ᠲᠠᠬᠢᠨ ᠰᠠᠨᠠᠭᠤᠯᠤᠶ᠎ᠠ︕ 84 ᠠᠷᠢᠭᠤᠳᠬᠠᠬᠤ ᠰᠢᠩᠭᠡᠨ ᠢ ᠡᠨᠡ ᠬᠤᠶᠠᠷ ᠪᠤᠳᠠᠰ ᠲᠠᠢ ᠬᠠᠮᠳᠤ ᠬᠡᠷᠡᠭᠯᠡᠵᠦ | ᠪᠤᠯᠬᠤ ᠦᠭᠡᠢ᠂ ᠠᠮᠢᠨ ᠳᠤ ᠴᠢᠨᠢ ᠬᠦᠷᠴᠦ ᠮᠡᠳᠡᠨ᠎ᠡ︕ | 84 ᠠᠷᠢᠭᠤᠳᠬᠠᠬᠤ ᠰᠢᠩᠭᠡᠨ ᠪᠤᠯ ᠬᠠᠮᠤᠭ ᠦᠷᠬᠦᠯᠵᠢ ᠬᠡᠷᠡᠭᠯᠡᠭᠳᠡᠵᠦ ᠪᠠᠶᠢᠭ᠎ᠠ ᠠᠷᠢᠭᠤᠳᠬᠠᠬᠤ ᠰᠢᠩᠭᠡᠨ | ᠪᠤᠯᠬᠤ ᠪᠦᠭᠡᠳ ᠬᠡᠷᠡᠭᠯᠡᠬᠦ ᠳᠤ ᠲᠦᠭᠦᠮ ᠪᠠᠶᠢᠳᠠᠭ ᠲᠤᠯᠠ ᠬᠦᠮᠦᠰ ᠤᠳᠤ ᠪᠤᠯᠳᠠᠯ᠎ᠠ ᠬᠡᠷᠡᠭᠯᠡᠭᠰᠡᠭᠡᠷ ᠪᠠᠶᠢᠭ᠎ᠠ᠃ | ᠭᠡᠳᠡᠯ᠎ᠡ ᠵᠠᠷᠢᠮ ᠬᠦᠮᠦᠰ ᠪᠤᠷᠤᠭᠤ ᠬᠡᠷᠡᠭᠯᠡᠵᠦ ᠠᠶᠤᠯ ᠬᠤᠬᠢᠷᠠᠯ ᠳᠤ ᠤᠴᠠᠷᠠᠭᠰᠠᠭᠠᠷ ᠪᠤᠢ᠃ ᠬᠢᠴᠢᠶᠡᠭᠡᠷᠡᠢ︕ | 84 ᠠᠷᠢᠭᠤᠳᠬᠠᠬᠤ ᠰᠢᠩᠭᠡᠨ ᠤ ᠭᠤᠤᠯ ᠪᠦᠷᠢᠯᠳᠦᠬᠦᠨ ᠨᠢ ᠾᠯᠤᠷ ᠬᠦᠴᠢᠯ ᠪᠤᠯᠤᠨ᠎ᠠ᠃ ᠾᠯᠤᠷ | ᠬᠦᠴᠢᠯ ᠤᠨ ᠢᠰᠦᠯᠳᠦᠬᠦᠯᠬᠦ ᠴᠢᠳᠠᠪᠬᠢ ᠨᠢ ᠴᠢᠩᠭ᠎ᠠ ᠪᠠᠶᠢᠵᠦ᠂ ᠪᠠᠺᠲ᠋ᠧᠷᠢ ᠶᠢ ᠢᠰᠦᠯᠳᠦᠬᠦᠯᠬᠦ ᠪᠠᠷ ᠲᠠᠮᠵᠢᠨ | ᠬᠠᠯᠳᠠᠪᠤᠷᠢᠯᠠᠬᠤ ᠪᠤᠶᠤ ᠦᠷᠡᠵᠢᠬᠦ ᠴᠢᠳᠠᠪᠬᠢ ᠶᠢ ᠨᠢ ᠤᠰᠠᠳᠬᠠᠵᠦ ᠴᠢᠳᠠᠳᠠᠭ᠃ ᠠᠳᠠᠯᠢ ᠪᠠᠷ ᠰᠢᠨ᠎ᠡ ᠲᠢᠳᠡᠮᠯᠢᠭ | ᠠᠭᠤᠰᠬᠢᠨ ᠦᠷᠪᠢᠰᠦᠯ ᠤᠨ ᠸᠢᠷᠦ᠋ᠰ ᠢ ᠴᠤ ᠤᠰᠠᠳᠬᠠᠵᠦ ᠴᠢᠳᠠᠨ᠎ᠠ᠃ | 84 ᠠᠷᠢᠭᠤᠳᠬᠠᠬᠤ ᠰᠢᠩᠭᠡᠨ ᠪᠤᠯᠤᠨ ᠰᠫᠢᠷᠲ ᠢ ᠬᠠᠮᠳᠤ ᠬᠡᠷᠡᠭᠯᠡᠵᠦ ᠪᠤᠯᠬᠤ ᠦᠭᠡᠢ᠃ ᠤᠠᠯᠩᠬᠢ ᠭᠡᠷ | ᠪᠦᠯᠢ ᠶᠢᠨ ᠬᠢᠨ 75% ᠶᠢᠨ ᠰᠫᠢᠷᠲ ᠪᠠ 84 ᠠᠷᠢᠭᠤᠳᠬᠠᠬᠤ ᠰᠢᠩᠭᠡᠨ ᠢ ᠬᠠᠮᠳᠤ ᠬᠡᠷᠡᠭᠯᠡᠬᠦ ᠨᠢ ᠦᠢᠯᠡᠳᠦᠯ ᠢᠶᠠᠷ | ᠨᠡᠩ ᠰᠠᠶᠢᠨ ᠭᠡᠵᠦ ᠦᠵᠡᠳᠡᠭ᠃ ᠡᠨᠡ ᠪᠤᠯ ᠪᠤᠷᠤᠭᠤ ᠶᠤᠮ᠃ ᠡᠨᠡ ᠬᠤᠶᠠᠷ ᠪᠤᠳᠠᠰ ᠢ ᠬᠠᠮᠳᠤ ᠭᠡᠷᠡᠭᠯᠡᠪᠡᠯ | ᠬᠢᠮᠢ ᠶᠢᠨ ᠤᠷᠪᠠᠯ ᠡᠬᠦᠰᠴᠤ ᠬᠤᠤᠷᠳᠠᠢ ᠾᠯᠤᠷᠵᠢᠭᠰᠠᠨ ᠪᠤᠳᠠᠰ ᠢ ᠡᠬᠦᠰᠭᠡᠨ᠎ᠡ᠃ ᠾᠯᠤᠷᠵᠢᠭᠰᠠᠨ ᠪᠤᠳᠠᠰ ᠪᠤᠯ | ᠬᠦᠮᠦᠨ ᠤ ᠪᠡᠶ᠎ᠡ ᠳᠤ ᠬᠤᠤᠷᠳᠠᠢ ᠪᠠᠶᠢᠳᠠᠭ᠃ | 84 ᠠᠷᠢᠭᠤᠳᠬᠠᠬᠤ ᠰᠢᠩᠭᠡᠨ ᠪᠤᠯᠤᠨ ᠵᠤᠷᠯᠤᠩ ᠴᠡᠪᠡᠷᠯᠡᠬᠦ ᠰᠢᠩᠭᠡᠨ ᠢ ᠬᠠᠮᠳᠤ ᠬᠡᠷᠡᠭᠯᠡᠵᠦ ᠪᠤᠯᠬᠤ ᠦᠭᠡᠢ | ᠃ ᠵᠤᠷᠯᠤᠩ ᠴᠡᠪᠡᠷᠯᠡᠬᠦ ᠰᠢᠩᠭᠡᠨ ᠤ ᠭᠤᠤᠯ ᠪᠦᠷᠢᠯᠳᠦᠬᠦᠨ ᠪᠤᠯ ᠲᠠᠪᠤᠰᠤᠨ ᠬᠦᠴᠢᠯ ᠪᠤᠯᠤᠨ᠎ᠠ᠃ ᠲᠠᠪᠤᠰᠤᠨ ᠬᠦᠴᠢᠯ | ᠪᠤᠯᠤᠨ ᠾᠯᠤᠷ ᠬᠦᠴᠢᠯ ᠨᠡᠶᠢᠯᠡᠪᠡᠯ ᠬᠢᠮᠢ ᠶᠢᠨ ᠤᠷᠪᠠᠯ ᠡᠬᠦᠰᠴᠤ ᠾᠯᠤᠷ ᠤᠨ ᠬᠡᠢ ᠶᠢ ᠢᠯᠭᠠᠷᠠᠭᠤᠯᠳᠠᠭ᠃ | ᠾᠯᠤᠷ ᠤᠨ ᠬᠡᠢ ᠨᠢ ᠠᠮᠢᠰᠬᠤᠯ ᠢᠶᠠᠷ ᠲᠠᠮᠵᠢᠨ ᠬᠦᠮᠦᠨ ᠤ ᠪᠡᠶ᠎ᠡ ᠳᠤ ᠦᠵᠡᠬᠦᠯᠬᠦ ᠬᠤᠤᠷᠳᠠᠢ ᠨᠦᠯᠦᠭᠡ ᠲᠦᠢᠯ ᠤᠨ | ᠶᠡᠭᠡ᠂ ᠪᠠᠰᠠ ᠨᠢᠳᠦ ᠪᠤᠶᠤ ᠠᠷᠠᠰᠤᠨ ᠳᠤ ᠲᠦᠢᠯ ᠤᠨ ᠴᠢᠩᠭ᠎ᠠ ᠰᠡᠳᠡᠯᠳᠡ ᠦᠭᠳᠡᠭ᠃ ᠾᠯᠤᠷ ᠤᠨ ᠬᠡᠢ ᠨᠢ ᠨᠢᠭᠡ | ᠬᠡᠮᠵᠢᠶᠡᠨ ᠤ ᠬᠤᠷᠠᠮᠳᠤᠯ ᠳᠤ ᠬᠦᠷᠪᠡᠯ ᠬᠦᠮᠦᠨ ᠤ ᠠᠮᠢ ᠨᠠᠰᠤ ᠶᠢ ᠬᠤᠷᠤᠭᠠᠬᠤ ᠪᠤᠯᠤᠨ᠎ᠠ᠃ | 84 ᠠᠷᠢᠭᠤᠳᠬᠠᠬᠤ ᠰᠢᠩᠭᠡᠨ ᠢ ᠬᠡᠷᠡᠭᠯᠡᠬᠦ ᠳᠤ ᠠᠩᠬᠠᠷᠬᠤ ᠵᠦᠢᠯ᠄ | 1. 84 ᠠᠷᠢᠭᠤᠳᠬᠠᠬᠤ ᠰᠢᠩᠭᠡᠨ ᠢ ᠰᠢᠭᠤᠳ ᠬᠡᠷᠡᠭᠯᠡᠵᠦ ᠪᠤᠯᠬᠤ ᠦᠭᠡᠢ᠃ ᠵᠠᠪᠠᠯ ᠬᠡᠷᠡᠭᠯᠡᠬᠦ | ᠲᠠᠶᠢᠯᠦᠮᠵᠢ ᠶᠢ ᠰᠠᠶᠢᠳᠤᠷ ᠪᠤᠯᠭᠤᠭᠠᠨ ᠦᠵᠡᠵᠦ᠂ ᠲᠤᠭᠳᠠᠮᠠᠯ ᠬᠡᠮᠵᠢᠶᠡᠨ ᠤ ᠤᠰᠤ ᠲᠠᠢ ᠬᠤᠯᠢᠵᠦ ᠰᠢᠩᠭᠡᠯᠡᠭᠰᠡᠨ ᠤ | ᠲᠠᠷᠠᠭ᠎ᠠ ᠬᠡᠷᠡᠭᠯᠡᠨ᠎ᠡ᠃ | 2. 84 ᠠᠷᠢᠭᠤᠳᠬᠠᠬᠤ ᠰᠢᠩᠭᠡᠨ ᠢ ᠬᠡᠷᠡᠭᠯᠡᠭᠰᠡᠨ ᠤ ᠲᠠᠷᠠᠭ᠎ᠠ ᠭᠡᠷ ᠲᠡᠭᠡᠨ ᠰᠠᠯᠬᠢ ᠨᠡᠪᠳᠡᠷᠡᠬᠦᠯᠬᠦ ᠬᠡᠷᠡᠭᠳᠡᠢ᠃ | | 3. 84 ᠠᠷᠢᠭᠤᠳᠬᠠᠬᠤ ᠰᠢᠩᠭᠡᠨ ᠢᠶᠠᠨ ᠲᠤᠬᠢᠳᠠᠢ ᠭᠠᠵᠠᠷ ᠲᠤ ᠬᠤᠷᠢᠶᠠᠵᠦ ᠬᠡᠤᠭᠡᠳ ᠲᠤ | ᠤᠶᠢᠷᠠᠳᠤᠭᠤᠯᠵᠦ ᠪᠤᠯᠬᠤ ᠦᠭᠡᠢ᠃ | 4. 84 ᠠᠷᠢᠭᠤᠳᠬᠠᠬᠤ ᠰᠢᠩᠭᠡᠨ ᠢ ᠬᠡᠷᠡᠭᠯᠡᠬᠦ ᠳᠡᠭᠡᠨ ᠵᠠᠪᠠᠯ ᠭᠠᠷ ᠲᠠᠭᠠᠨ ᠰᠤᠯᠢᠶᠤᠤ ᠪᠡᠭᠡᠯᠡᠢ ᠵᠡᠬᠦᠬᠦ | ᠬᠡᠷᠡᠭᠲᠡᠢ᠃ |