ᠡᠵᠡᠨ᠎ᠡ ᠬᠤᠰᠢᠭᠤᠨ ᠤ ᠲᠡᠮᠡᠭᠡᠨ ᠰᠤᠶᠤᠯ ᠤᠨ ᠨᠠᠭᠠᠳᠤᠮ ᠰᠠᠶᠢᠬᠠᠠ ᠪᠤᠯᠤᠯ᠎ᠠ
ᠨᠡᠶᠢᠲᠡᠯᠡᠭᠰᠡᠨ ᠴᠠᠭ᠄
2020/11/13
   
      ᠲᠡᠨᠢᠬᠦᠨ ᠲᠠᠯ᠎ᠠ ᠬᠤᠳᠤᠯᠵᠠᠵᠦ᠂ ᠲᠡᠮᠡᠭᠡᠨ ᠭᠤᠩᠬᠢᠨᠠᠭ᠎ᠠ ᠡᠬᠡᠰᠢᠭᠯᠡᠨ᠎ᠡ᠃ ᠠᠯᠠᠱᠨ ᠶᠢᠨ ᠬᠤᠣᠰ ᠪᠥᠬᠦᠲᠥ ᠲᠡᠮᠡᠭᠡᠨ ᠤ ᠡᠬᠢ ᠪᠠᠶᠠᠯᠢᠭ ᠢ ᠨᠡᠭᠡᠭᠡᠨ ᠬᠠᠮᠠᠭᠠᠯᠠᠬᠤ ᠶᠢ ᠡᠷᠴᠢᠮᠵᠢᠬᠦᠯᠦᠨ᠂ ᠲᠡᠮᠡᠭᠡᠨ ᠰᠤᠶᠤᠯ ᠪᠤᠯᠤᠨ ᠠᠷᠠᠳ ᠤᠨ ᠵᠠᠩ ᠦᠢᠯᠡ ᠶᠢ ᠵᠠᠯᠭᠠᠮᠵᠢᠯᠠᠨ᠂ ᠲᠡᠮᠡᠭᠡᠨ ᠤ ᠠᠵᠤ ᠦᠢᠯᠡᠰ ᠪᠤᠯᠤᠨ ᠰᠤᠶᠤᠯ ᠵᠢᠭᠤᠯᠴᠢᠯᠠᠯ ᠤᠨ ᠦᠢᠯᠡᠰ ᠢ ᠠᠭᠤᠰᠤᠯᠴᠠᠭᠤᠯᠤᠨ ᠬᠥᠭᠵᠢᠭᠦᠯᠬᠦ ᠵᠤᠷᠢᠯᠭ᠎ᠠ ᠪᠠᠷ ᠡᠷᠬᠢᠯᠡᠭᠰᠠᠨ ᠡᠵᠡᠨ᠎ᠡ ᠬᠤᠰᠢᠭᠤᠨ ᠤ ᠭᠤᠷᠪᠠᠳᠤᠭᠠᠷ ᠬᠤᠭᠤᠴᠠᠭᠠᠨ ᠤ ᠲᠡᠮᠡᠭᠡᠨ ᠰᠤᠶᠤᠯ ᠤᠨ ᠨᠠᠭᠠᠳᠤᠮ ᠤᠨ ᠬᠤᠷᠠᠯ 11 ᠰᠠᠷ᠎ᠠ ᠶᠢᠨ 15᠎ ᠠᠴᠠ 16᠎ ᠤ ᠡᠳᠤᠷ ᠪᠤᠯᠳᠠᠯ᠎ᠠ ᠦᠪᠡᠳᠡᠭᠰᠢ ᠰᠠᠶᠢᠬᠠᠠ ᠶᠠᠪᠤᠭᠳᠠᠯ᠎ᠠ᠃      ᠲᠤᠰ ᠤᠳᠠᠭᠠᠨ ᠤ ᠨᠠᠭᠠᠳᠤᠮ ᠢ ᠡᠵᠡᠨ᠎ᠡ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠠᠴᠠ ᠭᠤᠤᠯᠯᠠᠨ ᠡᠷᠬᠢᠯᠡᠵᠦ᠂ ᠡᠵᠡᠨ᠎ᠡ ᠬᠤᠰᠢᠭᠤᠨ ᠤ ᠮᠠᠯ ᠠᠵᠦ ᠠᠬᠤᠢ ᠶᠢᠨ ᠲᠤᠪᠴᠢᠶᠠᠨ ᠠᠴᠠ ᠲᠠᠭᠠᠭᠠᠴᠢᠯᠠᠨ ᠡᠷᠬᠢᠯᠡᠵᠡᠢ᠃ ᠨᠠᠭᠠᠳᠤᠮ ᠳᠤ᠂ 15 ᠺᠢᠯᠣᠮᠧᠲᠷ ᠤᠨ ᠬᠤᠯᠠ ᠶᠢᠨ ᠲᠡᠮᠡᠭᠡᠨ ᠤ ᠤᠷᠤᠯᠳᠤᠭᠠᠨ᠂ 8000 ᠮᠧᠲᠷ ᠤᠨ ᠬᠤᠷᠳᠤᠨ ᠲᠡᠮᠡᠭᠡᠨ ᠤ ᠤᠷᠤᠯᠳᠤᠭᠠᠨ᠂ 4000 ᠮᠧᠲᠷ ᠤᠨ ᠭᠤᠨᠠᠨ ᠲᠡᠮᠡᠭᠡᠨ ᠤ ᠤᠷᠤᠯᠳᠤᠭᠠᠨ᠂ 2000 ᠮᠧᠲᠷ ᠤᠨ ᠭᠤᠷᠪᠠᠨ ᠨᠠᠰᠤᠨ ᠠᠴᠠ ᠳᠣᠷᠣᠭᠰᠢᠬᠢ ᠲᠡᠮᠡᠭᠡᠨ ᠤ ᠤᠷᠤᠯᠳᠤᠭᠠᠨ᠂ 4 × 2000 ᠮᠧᠲᠷ ᠤᠨ ᠲᠡᠮᠡᠭᠡᠨ ᠤ ᠪᠤᠤᠬᠢᠶ᠎ᠠ ᠤᠷᠤᠯᠳᠤᠭᠠᠨ᠂ 20 ᠺᠢᠯᠣᠮᠧᠲᠷ ᠤᠨ ᠬᠤᠯᠠ ᠶᠢᠨ ᠮᠤᠷᠢᠨ ᠤ ᠤᠷᠤᠯᠳᠤᠭᠠᠨ᠂ 4000 ᠮᠧᠲᠷ ᠤᠨ ᠬᠤᠷᠳᠤᠨ ᠮᠤᠷᠢᠨ ᠤ ᠤᠷᠤᠯᠳᠤᠭᠠᠨ᠂ 4000 ᠮᠧᠲᠷ ᠤᠨ ᠵᠢᠷᠤᠭ᠎ᠠ ᠮᠣᠷᠢᠨ ᠤ ᠤᠷᠤᠯᠳᠤᠭᠠᠨ ᠵᠡᠷᠭᠡ ᠠᠭᠤᠯᠭ᠎ᠠ ᠶᠢ ᠳᠤᠬᠢᠷᠠᠭᠤᠯᠤᠬᠰᠠᠠ ᠪᠦᠭᠡᠳ ᠲᠡᠮᠡᠭᠡᠨ ᠨᠠᠮᠨᠠᠭ᠎ᠠ᠂ ᠪᠤᠷᠠᠨᠲᠠᠭ ᠲᠠᠮᠤᠬᠤ᠂ ᠪᠦᠢᠯᠡ ᠵᠣᠷᠭᠤᠬᠤ᠂ ᠢᠩᠭᠡᠨ ᠤ ᠠᠳᠠᠯᠢᠳᠬᠠᠯ᠂ ᠪᠤᠤᠷ᠎ᠠ ᠶᠢᠨ ᠠᠳᠠᠯᠢᠳᠬᠠᠯ᠂ ᠠᠳᠠ ᠶᠢᠨ ᠠᠳᠠᠯᠢᠳᠬᠠᠯ᠂ ᠪᠤᠶᠢᠯᠠ ᠬᠠᠳᠬᠤᠬᠤ᠂ ᠢᠩᠭᠡ ᠰᠠᠭᠠᠬᠤ ᠦᠵᠡᠭᠦᠯᠭᠡ ᠵᠡᠷᠭᠡ ᠲᠡᠮᠡᠭᠡᠨ ᠰᠣᠶᠣᠯ ᠤᠨ ᠠᠳᠠᠯᠢᠳᠬᠠᠯ ᠶᠠᠪᠤᠭᠳᠠᠵᠦ᠂ ᠡᠵᠡᠨ᠎ᠡ ᠨᠤᠳᠤᠭ ᠤᠨ ᠬᠦᠮᠦᠨ ᠠᠷᠠᠳ ᠢᠶᠠᠨ ᠪᠠᠶᠠᠰᠬᠠᠬᠰᠠᠠ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号