ᠦᠨᠳᠦᠰᠦᠳᠡᠨ ᠤ ᠲᠤᠬᠠᠢ ᠦᠨᠳᠦᠰᠦᠨ ᠮᠡᠳᠡᠯᠭᠡ
ᠨᠡᠶᠢᠲᠡᠯᠡᠭᠰᠡᠨ ᠴᠠᠭ᠄
2020-05-29
   26. ᠮᠠᠨ ᠤ ᠤᠯᠤᠰ ᠤᠨ ᠦᠨᠳᠦᠰᠦᠳᠡᠨ ᠤ ᠠᠰᠠᠭᠤᠳᠠᠯ ᠢ ᠰᠢᠢᠳᠪᠤᠷᠢᠯᠡᠬᠦ ᠦᠨᠳᠦᠰᠦᠨ ᠤᠯᠤᠰ ᠲᠦᠷᠦ ᠶᠢᠨ ᠲᠦᠷᠢᠮ ᠨᠢ ᠶᠠᠭᠤ ᠪᠤᠢ︖   ᠬᠠᠷᠢᠭᠤᠯᠳᠠ᠄ ᠦᠨᠳᠦᠰᠦᠳᠡᠨ ᠤ ᠤᠷᠤᠨ ᠤ ᠦᠪᠡᠷᠳᠡᠬᠡᠨ ᠵᠠᠰᠠᠬᠤ ᠲᠦᠷᠢᠮ᠃    27. ᠦᠨᠳᠦᠰᠦᠳᠡᠨ ᠤ ᠤᠷᠤᠨ ᠤ ᠦᠪᠡᠷᠳᠡᠬᠡᠨ ᠵᠠᠰᠠᠬᠤ ᠬᠡᠳᠡᠭ ᠨᠢ ᠶᠠᠭᠤ ᠪᠤᠢ︖    ᠬᠠᠷᠢᠭᠤᠯᠳᠠ᠄ ᠦᠨᠳᠦᠰᠦᠳᠡᠨ ᠤ ᠤᠷᠤᠨ ᠤ ᠦᠪᠡᠷᠳᠡᠬᠡᠨ ᠵᠠᠰᠠᠬᠤ ᠬᠡᠳᠡᠭ ᠨᠢ ᠨᠢᠬᠡᠳᠦᠯᠳᠡᠢ ᠤᠳᠤᠷᠢᠳᠤᠯᠭ᠎ᠠ ᠲᠤᠤᠷ᠎ᠠ ᠡᠯ᠎ᠠ ᠦᠨᠳᠦᠰᠦᠳᠡᠨ ᠲᠦᠪᠯᠡᠷᠡᠨ ᠰᠠᠭᠤᠬᠰᠠᠨ ᠭᠠᠵᠠᠷ ᠤᠷᠤᠨ ᠦᠪᠡᠷᠳᠡᠬᠡᠨ ᠵᠠᠰᠠᠬᠤ ᠶᠢ ᠬᠡᠷᠡᠭᠵᠢᠬᠦᠯᠵᠤ᠂ ᠦᠪᠡᠷᠳᠡᠬᠡᠨ ᠵᠠᠰᠠᠬᠤ ᠤᠷᠤᠨ ᠤ ᠠᠯᠪᠠᠨ ᠪᠠᠶᠢᠭᠤᠯᠤᠯᠭ᠎ᠠ ᠶᠢ ᠪᠠᠶᠢᠭᠤᠯᠵᠤ᠂ ᠦᠪᠡᠷᠳᠡᠬᠡᠨ ᠵᠠᠰᠠᠬᠤ ᠡᠷᠭᠡ ᠶᠢ ᠬᠡᠷᠡᠭᠵᠢᠬᠦᠯᠦᠨ᠎ᠠ᠃    28. ᠮᠠᠨ ᠤ ᠤᠯᠤᠰ ᠤᠨ 55 ᠴᠦᠬᠡᠨ ᠲᠤᠭᠠᠳᠤ ᠦᠨᠳᠦᠰᠦᠳᠡᠨ ᠤ ᠲᠤᠳᠤᠷ᠎ᠠ ᠬᠡᠳᠦᠨ ᠦᠨᠳᠦᠰᠦᠳᠡᠨ ᠨᠢ ᠦᠪᠡᠷᠳᠡᠬᠡᠨ ᠵᠠᠰᠠᠬᠤ ᠤᠷᠤᠨ ᠢ ᠬᠡᠷᠡᠭᠵᠢᠬᠦᠯᠦᠭᠰᠡᠨ ᠪᠤᠢ︖    ᠬᠠᠷᠢᠭᠤᠯᠳᠠ᠄ 44 ᠦᠨᠳᠦᠰᠦᠳᠡᠨ ᠨᠢ ᠦᠪᠡᠷᠳᠡᠬᠡᠨ ᠵᠠᠰᠠᠬᠤ ᠤᠷᠤᠨ ᠢ ᠬᠡᠷᠡᠭᠵᠢᠬᠦᠯᠦᠭᠰᠡᠨ ᠪᠠᠶᠢᠨ᠎ᠠ᠃    29. ᠦᠨᠳᠦᠰᠦᠳᠡᠨ ᠤ ᠦᠪᠡᠷᠳᠡᠬᠡᠨ ᠵᠠᠰᠠᠬᠤ ᠤᠷᠤᠨ ᠤ ᠦᠨᠳᠦᠰᠦᠨ ᠵᠠᠷᠴᠢᠮ ᠨᠢ ᠶᠠᠭᠤ ᠪᠤᠢ︖    ᠬᠠᠷᠢᠭᠤᠯᠳᠠ᠄ ᠡᠯ᠎ᠠ ᠴᠦᠬᠡᠨ ᠲᠤᠭᠠᠳᠤ ᠦᠨᠳᠦᠰᠦᠳᠡᠨ ᠲᠦᠪᠯᠡᠷᠡᠨ ᠰᠠᠭᠤᠬᠰᠠᠨ ᠭᠠᠵᠠᠷ ᠤᠷᠤᠨ ᠳᠤ ᠦᠪᠡᠷᠳᠡᠬᠡᠨ ᠵᠠᠰᠠᠬᠤ ᠶᠢ ᠬᠡᠷᠡᠭᠵᠢᠬᠦᠯᠦᠨ᠎ᠠ︔ ᠦᠨᠳᠦᠰᠦᠳᠡᠨ ᠤ ᠦᠪᠡᠷᠳᠡᠬᠡᠨ ᠵᠠᠰᠠᠬᠤ ᠭᠠᠵᠠᠷ ᠤᠷᠤᠨ ᠢ ᠦᠪᠡᠷᠳᠡᠬᠡᠨ ᠵᠠᠰᠠᠬᠤ ᠤᠷᠤᠨ᠂ ᠦᠪᠡᠷᠳᠡᠬᠡᠨ ᠵᠠᠰᠠᠬᠤ ᠵᠸᠤ᠂ ᠦᠪᠡᠷᠳᠡᠬᠡᠨ ᠵᠠᠰᠠᠬᠤ ᠰᠢᠶᠠᠨ ᠬᠡᠵᠤ ᠬᠤᠪᠢᠶᠠᠨ᠎ᠠ︔ ᠡᠯ᠎ᠠ ᠦᠨᠳᠦᠰᠦᠳᠡᠨ ᠤ ᠦᠪᠡᠷᠳᠡᠬᠡᠨ ᠵᠠᠰᠠᠬᠤ ᠤᠷᠤᠨ ᠨᠢ ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠰᠠᠯᠵᠤ ᠪᠤᠯᠤᠰᠢ ᠦᠬᠡᠢ ᠬᠡᠰᠡᠭ ᠪᠤᠯᠬᠤ ᠶᠤᠮ᠃    30. ᠨᠡᠶᠢᠬᠡᠮ ᠵᠢᠷᠤᠮ ᠤᠨ ᠰᠢᠨ᠎ᠠ ᠮᠠᠶ᠋ᠢᠭ ᠤᠨ ᠦᠨᠳᠦᠰᠦᠳᠡᠨ ᠤ ᠬᠠᠷᠢᠴᠠᠭ᠎ᠠ ᠨᠢ ᠶᠠᠭᠤ ᠪᠤᠢ︖    ᠬᠠᠷᠢᠭᠤᠯᠳᠠ᠄ ᠡᠷᠭᠡ ᠲᠡᠭᠰᠢ᠂ ᠪᠦᠯᠬᠦᠮᠳᠠᠯ ᠲᠠᠢ᠂ ᠬᠠᠷᠢᠯᠴᠠᠨ ᠬᠠᠪᠰᠤᠷᠤᠯᠴᠠᠬᠤ᠂ ᠡᠶ᠎ᠡ ᠨᠠᠶᠢᠷᠠᠮᠳᠠᠭᠤ᠃    31. ᠡᠯ᠎ᠠ ᠦᠨᠳᠦᠰᠦᠳᠡᠨ ᠬᠠᠷᠢᠯᠴᠠᠨ ᠰᠤᠯᠢᠯᠴᠠᠵᠤ ᠬᠠᠷᠢᠯᠴᠠᠨ ᠶᠠᠪᠤᠯᠴᠠᠬᠤ ᠶᠢ ᠶᠠᠭᠠᠬᠢᠵᠤ ᠠᠬᠢᠭᠤᠯᠬᠤ ᠪᠤᠢ︖    ᠬᠠᠷᠢᠭᠤᠯᠳᠠ᠄ ᠡᠯ᠎ᠠ ᠦᠨᠳᠦᠰᠦᠳᠡᠨ ᠬᠠᠷᠢᠯᠴᠠᠨ ᠰᠤᠯᠢᠯᠴᠠᠵᠤ ᠬᠠᠷᠢᠯᠴᠠᠨ ᠶᠠᠪᠤᠯᠴᠠᠬᠤ ᠶᠢ ᠠᠬᠢᠭᠤᠯᠬᠤ ᠳᠤ ᠨᠡᠶᠢᠳᠡᠯᠢᠭ ᠴᠢᠨᠠᠷ ᠪᠠ ᠵᠦᠷᠢᠶᠠᠳᠦ ᠴᠢᠨᠠᠷ ᠢ ᠵᠦᠪ ᠰᠢᠢᠳᠪᠤᠷᠢᠯᠡᠬᠦ ᠬᠡᠷᠡᠭᠳᠡᠢ᠃ ᠶᠠᠷᠦᠩᠬᠡᠢ ᠳᠤᠨᠢ ᠬᠡᠯᠡᠪᠡᠯ ᠬᠤᠭᠤᠷᠤᠨᠳᠤᠬᠢ ᠵᠦᠷᠢᠶ᠎ᠠ ᠶᠢ ᠬᠦᠨᠳᠦᠳᠬᠡᠵᠤ᠂ ᠤᠯᠠᠨ ᠲᠠᠯ᠎ᠠ ᠶᠢ ᠨᠢ ᠪᠠᠭᠳᠠᠭᠠᠵᠤ᠂ ᠬᠠᠷᠢᠯᠴᠠᠨ ᠰᠤᠯᠢᠯᠴᠠᠵᠤ ᠬᠠᠷᠢᠯᠴᠠᠨ ᠶᠠᠪᠤᠯᠴᠠᠬᠤ ᠶᠢ ᠦᠷᠬᠡᠳᠭᠡᠬᠦ ᠪᠠᠷ ᠲᠠᠮᠵᠢᠨ ᠡᠯ᠎ᠠ ᠦᠨᠳᠦᠰᠦᠳᠡᠨ ᠤ ᠤᠯᠠᠨ ᠲᠦᠮᠠᠨ ᠤ ᠬᠠᠮᠳᠤ ᠶᠢᠨ ᠤᠷᠤᠨ ᠰᠠᠭᠤᠴᠠ᠂ ᠰᠤᠷᠤᠯᠭ᠎ᠠ᠂ ᠠᠵᠢᠯ ᠶᠠᠪᠤᠳᠠᠯ᠂ ᠪᠠᠶᠠᠷ ᠴᠡᠩᠬᠡᠯ ᠵᠡᠷᠭᠡ ᠨᠡᠶᠢᠬᠡᠮ ᠤᠨ ᠨᠦᠬᠦᠴᠡᠯ ᠢ ᠪᠦᠷᠢᠯᠳᠦᠬᠦᠯᠵᠤ᠂ ᠲᠤᠮᠳᠠᠳᠤ ᠶᠢᠨ ᠦᠨᠳᠦᠰᠦᠳᠡᠨ ᠤ ᠶᠡᠭᠡ ᠬᠡᠷ ᠪᠦᠯᠢ ᠲᠤᠳᠤᠷ᠎ᠠ ᠪᠠᠨ ᠡᠶ᠎ᠡ ᠨᠠᠶᠢᠷᠠᠮᠳᠠᠭᠤ᠂ ᠰᠠᠬᠢᠨ ᠪᠠᠷᠠᠯᠠᠬᠤ ᠬᠠᠷᠢᠯᠴᠠᠨ ᠬᠠᠪᠰᠤᠷᠤᠯᠴᠠᠬᠤ ᠶᠢ ᠠᠬᠢᠭᠤᠯᠬᠤ ᠬᠡᠷᠡᠭᠳᠡᠢ᠃    32. ᠮᠠᠨ ᠤ ᠤᠯᠤᠰ ᠤᠨ ᠡᠯ᠎ᠠ ᠦᠨᠳᠦᠰᠦᠳᠡᠨ ᠤ ᠬᠤᠭᠤᠷᠤᠨᠳᠤᠬᠢ ᠬᠠᠷᠢᠯᠴᠠᠭ᠎ᠠ ᠨᠢ ᠠᠯᠢ ︽ᠵᠢᠷᠭᠤᠭᠠᠨ ᠬᠠᠷᠢᠯᠴᠠᠭ᠎ᠠ︾ ᠲᠡᠬᠡᠷ᠎ᠠ ᠢᠯᠡᠷᠡᠵᠤ ᠪᠠᠶᠢᠬᠤ ᠪᠤᠢ︖    ᠬᠠᠷᠢᠭᠤᠯᠳᠠ᠄ ᠡᠯ᠎ᠠ ᠦᠨᠳᠦᠰᠦᠳᠡᠨ ᠬᠠᠷᠢᠯᠴᠠᠨ ᠤᠢᠢᠯᠠᠭᠠᠯᠴᠠᠨ᠂ ᠬᠠᠷᠢᠯᠴᠠᠨ ᠬᠦᠨᠳᠦᠳᠬᠡᠵᠤ᠂ ᠬᠠᠷᠢᠯᠴᠠᠨ ᠪᠠᠭᠳᠠᠭᠠᠵᠤ᠂ ᠬᠠᠷᠢᠯᠴᠠᠨ ᠪᠠᠭ᠋ᠠᠷᠬᠠᠨ᠂ ᠬᠠᠷᠢᠯᠴᠠᠨ ᠰᠤᠷᠤᠯᠴᠠᠵᠤ᠂ ᠬᠠᠷᠢᠯᠴᠠᠨ ᠬᠠᠪᠰᠤᠷᠤᠯᠴᠠᠨ᠎ᠠ᠃    33. ︽ᠡᠯ᠎ᠠ ᠦᠨᠳᠦᠰᠦᠳᠡᠨ ᠠᠨᠠᠷ ᠤᠨ ᠦᠷ᠎ᠠ ᠠᠳᠠᠯᠢ ᠨᠢᠬᠳᠠ ᠪᠠᠶᠢᠬᠤ︾ ᠬᠡᠳᠡᠭ ᠨᠢ ᠶᠠᠮᠠᠷ ᠤᠳᠬ᠎ᠠ ᠲᠠᠢ ᠪᠤᠢ︖    ᠬᠠᠷᠢᠭᠤᠯᠳᠠ᠄ ᠰᠢ ᠶᠢᠨ ᠫᠢᠡᠭ ᠨᠦᠬᠦᠷ ᠤᠨ ᠠᠨᠠᠷ ᠤᠨ ᠦᠷ᠎ᠠ ᠠᠳᠠᠯᠢ ᠬᠡᠬᠦ ᠵᠦᠢᠷᠯᠠᠯ ᠪᠢᠳᠠᠨ ᠳᠤ ᠡᠬᠡ ᠤᠯᠤᠰ ᠤᠨ ᠡᠪᠤᠷ ᠲᠤ 56 ᠦᠨᠳᠦᠰᠦᠳᠡᠨ ᠪᠠᠶᠢᠵᠤ᠂ ᠡᠯ᠎ᠠ ᠦᠨᠳᠦᠰᠦᠳᠡᠨ ᠨᠢ ᠪᠦᠷ ᠴᠢᠩ ᠲᠤᠳᠤᠨᠤᠰᠤᠭ ᠠᠬ᠎ᠠ ᠲᠡᠬᠦᠦ ᠠᠳᠠᠯᠢ ᠪᠠᠶᠢᠵᠤ᠂ ᠲᠤᠤᠭᠠᠷᠪᠠᠯ ᠲᠠᠭᠤ ᠨᠢᠬᠡᠳᠡᠢ᠂ ᠲᠤᠬᠳᠤᠷᠪᠠᠯ ᠬᠦᠴᠦᠨ ᠨᠢᠬᠡᠳᠡᠢ᠂ ᠬᠠᠶᠢᠷ᠎ᠠ ᠬᠠᠯᠠᠭᠤᠮᠰᠤᠭ᠂ ᠡᠪ ᠨᠠᠶᠢᠷᠰᠠᠭ᠂ ᠲᠤᠳᠤᠨᠤ ᠨᠦᠬᠦᠷᠰᠡᠭ ᠶᠡᠭᠡ ᠬᠡᠷ ᠪᠦᠯᠢ ᠶᠢ ᠪᠦᠷᠢᠯᠳᠦᠬᠦᠯᠵᠤ᠂ ᠡᠯ᠎ᠠ ᠦᠨᠳᠦᠰᠦᠳᠡᠨ ᠠᠨᠠᠷ ᠤᠨ ᠦᠷ᠎ᠠ ᠠᠳᠠᠯᠢ ᠨᠢᠬᠳᠠ ᠲᠤᠳᠤᠨᠤᠰᠤᠭ᠂ ᠴᠢᠩ ᠰᠡᠳᠬᠢᠯ ᠠᠴᠠ ᠨᠦᠬᠦᠷᠯᠡᠬᠦ ᠶᠢ ᠵᠢᠭᠠᠵᠠᠢ᠃    34. ᠦᠨᠳᠦᠰᠦᠳᠡᠨ ᠤ ᠪᠦᠯᠬᠦᠮᠳᠡᠯ ᠢ ᠴᠢᠩᠭᠠᠳᠬᠠᠬᠤ ᠳᠤ ᠠᠯᠢ ᠬᠤᠶᠠᠷ ︽ᠦᠵᠡᠯ︾᠎ ᠢ ᠡᠷᠡᠰ ᠲᠠᠪᠴᠢᠬᠦ ᠪᠤᠢ︖    ᠬᠠᠷᠢᠭᠤᠯᠳᠠ᠄ ᠶᠡᠭᠡ ᠬᠢᠳᠡᠳ ᠤᠨ ᠲᠡᠬᠡᠷᠡᠩᠬᠦᠢ ᠦᠵᠡᠯ ᠪᠠ ᠦᠨᠳᠦᠰᠦᠳᠡᠨ ᠤ ᠢᠪᠴᠤᠤ ᠦᠵᠡᠯ ᠢ ᠡᠷᠡᠰ ᠲᠠᠪᠴᠢᠨ᠎ᠠ᠃ ︵ᠦᠷᠬᠦᠯᠵᠢᠯᠠᠯ ᠪᠤᠢ︶
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号