭᠡ ᠤᠳᠠᠭ᠎ᠠ ᠡᠷᠡᠭᠦᠯ ᠤᠨ ᠪᠠᠶᠢᠴᠠᠭᠠᠯᠳᠠ ᠬᠢᠬᠦ ᠳᠤ ᠰᠢᠭᠡᠰᠦᠨ ᠳᠤᠨᠢ ᠴᠢᠰᠦ ᠲᠠᠢ ᠪᠠᠶᠢᠵᠤ᠂ ᠤᠯᠠᠮ

ᠨᠢᠭᠡ ᠠᠯᠬᠤᠮ ᠤᠨ ᠪᠠᠶᠢᠴᠠᠭᠠᠯᠳᠠ ᠬᠢᠭᠰᠡᠨ ᠢᠶᠠᠷ ᠪᠦᠭᠡᠷ᠎ᠡ ᠨᠢ ᠨᠢᠭᠡᠨᠳᠡ ᠬᠦᠨᠳᠦ ᠨᠤᠴᠢᠳᠠᠢ ᠭᠡᠮᠳᠦᠭᠰᠡᠨ

ᠪᠠᠶᠢᠭ᠎ᠠ ᠶᠢ ᠮᠡᠳᠡᠭᠰᠡᠨ ᠪᠤᠯᠪᠠᠴᠤ ᠨᠢᠭᠡᠨᠳᠡ ᠤᠷᠦ᠋ᠢᠳᠠᠬᠰᠠᠨ ᠶᠠᠪᠤᠳᠠᠯ ᠪᠤᠯᠵᠠᠢ᠃

ᠳᠤᠷ᠎ᠠ ᠪᠠᠷ ᠢᠶᠠᠨ ᠬᠢᠳᠠᠳ ᠡᠮ ᠤᠤᠭᠤᠭᠰᠠᠨ ᠠᠴᠠ ᠪᠤᠯᠤᠭᠰᠠᠨ ᠪᠠᠶᠢᠵᠤ ᠮᠡᠳᠡᠨ᠎ᠠ

ᠭᠡᠵᠦ ᠡᠮᠴᠢ ᠦᠵᠡᠭᠰᠡᠨ ᠠᠴᠠ ᠭᠠᠳᠠᠨ᠎ᠠ᠂ ᠴᠡᠭᠠᠰᠢ ᠨᠢ ᠳᠤᠳᠤᠯᠠᠬᠤ ᠱᠠᠭᠠᠷᠳᠠᠯᠭ᠎ᠠ ᠪᠠᠶᠢᠬᠰᠠᠨ ᠦᠭᠡᠢ᠃

ᠳᠡᠭᠡᠭᠡᠳ ᠯᠢ ᠨᠠᠰᠤᠳᠠᠨ ᠠᠷᠭ᠎ᠠ ᠪᠤᠰᠤ ᠤᠷᠢᠳᠴᠢᠯᠡᠨ ᠠᠵᠢᠯ ᠤᠨ ᠠᠮᠠᠷᠠᠯᠳᠠ ᠪᠠᠨ ᠠᠪᠴᠤ᠂

ᠳᠤᠭᠳᠠᠭᠰᠠᠨ ᠬᠤᠭᠤᠴᠠᠭ᠎ᠠ ᠲᠠᠢ᠂ ᠦᠨᠡᠨ ᠳᠡᠭᠡᠨ ᠦᠷᠭᠦᠯᠵᠢ ᠶᠢᠨ ᠴᠢᠨᠠᠷᠳᠠᠢ ᠡᠮᠨᠡᠯᠭᠡ ᠳᠤ ᠢᠷᠡᠵᠦ

ᠵᠠᠰᠠᠯᠭ᠎ᠠ ᠬᠢᠬᠦ ᠪᠤᠯᠵᠠᠢ᠃ ᠤᠳᠤ ᠳᠡᠷᠡ ᠬᠤᠶᠠᠷ ᠪᠦᠭᠡᠷ᠎ᠡ᠂ ᠰᠢᠭᠡᠰᠦ ᠳᠠᠮᠵᠢᠭᠤᠯᠬᠤ ᠴᠤᠷᠭᠤ᠂

ᠳᠠᠪᠤᠰᠠᠩ ᠢᠶᠠᠨ ᠪᠦᠷ ᠮᠡᠰᠡ ᠵᠠᠰᠠᠯ ᠬᠢᠯᠭᠡᠨ ᠠᠪᠴᠤ ᠬᠠᠶᠠᠭᠠᠳ ᠪᠠᠶᠢᠨ᠎ᠠ᠃

   《ᠴᠢᠰᠦ ᠨᠡᠪᠴᠢᠭᠦᠯᠦᠨ ᠢᠯᠭᠠᠷᠠᠭᠤᠯᠬᠤ ᠮᠠᠰᠢᠨ ᠪᠤᠯ ᠮᠢᠨᠦ ᠪᠦᠭᠡᠷ᠎ᠡ᠂ ᠡᠨᠡ ᠪᠤᠯ ᠳᠠᠷᠤᠢ ᠳᠡᠨᠡᠭ ᠶᠠᠪᠤᠬᠰᠠᠨ ᠤ

ᠦᠷᠢ ᠳᠦᠯᠦᠭᠡᠰᠦ 》ᠭᠡᠵᠦ ᠯᠢ ᠨᠠᠰᠤᠳᠠᠨ ᠶᠠᠷᠢᠵᠤ ᠪᠠᠶᠢᠨ᠎ᠠ᠃

   ᠹᠠᠩ ᠠᠪᠤᠭᠠᠢ ᠭᠡᠵᠦ ᠮᠦᠨ ᠯᠡ ᠨᠢᠭᠡ ᠴᠢᠰᠦ ᠨᠡᠪᠴᠢᠭᠦᠯᠦᠨ ᠢᠯᠭᠠᠷᠠᠭᠤᠯᠬᠤ ᠴᠢᠬᠤᠯᠠ ᠲᠠᠢ ᠪᠤᠯᠤᠭᠰᠠᠨ

ᠪᠦᠭᠡᠷ᠎ᠡ ᠶᠢᠨ ᠡᠪᠡᠳᠴᠢᠳᠡᠨ ᠶᠤᠮ ᠪᠠᠶᠢᠨ᠎ᠠ᠂ 34 ᠨᠠᠰᠤᠳᠠᠢ᠃ ᠴᠢᠷᠠᠢ ᠠᠯᠳᠠᠨ

ᠡᠪᠡᠳᠴᠢᠳᠡᠨ ᠤ ᠤᠷᠤᠨ ᠳᠡᠭᠡᠷ᠎ᠡ ᠭᠡᠪᠳᠡᠵᠦ ᠪᠠᠶᠢᠭ᠎ᠠ ᠹᠠᠩ ᠠᠪᠤᠭᠠᠢ ᠴᠢᠰᠦ ᠨᠡᠪᠴᠢᠭᠦᠯᠦᠨ

ᠢᠯᠭᠠᠷᠠᠭᠤᠯᠬᠤ ᠵᠠᠰᠠᠯᠭ᠎ᠠ ᠬᠢᠭᠡᠳ ᠳᠡᠮᠡᠢ ᠤᠳᠠᠭᠠᠳᠤᠢ᠂ ᠦᠪᠡᠷ ᠤᠨ ᠴᠢᠰᠦ ᠪᠠᠨ ᠤᠷᠤᠰᠴᠤ

ᠭᠠᠷᠴᠤ ᠢᠷᠡᠭᠡᠳ ᠮᠠᠰᠢᠨ ᠳᠤ ᠡᠷᠭᠢᠯᠳᠦᠭᠡᠳ ᠳᠠᠬᠢᠵᠤ ᠤᠷᠤᠰᠴᠤ ᠤᠷᠤᠵᠤ ᠪᠠᠶᠢᠬᠤ ᠶᠢ ᠬᠠᠷᠠᠬᠤ ᠠᠴᠠ

ᠠᠶᠤᠳᠠᠰᠤ ᠬᠦᠷᠬᠦ ᠶᠤᠮ ᠭᠡᠵᠦ ᠰᠤᠷᠪᠤᠯᠵᠢᠯᠠᠬᠴᠢ ᠳᠤ ᠶᠠᠷᠢᠵᠤ ᠪᠠᠶᠢᠯ᠎ᠠ᠃

   ᠴᠢᠰᠦ ᠨᠡᠪᠴᠢᠭᠦᠯᠦᠨ ᠢᠯᠭᠠᠷᠠᠭᠤᠯᠬᠤ ᠵᠠᠰᠠᠯᠭ᠎ᠠ ᠪᠠ ᠪᠤᠰᠤᠳ ᠡᠮᠴᠢᠯᠡᠭᠡ ᠳᠤ ᠳᠡᠷᠡ ᠪᠠᠷᠤᠭ ᠰᠠᠷ᠎ᠠ ᠪᠤᠯᠭᠠᠨ

ᠳᠦᠮᠡᠭᠡᠳ ᠳᠦᠭᠦᠷᠢᠭ ᠵᠠᠷᠤᠵᠤ ᠪᠠᠶᠢᠳᠠᠭ ᠪᠤᠯᠬᠤᠷ᠂ ᠭᠡᠷ ᠤᠨ ᠬᠢᠨᠢ ᠠᠵᠤ ᠠᠬᠤᠢ ᠶᠢᠨ ᠳᠠᠷᠤᠭᠠᠰᠤ ᠬᠦᠨᠳᠦᠷᠡᠵᠦ᠂

ᠭᠡᠷᠭᠡᠢ ᠨᠢ ᠦᠪᠡᠷ ᠤᠨ ᠠᠵᠢᠯ ᠤᠨ ᠢᠶᠠᠨ ᠴᠢᠯᠦᠭᠡ ᠵᠠᠪ ᠢᠶᠠᠷ ᠪᠤᠰᠤᠳ ᠠᠵᠢᠯ ᠬᠠᠪᠰᠤᠷᠭᠠᠨ ᠬᠢᠳᠡᠭ ᠪᠤᠯᠤᠭᠰᠠᠨ ᠶᠤᠮ ᠭᠡᠨ᠎ᠠ᠃

   《ᠪᠢ ᠭᠡᠵᠦ ᠬᠠᠭᠤᠴᠢᠨ ᠬᠦᠪᠦᠩᠳᠡᠢ ᠬᠦᠷᠮ᠎ᠠ ᠰᠢᠭ ᠯᠡ ᠪᠤᠯᠤᠭᠠᠳ ᠪᠠᠶᠢᠨ᠎ᠠ᠂ ᠭᠡᠷᠡᠭ ᠦᠭᠡᠢ ᠮᠦᠷᠳᠡᠭᠡᠨ ᠬᠦᠨᠳᠦ

ᠭᠡᠳᠡᠭ ᠢ ᠨᠢ ᠶᠠᠭᠠᠬᠢᠨ᠎ᠠ᠃ ᠳᠤᠬᠢᠷᠠᠭᠰᠠᠨ ᠪᠦᠭᠡᠷ᠎ᠡ ᠤᠯᠳᠠᠵᠤ ᠪᠦᠭᠡᠷ᠎ᠡ ᠰᠤᠯᠢᠵᠤ ᠳᠡᠶᠢᠯᠬᠦ

ᠦᠭᠡᠢ ᠪᠤᠯ ᠡᠨᠡ ᠨᠠᠰᠤᠨ ᠳᠠᠭᠠᠨ ᠡᠨᠡ ᠮᠠᠰᠢᠨ ᠠᠴᠠ ᠰᠠᠯᠵᠤ ᠳᠡᠶᠢᠯᠬᠦ ᠦᠭᠡᠢ ᠪᠤᠯᠵᠠᠢ 》ᠭᠡᠵᠦ ᠹᠠᠩ ᠠᠪᠤᠭᠠᠢ ᠰᠡᠭᠦᠷᠡᠰᠦᠯᠡᠨ᠎ᠠ᠃

   8 ᠵᠢᠯ ᠤᠨ ᠡᠮᠦᠨ᠎ᠠ᠂ ᠳᠡᠷᠡ ᠰᠢᠭᠡᠰᠦᠨ ᠤ ᠤᠭᠤᠷᠠᠭ ᠤᠨ ᠳᠦᠪᠰᠢᠨ ᠨᠢ ᠬᠡᠪ ᠤᠨ ᠪᠤᠰᠤ ᠪᠠᠶᠢᠭ᠎ᠠ ᠶᠢ ᠪᠠᠶᠢᠴᠠᠭᠠᠵᠤ

ᠮᠡᠳᠡᠭᠰᠡᠨ ᠶᠤᠮ ᠪᠠᠶᠢᠨ᠎ᠠ᠂ ᠭᠡᠪᠡᠴᠦ ᠳᠡᠮᠡᠢ ᠶᠠᠭᠤᠮ᠎ᠠ ᠪᠤᠯᠭᠠᠭᠰᠠᠨ ᠦᠭᠡᠢ ᠦᠩᠭᠡᠷᠡᠵᠦ᠂ ᠰᠡᠭᠦᠯᠡᠷ ᠨᠢ

ᠳᠠᠮᠢᠷᠳᠠᠬᠤ᠂ ᠨᠢᠷᠦᠭᠤ ᠬᠦᠰᠢᠬᠦ᠂ ᠰᠢᠭᠡᠰᠦ ᠴᠡᠪᠳᠡᠭᠰᠢᠬᠦ ᠪᠠᠶᠢᠳᠠᠯ ᠭᠠᠷᠤᠭᠰᠠᠨ ᠪᠤᠯᠪᠠᠴᠤ ᠮᠦᠨ ᠬᠠᠶᠢᠬᠤᠷᠤᠭᠰᠠᠨ ᠦᠭᠡᠢ᠂

ᠳᠤᠯᠤᠭᠠᠢ ᠡᠷᠭᠢᠬᠦ ᠨᠢ ᠭᠡᠴᠡᠭᠦᠳᠡᠭᠡᠳ ᠢᠷᠡᠭᠦ ᠪᠠᠷ ᠡᠮᠴᠢ ᠳᠤ ᠤᠴᠢᠬᠰᠠᠨ ᠴᠢᠨᠢ ᠨᠢᠭᠡᠨᠳᠡ ᠰᠢᠭᠡᠰᠦᠨ

ᠬᠤᠤᠷᠳᠠᠯ ᠪᠤᠯᠤᠭᠰᠠᠨ ᠪᠠᠶᠢᠵᠠᠢ᠃

 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©                      蒙ICP备05070829号