ᠡᠵᠡᠨ᠎ᠡ ᠬᠤᠰᠢᠭᠤᠨ ᠤ ᠲᠥᠢᠮᠦ ᠪᠠᠶᠢᠲᠠᠯ
ᠨᠡᠶᠢᠲᠡᠯᠡᠭᠰᠡᠨ ᠴᠠᠭ᠄
2020/6/5
      ᠡᠵᠡᠨ᠎ᠡ ᠬᠤᠰᠢᠭᠤ ᠥᠪᠥᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠬᠠᠮᠤᠭ ᠤᠨ ᠪᠠᠷᠠᠭᠤᠨ ᠵᠠᠬ᠎ᠠ ᠎ ᠳᠤ ᠪᠠᠶᠢᠷᠢᠯᠠᠵᠤ᠂ ᠵᠡᠬᠦᠨ ᠡᠮᠦᠨᠡᠭᠦᠷ ᠢᠶᠠᠨ ᠠᠯᠠᠱᠠ ᠪᠠᠷᠠᠭᠤᠨ ᠬᠤᠰᠢᠭᠤ ᠲᠠᠢ ᠵᠠᠬ᠎ᠠ ᠨᠡᠶᠢᠯᠡᠵᠣ᠂ ᠪᠠᠷᠠᠭᠤᠨ ᠡᠮᠦᠨᠡᠭᠦᠷ ᠢᠶᠠᠨ ᠭᠠᠨᠰᠤ ᠮᠤᠵᠢ ᠲᠠᠢ ᠬᠦᠷᠰᠢᠯᠲᠦᠨ᠂ ᠬᠤᠶᠢᠭᠤᠷ ᠢᠶᠠᠨ ᠮᠣᠩᠭᠤᠯ ᠤᠯᠤᠰ ᠲᠠᠢ ᠬᠢᠯᠢᠯᠡᠵᠣ᠂ 507 ᠺᠢᠯᠤᠮᠧᠲᠷ ᠤᠷᠲᠤ ᠬᠢᠯᠢ ᠶᠢᠨ ᠱᠤᠭᠤᠮ ᠲᠠᠢ᠃ ᠨᠤᠲᠤᠭ ᠳᠡᠪᠢᠰᠭᠡᠷ ᠤᠨ ᠪᠦᠬᠦ ᠲᠠᠯᠠᠪᠠᠢ ᠨᠢ 11.46 ᠲᠦᠮᠡᠨ ᠬᠠᠪᠲᠠᠭᠠᠢ ᠲᠦᠷᠪᠡᠯᠵᠢᠨ ᠺᠢᠯᠤᠮᠧᠲᠷ ᠪᠠᠶᠢᠵᠤ᠂ ᠥᠪᠥᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠬᠠᠮᠤᠭ ᠶᠡᠭᠡ ᠲᠠᠯᠠᠪᠠᠢ ᠲᠠᠢ ᠬᠤᠰᠢᠭᠤ ᠶᠣᠮ᠃ ᠪᠥᠬᠦ ᠬᠤᠰᠢᠭᠤᠨ ᠳᠤ ᠮᠣᠩᠭᠤᠯ᠂ ᠬᠢᠲᠠᠳ᠂ ᠬᠤᠲᠣᠩ᠂ ᠲᠦᠪᠡᠳ ᠵᠡᠷᠭᠡ 12 ᠦᠨᠳᠦᠰᠦᠲᠡᠨ ᠤ 3.2 ᠲᠥᠮᠡ ᠭᠠᠷᠣᠢ ᠬᠥᠮᠥᠨ ᠠᠮᠠ ᠣᠷᠣᠰᠢᠨ ᠠᠮᠢᠲᠤᠷᠠᠵᠤ ᠪᠠᠶᠢᠨ᠎ᠠ᠃       ᠡᠵᠡᠨ᠎ᠡ ᠬᠤᠰᠢᠭᠤ ᠨᠢ ᠥᠪ ᠶᠡᠭᠡ ᠲᠡᠣᠬᠡ ᠰᠣᠶᠣᠯ ᠲᠠᠢ ᠥᠵᠡᠮᠵᠢ ᠭᠤᠶᠢᠳᠠ ᠣᠷᠣᠨ ᠶᠣᠮ᠃ ᠠᠳᠡᠬᠢ ᠠᠯᠳᠠᠷᠳᠠᠢ ᠵᠢᠣᠢ ᠶᠡᠨ ᠤ ᠬᠠᠨ ᠣᠯᠣᠰ ᠤᠨ ᠬᠤᠯᠣᠰᠣᠨ ᠪᠢᠴᠢᠭ᠂ ᠬᠠᠷ᠎ᠠ ᠬᠤᠳᠠ ᠶᠢᠨ ᠰᠣᠳᠣᠷ ᠪᠢᠴᠢᠭ᠂ ᠭᠤᠷᠪᠠᠨ ᠵᠠᠭᠤ ᠭᠠᠷᠣᠢ ᠵᠢᠯ ᠤᠨ ᠡᠮᠣᠨᠡᠬᠢ ᠲᠣᠷᠭᠤᠳᠴᠣᠳ ᠤᠨ ᠲᠣᠷᠣᠨᠠᠰᠢ ᠪᠣᠴᠠᠭᠰᠠᠨ ᠪᠠᠭᠠᠳᠣᠷᠯᠢᠭ ᠲᠣᠣᠯᠢᠰ ᠵᠡᠷᠭᠡ ᠨᠢ ᠡᠵᠡᠨ᠎ᠡ ᠲᠣᠷᠭᠤᠳ ᠨᠣᠳᠤᠭ ᠤᠨ ᠡᠷᠳᠡ ᠲᠡᠭᠡᠷ᠎ᠡ ᠥᠶ᠎ᠡ ᠶᠢᠨ ᠲᠡᠣᠬᠡ ᠶᠢᠨ ᠣᠯᠠ ᠮᠥᠷ ᠢ ᠬᠠᠷᠠᠭᠤᠯᠵᠣ᠂ ᠮᠢᠩᠭ᠎ᠠ ᠮᠢᠩᠭᠠᠨ ᠵᠢᠯ ᠤᠨ ᠲᠣᠷᠰᠢ ᠡᠵᠡᠨ᠎ᠡ ᠨᠣᠳᠤᠭ ᠡᠬᠡ ᠣᠷᠣᠨ ᠲᠠᠢ ᠪᠠᠨ ᠬᠠᠮᠳᠣ ᠬᠥᠭᠵᠢᠯ ᠮᠠᠨᠳᠣᠯ᠂  ᠨᠤᠭᠤᠷᠠᠯ ᠪᠥᠳᠥᠷᠢᠯ ᠢ ᠲᠣᠭᠤᠯᠵᠣ᠂ ᠥᠪ ᠶᠡᠭᠡ ᠰᠣᠶᠣᠯ ᠢ ᠪᠣᠢ ᠪᠣᠯᠭᠠᠭᠰᠠᠨ ᠢᠶᠠᠷ ᠢᠶᠠᠨ ᠲᠠᠶᠠᠩ ᠲᠡᠯᠡᠬᠡᠢ ᠳᠤ ᠠᠯᠳᠠᠷᠳᠠᠢ ᠪᠥᠭᠡᠳ ᠬᠤᠣᠰ ᠦᠭᠡᠢ ᠭᠠᠶᠢᠬᠠᠯᠳᠠᠢ ᠥᠵᠡᠮᠵᠢ ᠪᠠᠷ ᠢᠶᠠᠨ ᠬᠤᠯᠠ ᠣᠶᠢᠷ᠎ᠠ ᠳᠤ ᠲᠠᠭᠤᠷᠢᠰᠣᠯ ᠲᠠᠢ᠃ ᠥᠩᠭᠡ ᠢᠯᠭᠠᠷᠠᠨ ᠲᠡᠯᠭᠡᠷᠡᠭᠰᠡᠨ ᠰᠣᠬᠠᠢ ᠶᠢᠨ ᠶᠠᠭᠠᠨ ᠴᠡᠴᠡᠭ ᠨᠢ ᠡᠨᠡ ᠨᠣᠳᠤᠭ ᠤᠨ ᠵᠣᠨ ᠤ ᠰᠠᠶᠢᠬᠠᠨ ᠢ ᠪᠠᠭ᠋ᠠᠳᠣᠭᠤᠯᠳᠠᠭ ᠪᠣᠯ ᠬᠠᠷᠠᠭ᠎ᠠ ᠪᠣᠯᠢᠶᠠᠨ ᠰᠢᠷᠭᠠᠯᠳᠣᠭᠰᠠᠨ ᠠᠯᠳᠠᠨ ᠲᠣᠣᠷᠠᠢ ᠶᠢᠨ ᠰᠢᠭᠤᠢ ᠨᠢ ᠡᠨᠡ ᠨᠣᠳᠤᠭ ᠤᠨ ᠨᠠᠮᠣᠷ ᠤᠨ ᠲᠠᠩᠰᠤᠭ ᠢ ᠭᠠᠶᠢᠬᠠᠭᠤᠯᠵᠣ᠂ ᠡᠵᠡᠨ᠎ᠡ ᠭᠤᠣᠯ ᠤᠨ ᠬᠥᠪᠡᠭᠡᠨ ᠳᠤ ᠰᠥᠨᠳᠡᠷᠯᠡᠬᠦ ᠰᠠᠨᠰᠠᠷ ᠠᠶᠠᠯᠠᠯ ᠤᠨ ᠬᠤᠳᠠ ᠨᠢ ᠡᠨᠡ ᠨᠣᠳᠤᠭ ᠤᠨ ᠠᠷᠠᠳ ᠲᠥᠮᠡᠨ ᠤ ᠠᠭᠤᠳᠠᠮ ᠪᠠᠭᠳᠠᠭᠠᠮᠵᠢ᠂ ᠠᠤᠭ᠎ᠠ ᠵᠢᠳᠭᠦᠯ ᠢ ᠭᠥᠢᠴᠡᠳ ᠬᠠᠷᠠᠭᠤᠯᠣᠭᠰᠠᠨ ᠪᠢᠯᠡ᠃ ᠡᠵᠡᠨ᠎ᠡ ᠨᠣᠳᠤᠭ ᠨᠢ ᠥᠪ ᠶᠡᠭᠡ ᠰᠣᠶᠣᠯ ᠣᠯᠠᠮᠵᠢᠯᠠᠯ᠂ ᠭᠤᠶᠢᠳᠠ ᠲᠠᠩᠰᠤᠭ ᠥᠩᠭᠡ ᠥᠵᠡᠮᠵᠢ᠂ ᠥᠳᠳᠡᠷ ᠲᠥᠷᠭᠡᠨ ᠬᠥᠭᠵᠢᠯᠳᠡ ᠬᠤᠪᠢᠷᠠᠯᠳᠠ ᠪᠠᠷ ᠢᠶᠠᠨ ᠲᠥᠮᠡᠨ ᠣᠯᠠᠨ ᠤ ᠬᠥᠰᠡᠯ ᠲᠡᠮᠡᠣᠯᠡᠯ ᠢ ᠡᠪᠣᠷᠳᠡᠯᠡᠨ ᠠᠯᠣᠰ ᠤᠨ ᠠᠶᠠᠨ ᠤ ᠵᠢᠯᠣᠭᠤ ᠪᠠᠨ ᠰᠣᠩᠭᠠᠨ᠎ᠠ᠃        ᠰᠣᠶᠣᠯ ᠪᠣᠯ ᠨᠢᠭᠡ ᠨᠣᠳᠤᠭ ᠤᠨ ︽ᠰᠥᠭ ᠰᠥᠯᠳᠡ︾᠎ ᠨᠢ ᠪᠢᠯᠡ᠃ ᠠᠳᠡᠬᠢ ᠰᠢᠨ᠎ᠡ ᠬᠠᠭᠤᠴᠢᠨ ᠴᠢᠯᠠᠭᠤᠨ ᠵᠡᠪᠰᠡᠭ ᠤᠨ ᠥᠶ᠎ᠡ ᠶᠢᠨ ᠰᠣᠶᠣᠯ᠂ ᠱᠠᠩ ᠭᠥᠷᠥᠨ ᠤ ᠰᠡᠭᠦᠯᠴᠢ ᠶᠢᠨ ᠨᠡᠶᠢᠰᠯᠡᠯ ᠬᠤᠳᠠ ᠶᠢᠨ ᠪᠠᠭᠤᠷᠢ ᠎ ᠨᠢ ᠲᠡᠯᠡᠬᠡᠢ ᠶᠢᠨ ᠬᠠᠭᠤᠴᠢ ᠰᠣᠳᠣᠯᠣᠯ ᠪᠣᠯᠣᠨ ᠲᠡᠣᠬᠡ ᠰᠣᠳᠣᠯᠣᠯ ᠤᠨ ᠬᠥᠷᠢᠶᠡᠨ ᠳᠤ ᠰᠣᠳᠣᠯᠣᠭᠳᠠᠵᠣ᠂ ᠵᠢᠣᠢ ᠶᠡᠨ ᠣᠷᠣᠨ ᠤ ᠰᠣᠶᠣᠯ᠂ ᠱᠠᠩ ᠣᠯᠣᠰ ᠤᠨ ᠰᠡᠭᠦᠯᠴᠢ ᠶᠢᠨ ᠨᠡᠶᠢᠰᠯᠡᠯ ᠬᠤᠳᠠ ᠶᠢᠨ ᠪᠠᠭᠤᠷᠢ ᠨᠢ ᠶᠠᠰᠣᠨ ᠪᠢᠴᠢᠭᠡᠰᠣ᠂ ᠳ᠋ᠥᠩᠬᠤᠸ᠋ᠩ ᠤᠨ ᠭᠡᠷᠢᠶᠡᠰᠣ ᠪᠢᠴᠢᠭ ᠲᠠᠢ ᠬᠠᠮᠳᠣ ᠬᠤᠷᠢᠳᠣᠭᠠᠷ ᠵᠠᠭᠤᠨ ᠤ ᠲᠣᠷᠣᠨ᠎ᠠ ᠳ᠋ᠠᠬᠢᠨ ᠤ ᠰᠣᠶᠣᠯ ᠢᠷᠭᠡᠨᠰᠢᠯ ᠤᠨ ᠲᠥᠷᠪᠡᠨ ᠲᠣᠮᠣ ᠢᠯᠡᠷᠡᠭᠦᠯᠥᠯᠳᠡ ᠭᠡᠵᠣ ᠨᠡᠷᠡᠯᠡᠭᠳᠡᠵᠣ ᠪᠠᠶᠢᠭ᠎ᠠ᠃ ᠲᠡᠣᠬᠡ ᠶᠢᠨ ᠣᠯᠠ ᠮᠥᠷ ᠢ ᠬᠠᠶᠢᠬᠤ ᠳᠤ᠂ ᠡᠵᠡᠨ᠎ᠡ ᠲᠣᠷᠭᠤᠳᠴᠣᠳ ᠤᠨ 300 ᠵᠢᠯ ᠤᠨ ᠡᠮᠣᠨᠡᠬᠢ ᠢᠵᠢᠯ ᠵᠠᠢ ᠠᠴᠠ ᠬᠥᠴᠢᠷ ᠪᠡᠷᠬᠡᠰᠢᠶᠡᠯ᠂ ᠲᠠᠶᠢᠨ ᠲᠠᠵᠢᠨ ᠢ ᠲᠣᠭᠤᠯᠣᠨ ᠲᠣᠷᠣᠨᠠᠰᠢ ᠪᠣᠴᠠᠭᠰᠠᠨ ᠠᠭᠤᠣ ᠲᠣᠣᠯᠢ ᠪᠣᠢ᠃ ᠡᠳᠡᠭᠡᠷ ᠲᠡᠣᠬᠡ ᠰᠣᠶᠣᠯ ᠤᠨ ᠡᠬᠢ ᠰᠣᠷᠪᠣᠯᠵᠢ ᠶᠢ ᠬᠠᠳᠠᠭᠠᠯᠠᠨ ᠥᠵᠡᠭᠦᠯᠬᠦ ᠡᠭᠦᠳᠡᠨ ᠠᠴᠠ ᠡᠵᠡᠨ᠎ᠡ ᠬᠤᠰᠢᠭᠤ ︽ᠰᠣᠶᠣᠯ ᠢᠶᠠᠷ ᠬᠤᠰᠢᠭᠤ ᠪᠠᠨ ᠮᠠᠨᠳᠣᠭᠤᠯᠬᠤ︾ ᠪᠠᠶᠢᠯᠳᠣᠬᠤ ᠪᠣᠳᠣᠯᠭ᠎ᠠ ᠶᠢ ᠲᠣᠷᠠᠳᠴᠣ᠂ ᠰᠣᠶᠣᠯ ᠤᠨ ᠪᠠᠶᠢᠭᠤᠯᠣᠯᠳᠠ ᠶᠢ ᠪᠥᠬᠦ ᠲᠠᠯ᠎ᠠ ᠪᠠᠷ ᠠᠬᠢᠭᠤᠯᠵᠣ᠂ ᠠᠷᠠᠳ ᠲᠥᠮᠡᠨ ᠤ ᠰᠣᠶᠣᠯ ᠤᠨ ᠠᠮᠢᠳᠣᠷᠠᠯ ᠤᠨ ᠬᠡᠷᠡᠭᠴᠡᠭᠡ ᠶᠢ ᠭᠥᠢᠴᠡᠳ ᠬᠠᠩᠭᠠᠵᠣ᠂ ᠰᠣᠶᠣᠯ ᠤᠨ ᠲᠠᠭᠠᠳᠠᠢ ᠣᠷᠴᠢᠨ ᠢ ᠪᠣᠢ ᠪᠣᠯᠭᠠᠵᠣ ᠪᠠᠶᠢᠨ᠎ᠠ᠃     ᠪᠣᠳᠠᠰ ᠤᠨ ᠪᠣᠰᠣ ᠰᠣᠶᠣᠯ           ᠥᠨᠳᠥᠰᠥᠳᠡᠨ ᠤ ᠰᠣᠶᠣᠯ ᠤᠨ ᠣᠬᠢ ᠰᠣᠳᠣ ᠶᠢ ᠥᠪᠯᠡᠨ ᠬᠠᠮᠠᠭᠠᠯᠠᠬᠤ ᠶᠢᠨ ᠲᠣᠯᠠᠳᠠ᠂ ᠡᠵᠡᠨ᠎ᠡ ᠬᠤᠰᠢᠭᠤ ᠪᠣᠳᠠᠰ ᠤᠨ ᠪᠣᠰᠣ ᠰᠣᠶᠣᠯ ᠤᠨ ᠥᠪ ᠢ ᠠᠪᠣᠷᠠᠵᠣ ᠬᠠᠮᠠᠭᠠᠯᠠᠬᠤ ᠠᠵᠢᠯ ᠢ ᠰᠠᠶᠢᠳᠣᠷ ᠬᠢᠵᠣ ᠪᠠᠶᠢᠨ᠎ᠠ᠃ ᠣᠳᠣ ᠡᠵᠡᠨ᠎ᠡ ᠬᠤᠰᠢᠭᠤᠨ ᠤ ᠪᠣᠳᠠᠰ ᠤᠨ ᠪᠣᠰᠣ ᠰᠣᠶᠣᠯ ᠤᠨ ᠥᠪ ᠤᠨ ᠬᠠᠮᠠᠭᠠᠯᠠᠯᠳᠠ ᠶᠢᠨ ᠲᠥᠰᠥᠯ ᠣᠯᠣᠰ ᠤᠨ ᠲᠡᠰ ᠎ ᠤᠨ ᠨᠢᠭᠡ᠂ ᠣᠷᠣᠨ ᠤ ᠲᠡᠰ ᠤᠨ ᠵᠢᠷᠭᠤᠭ᠎ᠠ᠂ ᠠᠶᠢᠮᠠᠭ ᠤᠨ ᠲᠡᠰ ᠤᠨ ᠠᠷᠪᠠᠨ ᠨᠠᠶᠢᠮᠠ᠂ ᠬᠤᠰᠢᠭᠤᠨ ᠤ ᠲᠡᠰ ᠤᠨ ᠬᠤᠷᠢᠨ ᠭᠤᠷᠪᠠ  ᠪᠣᠯᠵᠣ᠂ 2009 ᠣᠨ ᠤ 12 ᠰᠠᠷ᠎ᠠ ᠳᠤ ᠡᠵᠡᠨ᠎ᠡ ᠬᠤᠰᠢᠭᠤ ᠨᠢ ᠥᠪᠡᠷᠳᠡᠭᠡᠨ ᠵᠠᠰᠠᠬᠤ ᠣᠷᠣᠨ ᠤ ᠲᠡᠰ ᠤᠨ ︽ᠲᠣᠷᠭᠤᠳ ᠮᠣᠩᠭᠤᠯᠴᠣᠳ ᠤᠨ ᠰᠣᠶᠣᠯ᠂ ᠠᠮᠢ ᠠᠬᠤᠢ ᠶᠢᠨ ᠬᠠᠮᠠᠭᠠᠯᠠᠯᠳᠠ ᠶᠢᠨ ᠣᠷᠣᠨ︾ ᠪᠣᠯᠵᠣ᠂ ᠡᠨᠡ ᠨᠢ ᠣᠷᠣᠨ ᠤ ᠠᠩᠬᠠᠳᠠᠭᠴᠢ ᠰᠣᠶᠣᠯ᠂ ᠠᠮᠢ ᠠᠬᠤᠢ ᠶᠢᠨ ᠬᠠᠮᠠᠭᠠᠯᠠᠯᠳᠠ ᠶᠢᠨ ᠵᠢᠷᠭᠤᠭᠠᠨ ᠣᠷᠣᠨ ᠎ ᠤ ᠨᠢᠭᠡ ᠪᠣᠯᠣᠭᠰᠠᠨ ᠤ ᠬᠠᠮᠳᠣ 2011 ᠣᠨ ᠤ 12 ᠰᠠᠷ᠎ᠠ ᠳᠤ ᠥᠪᠡᠷᠳᠡᠭᠡᠨ ᠵᠠᠰᠠᠬᠤ ᠣᠷᠣᠨ ᠤ ᠲᠡᠰ ᠤᠨ ︽ᠲᠣᠷᠭᠤᠳ ᠠᠷᠠᠳ ᠤᠨ ᠲᠠᠭᠤᠣ ᠣᠷᠠᠯᠢᠭ ᠤᠨ ᠥᠯᠥᠭᠡᠢ︾ ᠪᠣᠯᠣᠭᠰᠠᠨ ᠪᠠᠶᠢᠨ᠎ᠠ᠃         ᠡᠵᠡᠨ᠎ᠡ ᠬᠤᠰᠢᠭᠤᠨ ᠤ ᠠᠷᠠᠳ ᠤᠨ ᠲᠠᠭᠤᠨ ᠤ ᠨᠡᠶᠢᠬᠡᠮᠯᠢᠭ ᠪᠣᠯ 2004 ᠣᠨ ᠳᠤ ᠪᠠᠶᠢᠭᠤᠯᠣᠭᠳᠠᠵᠣ᠂ ᠥᠨᠥ ᠬᠥᠷᠳᠡᠯ᠎ᠡ ᠵᠠᠭᠤ ᠭᠠᠷᠣᠢ ᠭᠡᠰᠢᠭᠦᠨ ᠲᠠᠢ ᠪᠣᠯᠵᠣ᠂ ᠣᠯᠠᠨ ᠣᠳᠠᠭ᠎ᠠ ᠣᠷᠣᠨ ᠤ ᠲᠣᠳᠣᠨ᠎ᠠ ᠭᠠᠳᠠᠨ᠎ᠠ ᠶᠢᠨ ᠣᠷᠣᠯᠳᠣᠭᠠᠨ ᠳᠤ ᠣᠷᠣᠯᠴᠠᠵᠣ᠂ ᠠᠭᠤᠳᠠᠮ ᠲᠠᠯᠠᠪᠠᠢ ᠶᠢᠨ ᠣᠷᠠᠨ ᠰᠠᠶᠢᠬᠠᠨ ᠤ ᠲᠣᠭᠯᠠᠯᠳᠠ ᠭᠠᠷᠭᠠᠨ᠂ ᠣᠯᠠᠨ ᠲᠥᠷᠥᠯ ᠤᠨ ᠪᠣᠯᠪᠠᠰᠣᠷᠠᠯ ᠤᠨ ᠠᠩᠭᠢ ᠡᠷᠬᠢᠯᠡᠭᠰᠡᠨ ᠪᠥᠭᠡᠳ ᠠᠷᠠᠳ ᠤᠨ ᠲᠠᠭᠤᠣ ᠶᠢ ᠰᠣᠷᠭᠠᠭᠤᠯᠢ ᠶᠢᠨ ᠬᠥᠷᠢᠶᠡᠨ ᠎ ᠳᠤ ᠣᠷᠣᠭᠤᠯᠬᠤ ᠬᠥᠳᠡᠯᠭᠡᠭᠡᠨ ᠢ  ᠶᠠᠪᠣᠭᠳᠠᠭᠤᠯᠣᠨ᠂ ᠲᠣᠷᠭᠤᠳ ᠠᠷᠠᠳ ᠤᠨ ᠲᠠᠭᠤᠣ ᠶᠢ ᠬᠠᠮᠠᠭᠠᠯᠠᠬᠤ᠂ ᠣᠯᠠᠮᠵᠢᠯᠠᠬᠤ ᠵᠡᠷᠭᠡ ᠠᠵᠢᠯ ᠢ ᠬᠠᠷᠢᠭᠤᠴᠠᠨ ᠬᠢᠵᠣ᠂ ᠨᠡᠯᠢᠶᠡᠳ ᠠᠮᠵᠢᠯᠳᠠ ᠲᠠᠢ ᠬᠢᠷᠢ ᠪᠥᠳᠥᠮᠵᠢ ᠭᠠᠷᠭᠠᠭᠰᠠᠨ ᠪᠠᠶᠢᠨ᠎ᠠ᠃ 2008 ᠣᠨ ᠤ ᠨᠠᠢᠮᠠᠨ ᠮᠣᠵᠢ ᠣᠷᠣᠨ ᠤ ᠣᠷᠳᠣ ᠶᠢᠨ ᠲᠠᠭᠤᠨ ᠤ ᠣᠷᠣᠯᠳᠣᠭᠠᠨ ᠳᠤ ︽ᠠᠷᠠᠳ ᠤᠨ ᠲᠠᠭᠤᠴᠢᠨ︾᠎ ᠢᠶᠠᠷ 21 ᠨᠡᠷ᠎ᠡ᠂ ︽ᠲᠠᠭᠤᠴᠢᠨ︾᠎ ᠢᠶᠠᠷ 20 ᠨᠡᠷ᠎ᠡ  ᠂ ︽ᠰᠢᠯᠢᠳᠡᠭ ᠲᠠᠭᠤᠴᠢᠨ︾᠎ ᠢᠶᠠᠷ 6 ᠨᠡᠷ᠎ᠡ  ᠂ ︽ᠬᠥᠷᠡᠯ ᠮᠧᠲᠯ ᠤᠨ ᠲᠠᠭᠤᠴᠢᠨ︾᠎ ᠢᠶᠠᠷ 1 ᠨᠡᠷ᠎ᠡ ᠴᠣᠯᠯᠠᠭᠳᠠᠵᠣ᠂ ᠠᠬᠠᠮᠠᠳ ᠲᠠᠭᠤᠴᠢᠳ ᠤᠨ ᠥᠪᠯᠡᠨ ᠣᠯᠠᠮᠵᠢᠯᠠᠬᠤ ᠪᠠᠷ ᠲᠠᠮᠵᠢᠨ ᠡᠵᠡᠨ᠎ᠡ ᠲᠣᠷᠭᠤᠳ ᠠᠷᠠᠳ ᠤᠨ ᠲᠠᠭᠤᠨ ᠤ ᠭᠠᠯ ᠭᠤᠯᠣᠮᠳᠠ ᠶᠢ ᠬᠥᠭᠵᠢᠭᠡᠨ ᠪᠠᠳᠠᠷᠠᠭᠠᠬᠤ ᠰᠢᠨ᠎ᠡ ᠨᠢᠭᠡ ᠥᠶ᠎ᠡ ᠶᠢᠨ ᠵᠠᠯᠠᠭᠤ ᠲᠠᠭᠤᠴᠢᠳ ᠣᠷᠣᠨ ᠤ ᠲᠣᠳᠣᠭᠠᠳᠣ ᠭᠠᠳᠠᠭᠠᠳᠣ ᠳᠤ ᠨᠡᠷ᠎ᠡ ᠠᠯᠳᠠᠷ ᠎ ᠢᠶᠠᠨ ᠲᠠᠭᠤᠷᠢᠰᠣᠭᠤᠯᠵᠣ ᠪᠠᠶᠢᠭ᠎ᠠ᠃              ᠲᠣᠷᠭᠤᠳ ᠶᠠᠰᠣᠳᠠᠨ ᠤ ᠬᠤᠪᠴᠠᠰᠣ ᠵᠠᠰᠠᠯ ᠨᠢ ᠥᠪᠡᠷᠮᠢᠴᠡ ᠣᠨᠴᠠᠯᠢᠭ ᠲᠠᠢ ᠪᠠᠶᠢᠵᠣ᠂ ᠡᠷᠡᠭᠳᠡᠢ ᠬᠥᠮᠥᠨ ᠪᠣᠯᠣᠨ ᠥᠬᠢᠨ ᠬᠥᠮᠥᠨ ᠤ ᠲᠡᠪᠡᠯ ᠨᠢ ᠠᠳᠠᠯᠢᠪᠳᠣᠷ ᠪᠠᠶᠢᠵᠣ ᠲᠣᠭᠤᠢ ᠵᠠᠬ᠎ᠠ ᠲᠠᠢ᠂ ᠥᠭᠡᠳᠡ ᠡᠩᠭᠡᠷ ᠲᠠᠢ᠂ ᠮᠥᠷᠥ ᠦᠭᠡᠢ᠂ ᠬᠠᠨᠴᠣᠢ ᠨᠢ ᠪᠠᠭ᠎ᠠ ᠨᠢᠳᠣᠷᠭ᠎ᠠ ᠲᠠᠢ᠂ ᠳ᠋ᠠᠩ ᠥᠷᠭᠡᠨ ᠡᠮᠵᠢᠶᠡᠷᠢ ᠲᠠᠢ᠂ ᠭᠤᠷᠪᠠᠨ ᠲᠣᠪᠴᠢ ︵ᠵᠠᠬ᠎ᠠ᠂ ᠡᠭᠡᠮ᠂ ᠰᠣᠭᠤ︶᠎ ᠲᠠᠢ᠂ ᠡᠷᠡᠭᠳᠡᠢ ᠬᠥᠮᠥᠨ ᠤ ᠲᠡᠪᠡᠯ ᠤᠨ ᠬᠤᠶᠠᠷ ᠲᠠᠰᠢᠶᠠᠨ ᠳᠤ ᠲᠣᠬᠤᠢ ᠥᠩᠭᠡᠷᠡᠣ ᠣᠨᠣᠭᠤ ᠎ ᠲᠠᠢ ᠪᠠᠶᠢᠵᠣ᠂ ᠥᠬᠢᠨ ᠬᠥᠮᠥᠨ ᠤ ᠲᠡᠪᠡᠯ ᠳᠤ ᠣᠨᠣᠭᠤ ᠦᠭᠡᠢ ᠪᠠᠶᠢᠳᠠᠭ᠃ ᠪᠥᠰᠡᠭᠦᠢ ᠬᠥᠮᠥᠨ ᠤ ᠲᠠᠪᠠᠯ ᠤᠨ ᠡᠩᠭᠡᠷ ᠨᠢ ᠪᠥᠰᠡᠯᠡᠭᠦᠷ ᠲᠡᠭᠡᠨ ᠬᠥᠷᠳᠡᠯ᠎ᠡ ᠣᠷᠣᠭᠤ ᠡᠩᠭᠡᠷ ᠲᠠᠢ᠂ ᠭᠠᠳᠠᠭᠠᠳᠣ ᠡᠩᠭᠡᠷ ᠢ ᠡᠭᠴᠡ ᠵᠥᠪ ᠲᠠᠷᠣᠵᠣ ᠰᠣᠭᠤᠨ ᠳᠤ ᠬᠥᠷᠭᠡᠳᠡᠭ ᠶᠣᠮ᠃ ᠲᠡᠪᠡᠯ ᠤᠨ ᠵᠠᠬ᠎ᠠ᠂ ᠨᠢᠳᠣᠷᠭ᠎ᠠ᠂ ᠲᠡᠪᠢᠴᠠ ᠶᠢ ᠨᠢᠭᠡ ᠥᠩᠭᠡ ᠶᠢᠨ ᠲᠣᠷᠭ᠎ᠠ ᠪᠣᠶᠣ ᠬᠤᠷᠭᠤᠢ ᠪᠠᠷ ᠬᠢᠳᠡᠭ ᠶᠣᠰᠣ ᠲᠠᠢ ᠪᠥᠭᠡᠳ ᠰᠣᠭᠤᠨ ᠳᠠᠭᠠᠨ ᠪᠥᠷ ᠲᠠᠪᠢᠴᠠ ᠲᠠᠢ ᠪᠠᠶᠢᠳᠠᠭ᠃ ᠲᠠᠪᠢᠴᠠ ᠎ ᠶᠢᠨ ᠭᠤᠭᠴᠤᠭ᠎ᠠ ᠠᠴᠠ ᠪᠡᠯ ᠵᠡᠭᠦᠵᠣ᠂ ᠪᠡᠯ ᠠᠴᠠ ᠬᠡᠳᠡᠪᠴᠢ᠂ ᠬᠤᠪᠣᠯᠠ᠂ ᠣᠯᠠᠨ ᠥᠩᠭᠡ ᠶᠢᠨ ᠠᠯᠴᠢᠭᠤᠷ ᠵᠡᠭᠦᠨ ᠂ ᠲᠡᠪᠢᠴᠡ ᠶᠢᠨ ᠭᠤᠭᠴᠤᠭ᠎ᠠ ᠶᠢ ᠬᠤᠭᠤᠰᠣᠨ ᠪᠠᠶᠢᠯᠭᠠᠬᠤ ᠶᠢ ᠴᠡᠭᠡᠷᠯᠡᠨ᠎ᠡ᠃ ᠲᠡᠪᠡᠯ ᠤᠨ ᠵᠠᠬ᠎ᠠ᠂ ᠡᠩᠭᠡᠷ᠂ ᠪᠥᠰᠡᠯᠡᠭᠦᠷ᠂ ᠨᠢᠳᠣᠷᠭ᠎ᠠ᠂ ᠲᠡᠪᠢᠴᠡ ᠵᠡᠷᠭᠡ ᠳᠤ ᠣᠯᠠᠨ ᠥᠩᠭᠡ ᠶᠢᠨ ᠲᠣᠷᠭᠠᠨ ᠣᠳᠠᠰᠣ ᠪᠠᠷ ︽ᠰᠢᠷᠭᠤᠭᠤᠯᠭ᠎ᠠ︾ ᠂ ︽ᠰᠠᠩᠬᠢᠷᠴᠠᠭ︾ ᠬᠡ ᠶᠢ ᠱᠠᠭᠯᠠᠨ ᠬᠠᠳᠬᠤᠵᠣ ᠭᠤᠶᠣᠯᠠᠭᠰᠠᠨ ᠪᠠᠶᠢᠳᠠᠭ᠃       ᠰᠠᠪᠠᠷᠳᠠᠩ ᠪᠥᠵᠢᠭ ︵ᠪᠡᠶ᠎ᠡ ᠪᠡᠶᠡᠯᠡᠭᠡ︶    ᠮᠣᠩᠭᠤᠯᠴᠣᠳ ᠤᠨ ᠠᠷᠠᠳ ᠤᠨ ᠪᠥᠵᠢᠭ ︽ᠰᠠᠪᠠᠷᠳᠠᠩ︾᠎ ᠨᠢ ᠲᠣᠷᠭᠤᠳ᠂ ᠲᠥᠷᠪᠡᠳ᠂  ᠵᠡᠭᠦᠨᠭᠠᠷ᠂ ᠬᠤᠱᠣᠳ ᠵᠡᠷᠭᠡ ᠲᠥᠷᠪᠡᠨ ᠬᠡᠰᠡᠭ ᠢᠶᠠᠷ ᠪᠥᠷᠢᠯᠳᠥᠭᠰᠡᠨ ︽ᠣᠶᠢᠷᠠᠳ︾ ᠮᠣᠩᠭᠤᠯ ᠠᠶᠢᠮᠠᠭ ᠶᠠᠰᠣᠳᠠᠨ ᠠᠴᠠ ᠢᠷᠡᠯᠳᠡ ᠲᠠᠢ᠂ ᠰᠠᠪᠠᠷᠳᠠᠩ ᠪᠥᠵᠢᠭ ᠨᠢ ᠲᠣᠪᠰᠢᠭᠤᠷ ᠬᠥᠭᠵᠢᠮ ᠤᠨ ᠠᠶᠢᠵᠠᠮ ᠢᠶᠠᠷ ᠬᠥᠭᠵᠢᠮ ᠤᠨ ᠵᠣᠶᠢᠯ ᠪᠠᠷᠢᠵᠣ ᠪᠥᠵᠢᠭᠯᠡᠬᠦ ᠪᠣᠶᠣ ᠬᠠᠷᠢᠯᠴᠠᠨ ᠲᠠᠭᠤᠯᠠᠵᠣ ᠪᠥᠵᠢᠭᠯᠡᠬᠦ ᠵᠡᠷᠭᠡ ᠣᠯᠠᠨ ᠵᠣᠶᠢᠯ ᠪᠠᠶᠢᠵᠣ᠂ ᠣᠯᠠᠩᠬᠢ ᠬᠥᠳᠡᠯᠥᠯ ᠪᠠᠷᠢᠯ ᠎ ᠨᠢ ᠮᠣᠩᠭᠤᠯ ᠠᠮᠢᠳᠣᠷᠠᠯ ᠠᠴᠠ ᠢᠷᠡᠯᠳᠠ ᠲᠠᠢ᠂ ᠬᠥᠳᠡᠯᠥᠯ ᠨᠢ ᠬᠥᠩᠭᠡᠨ᠂ ᠬᠥᠭ ᠠᠶᠠᠯᠭᠤ ᠨᠢ ᠢᠷᠠᠭᠤ ᠰᠣᠨᠣᠰᠬᠤᠯᠠᠩ ᠲᠠᠢ᠂ ᠠᠮᠢᠳᠣᠷᠠᠯ ᠤᠨ ᠰᠠᠶᠢᠨ ᠰᠠᠶᠢᠬᠠᠨ ᠤ ᠬᠥᠰᠡᠯ ᠮᠥᠷᠥᠭᠡᠳᠥᠯ ᠤᠨ ᠪᠡᠯᠭᠡᠳᠡᠯ ᠲᠠᠢ᠃  ᠪᠠᠶᠠᠷ ᠪᠠᠭ᠋ᠠᠳᠣᠯ᠂ ᠣᠷᠮ᠎ᠠ ᠵᠣᠷᠢᠭ᠂ ᠲᠡᠭᠦᠯᠳᠡᠷ ᠣᠬᠠᠭᠠᠨ ᠲᠡᠷᠡ ᠪᠥᠬᠦᠨ ᠨᠢ ᠰᠠᠪᠠᠷᠳᠠᠩ ᠪᠥᠵᠢᠭ ᠤᠨ ᠭᠤᠣᠯ ᠰᠢᠵᠢᠮ ᠪᠣᠯᠬᠤ ᠶᠣᠮ᠃ ᠰᠠᠪᠠᠷᠳᠠᠩ ᠪᠥᠵᠢᠭ ᠨᠢ ᠥᠨᠳᠥᠰᠥᠳᠡᠨ ᠤ ᠵᠠᠩ ᠵᠠᠩᠰᠢᠯ᠂ ᠮᠣᠩᠭᠤᠯᠴᠣᠳ ᠤᠨ ᠣᠣᠭᠠᠯ ᠰᠣᠶᠣᠯ ᠎ ᠤᠨ ᠠᠭᠤᠯᠭ᠎ᠠ ᠶᠢ ᠬᠠᠳᠠᠭᠠᠯᠠᠵᠣ᠂ ᠣᠯᠠᠮᠵᠢᠯᠠᠯᠳᠣ ᠥᠪ ᠰᠣᠶᠣᠯ ᠤᠨ ᠲᠣᠳᠠᠭᠳᠠᠵᠣ ᠪᠣᠯᠣᠰᠢ ᠦᠭᠡᠢ ᠣᠶᠣᠨ ᠤ ᠬᠥᠷᠥᠩᠭᠡ ᠪᠥᠭᠡᠳ ᠪᠣᠳᠡᠰ ᠤᠨ ᠪᠣᠰᠣ ᠰᠣᠶᠣᠯ ᠤᠨ ᠥᠪ ᠢ ᠬᠠᠮᠠᠭᠠᠯᠠᠬᠤ ᠶᠢᠨ ᠴᠢᠬᠤᠯᠠ ᠨᠢᠭᠡ ᠬᠡᠰᠡᠭ ᠪᠣᠯᠣᠨ᠎ᠠ᠃             ᠠᠯᠳᠠᠷᠳᠠᠳ       ᠲᠡᠳᠮ᠎ᠠ — ᠲᠣᠮᠳᠠᠳᠣ ᠣᠯᠣᠰ ᠤᠨ ᠲᠠᠭᠤᠣ ᠬᠥᠭᠵᠢᠮ ᠤᠨ ᠨᠡᠶᠢᠬᠡᠮᠯᠢᠭ ᠤᠨ ᠭᠡᠰᠢᠭᠦᠨ᠂ ᠣᠯᠣᠰ ᠤᠨ ᠨᠢᠭᠡᠳᠥᠭᠡᠷ ᠲᠡᠰ ᠤᠨ ᠭᠠᠪᠢᠶᠠᠳᠣ ᠲᠣᠭᠯᠠᠭᠴᠢ᠃ ᠲᠡᠷᠡ 2002 ᠣᠨ ᠤ 9 ᠰᠠᠷ᠎ᠠ ᠳᠤ ᠬᠤᠪᠢ ᠪᠠᠷ ᠢᠶᠠᠨ ︽ᠥᠪᠥᠷ ᠮᠣᠩᠭᠤᠯ ᠤᠨ ᠲᠡᠳᠮ᠎ᠡ ᠲᠠᠭᠤᠣ ᠬᠥᠭᠵᠢᠮ ᠤᠨ ᠣᠷᠠᠯᠢᠭ ᠤᠨ ᠲᠣᠰᠬᠠᠢ ᠮᠡᠷᠭᠡᠵᠢᠯ ᠤᠨ ᠲᠡᠭᠡᠳᠣ ᠰᠣᠷᠭᠠᠭᠤᠯᠢ︾᠎ ᠶᠢ ᠪᠠᠶᠢᠭᠤᠯᠣᠨ ᠡᠷᠬᠢᠯᠡᠵᠣ᠂ ᠡᠳᠣᠭᠡ ᠪᠣᠯᠬᠤ ᠳᠤ ᠨᠢᠭᠡᠨᠳᠡ ᠬᠡᠳᠣᠨ ᠵᠠᠭᠤᠨ ᠲᠠᠭᠤᠣ ᠣᠷᠠᠯᠢᠭ ᠤᠨ ᠴᠢᠳᠠᠪᠣᠷᠢᠳᠠᠨ ᠢ ᠬᠥᠮᠥᠵᠢᠭᠦᠯᠥᠨ᠂ ᠥᠨᠳᠥᠰᠥᠳᠡᠨ ᠤ ᠲᠠᠭᠤᠣ ᠣᠷᠠᠯᠢᠭ ᠤᠨ ᠭᠠᠯ ᠭᠤᠯᠣᠮᠳᠠ ᠶᠢ ᠬᠥᠭᠵᠢᠭᠡᠨ ᠪᠠᠳᠠᠷᠠᠭᠤᠯᠬᠤ ᠳᠤ ᠣᠶᠣᠨ ᠲᠠᠮᠢᠷ ᠢᠶᠠᠨ ᠡᠷᠭᠦᠭᠰᠡᠨ ᠪᠠᠶᠢᠨ᠎ᠠ᠃ 1991 ᠣᠨ ᠳᠤ ᠮᠣᠩᠭᠤᠯ ᠣᠯᠣᠰ ᠤᠨ ᠰᠣᠶᠣᠯ ᠣᠷᠠᠯᠢᠭ ᠤᠨ ᠬᠠᠮᠤᠭ ᠤᠨ ᠲᠡᠭᠡᠳᠣ ᠱᠠᠩᠨᠠᠯ ᠢ ᠭᠠᠷᠳᠠᠪᠠ᠃ ᠲᠡᠭᠦᠨ ᠤ ︽ᠥᠵᠡᠰᠭᠦᠯᠡᠩᠳᠣ ᠰᠠᠶᠢᠬᠠᠨ ᠮᠢᠨᠣ ᠨᠣᠳᠤᠭ  ︾᠂  ︽ᠲᠠᠯ᠎ᠠ ᠶᠢᠨ ᠰᠥᠨᠢ ᠭᠤᠶᠣᠬᠠᠨ︾ ᠵᠡᠷᠭᠡ ᠪᠠᠯᠠᠷᠠᠰᠢ ᠦᠭᠡᠢ ᠭᠤᠶᠢᠳᠠ ᠲᠠᠭᠤᠣ ᠨᠤᠭᠤᠳ ᠨᠢ ᠲᠥᠮᠡᠨ ᠣᠯᠠᠨ ᠤ ᠰᠣᠨᠣᠷ ᠢ ᠢᠮᠠᠭᠳᠠ ᠪᠠᠶᠠᠰᠬᠠᠵᠣ᠂ ᠡᠬᠡ ᠣᠷᠣᠨ ᠤ ᠲᠡᠭᠷᠢ ᠳᠤ ᠬᠠᠩᠭᠢᠨᠠᠨ ᠬᠠᠩᠭᠢᠨᠠᠭᠰᠠᠭᠠᠷ ᠶᠤᠮ᠃     ᠪᠠᠳᠮ᠎ᠠ — ᠣᠯᠣᠰ ᠤᠨ ᠲᠡᠰ ᠤᠨ ᠪᠣᠳᠠᠰ ᠤᠨ ᠪᠣᠰᠣ ᠰᠣᠶᠣᠯ ᠤᠨ ᠣᠷᠳᠣ ᠶᠢᠨ ᠲᠠᠭᠤᠨ ᠤ ᠣᠯᠠᠮᠵᠢᠯᠠᠭᠴᠢ᠂ ᠣᠳᠣ ᠠᠯᠠᠱᠠ ᠠᠶᠢᠮᠠᠭ ᠤᠨ ᠠᠷᠠᠳ ᠤᠨ ᠲᠠᠭᠤᠨ ᠤ ᠨᠡᠶᠢᠬᠡᠮᠯᠢᠭ ᠤᠨ ᠨᠡᠷ᠎ᠡ ᠬᠥᠨᠳᠥᠳᠣ ᠲᠡᠷᠢᠭᠦᠯᠡᠭᠴᠢ ᠪᠠᠷ ᠠᠵᠢᠯᠯᠠᠵᠣ᠂ 2007 ᠣᠨ ᠤ 9 ᠰᠠᠷ᠎ᠠ ᠳᠤ ᠣᠷᠳᠣ ᠶᠢᠨ ᠲᠠᠭᠤᠨ ᠤ ᠰᠣᠳᠣᠯᠭᠠᠨ ᠤ ᠬᠤᠷᠠᠯ ᠎ ᠢᠶᠠᠷ ᠲᠣᠮᠳᠠᠳᠣ ᠣᠯᠣᠰ ᠤᠨ ᠡᠬᠢᠨ ᠤ ᠥᠶ᠎ᠡ ᠶᠢᠨ ᠲᠠᠷᠬᠠᠨ ᠲᠠᠭᠤᠴᠢᠨ ᠤ ᠨᠢᠭᠡ  ᠪᠣᠯᠣᠭᠰᠠᠨ ᠪᠠᠶᠢᠨ᠎ᠠ᠃ ᠲᠥᠯᠥᠭᠡᠯᠡᠭᠴᠢ ᠪᠥᠳᠥᠭᠡᠯ ᠨᠢ  ︽ᠴᠠᠭᠠᠨ ᠰᠠᠷᠠᠯ ᠮᠣᠷᠢ  ︾᠂ ︽ᠥᠩ ᠥᠷᠭᠡᠨ ᠠᠯᠠᠱᠠ︾ ᠵᠡᠷᠭᠡ ᠪᠣᠢ᠃      ᠴ᠊  ᠂ ᠴᠣᠶᠢᠳᠠᠨᠳᠠᠷ — ᠥᠪᠥᠷ ᠮᠣᠩᠭᠤᠯ ᠤᠨ ᠡᠵᠡᠨ᠎ᠡ ᠬᠤᠰᠢᠭᠤᠨ ᠤ ᠲᠣᠷᠭᠤᠳ ᠮᠣᠩᠭᠤᠯ ᠶᠠᠰᠣᠳᠠᠨ᠃ ᠪᠠᠷᠠᠭᠤᠨ ᠬᠤᠶᠢᠳᠣ ᠶᠢᠨ ᠥᠨᠳᠥᠰᠥᠳᠡᠨ ᠤ ᠶᠡᠭᠡ ᠰᠣᠷᠭᠠᠭᠤᠯᠢ ᠶᠢᠨ ᠮᠣᠩᠭᠤᠯ ᠬᠡᠯᠡ ᠰᠣᠶᠣᠯ ᠤᠨ ᠬᠥᠷᠢᠶᠡᠯᠡᠩ ᠎ ᠤᠨ ᠳ᠋ᠣᠺᠲ᠋ᠣᠷ᠂ ᠫᠧᠷᠣᠹᠧᠰᠰᠣᠷ᠃ ᠣᠯᠣᠰ ᠤᠨ ᠭᠠᠳᠠᠭᠠᠳᠣ ᠲᠣᠳᠣᠭᠠᠳᠣ ᠶᠢᠨ ᠮᠣᠩᠭᠤᠯ ᠰᠣᠳᠣᠯᠣᠯ ᠤᠨ ᠠᠯᠳᠠᠷᠳᠣ ᠡᠷᠳᠡᠮᠳᠡᠨ ᠤ ᠨᠢᠭᠡ᠃ ᠡᠵᠡᠨ᠎ᠡ ᠬᠤᠰᠢᠭᠤᠨ ᠤ ᠬᠠᠮᠤᠭ ᠤᠨ ᠠᠩᠬᠠᠨ ᠤ ᠶᠡᠭᠡ ᠰᠣᠷᠭᠠᠭᠤᠯᠢ ᠶᠢᠨ ᠫᠧᠷᠣᠹᠧᠰᠰᠣᠷ᠃ ᠲᠡᠭᠦᠨ ᠤ ᠰᠣᠳᠣᠯᠣᠯ᠂ ᠪᠥᠳᠥᠭᠡᠯ ᠤᠳ ᠨᠢ ᠨᠡᠶᠢᠬᠡᠮ ᠤᠨ ᠣᠯᠠᠨ ᠲᠥᠮᠡᠨ ᠤ ᠰᠠᠶᠢᠰᠢᠶᠠᠯ ᠢ ᠣᠯᠵᠣ᠂ ᠣᠯᠣᠰ᠂ ᠣᠷᠣᠨ  ᠂ ᠰᠣᠷᠭᠠᠭᠤᠯᠢ ᠶᠢᠨ ᠲᠡᠰ ᠤᠨ ᠣᠯᠠᠨ ᠠᠷᠪᠢᠨ ᠱᠠᠩᠨᠠᠯ ᠢᠶᠠᠷ ᠡᠩᠭᠡᠷ ᠢᠶᠠᠨ ᠮᠢᠯᠢᠶᠠᠯᠭᠠᠵᠣ ᠶᠠᠪᠣᠭᠰᠠᠭᠠᠷ᠃  ᠲᠡᠷᠡ ︽ᠡᠵᠡᠨ᠎ᠡ ᠲᠣᠷᠭᠤᠳ ᠤᠨ ᠠᠮᠠᠨ ᠠᠶᠠᠯᠭᠤᠨ ᠤ ᠥᠭᠡᠰ ᠢ ᠣᠳᠬ᠎ᠠ ᠵᠣᠬᠢᠶᠠᠯ ᠤᠨ ᠬᠡᠯᠡᠨ ᠳᠤ ᠰᠢᠩᠭᠡᠭᠡᠨ ᠠᠪᠬᠤ ᠠᠰᠠᠭᠤᠳᠠᠯ ᠤᠨ ᠲᠣᠬᠠᠢ︾᠂ ︽ᠬᠤᠷᠢᠳᠣᠭᠠᠷ ᠵᠠᠭᠤᠨ ᠤ ᠣᠶᠢᠷᠠᠳ ᠮᠣᠩᠭᠤᠯ ᠤᠨ ᠣᠷᠠᠨ ᠵᠣᠬᠢᠶᠠᠯ ᠤᠨ ᠰᠣᠳᠣᠯᠭᠠᠨ ᠤ ᠵᠠᠷᠢᠮ ᠠᠰᠠᠭᠤᠳᠠᠯ︾ ᠵᠡᠷᠭᠡ ᠵᠢᠷᠠ ᠭᠠᠷᠣᠢ ᠥᠭᠦᠯᠡᠯ ᠢ ᠣᠯᠣᠰ ᠤᠨ ᠲᠣᠳᠣᠭᠠᠳᠣ ᠭᠠᠳᠠᠭᠠᠳᠣ ᠳᠤ ᠨᠡᠶᠢᠳᠡᠯᠡᠭᠦᠯᠵᠣ᠂ ︽ᠣᠷᠠᠨ ᠪᠥᠳᠥᠭᠡᠯ ᠤᠨ ᠴᠢᠮᠡᠭ︾᠂ ︽ᠪᠠᠷᠠᠭᠤᠨ ᠴᠠᠰᠣᠳᠣ ᠶᠢᠨ ᠬᠠᠯᠬ᠎ᠠ ᠣᠭᠰᠠᠭᠠᠳᠠᠨ ᠤ ᠰᠣᠳᠣᠯᠣᠯ︾᠂ ︽ᠮᠣᠩᠭᠤᠯ ᠶᠣᠰᠣ ᠵᠠᠩᠰᠢᠯ ᠤᠨ ᠣᠴᠢᠷ︾ ᠵᠡᠷᠭᠡ ᠰᠣᠷᠬᠤ ᠪᠢᠴᠢᠭ ᠪᠣᠯᠣᠨ ᠡᠷᠳᠡᠮ ᠰᠢᠨᠵᠢᠯᠡᠭᠡᠨ ᠤ ᠠᠷᠪᠠ ᠭᠠᠷᠣᠢ ᠨᠣᠮ ᠵᠣᠬᠢᠶᠠᠯ ᠬᠡᠪᠯᠡᠭᠦᠯᠵᠣ᠂ ᠰᠣᠳᠣᠯᠭᠠᠴᠢᠳ ᠤᠨ ᠠᠩᠬᠠᠷᠣᠯ ᠢ ᠲᠠᠳᠠᠵᠣ ᠪᠠᠶᠢᠨ᠎ᠠ᠃      ᠲᠣᠯᠮ᠎ᠠ — ᠣᠷᠣᠨ ᠤ ᠲᠡᠰ ᠤᠨ ᠪᠣᠳᠠᠰ ᠤᠨ ᠪᠣᠰᠣ ᠰᠣᠶᠣᠯ ᠤᠨ ᠣᠯᠠᠮᠵᠢᠯᠠᠭᠴᠢ᠂ ᠡᠵᠡᠨ᠎ᠡ ᠬᠤᠰᠢᠭᠤᠨ ᠤ ᠠᠷᠠᠳ ᠤᠨ ᠲᠠᠭᠤᠨ ᠤ ᠨᠡᠶᠢᠬᠡᠮᠯᠢᠭ ᠤᠨ ᠬᠡᠷᠡᠭ ᠡᠷᠬᠢᠯᠡᠭᠴᠢ᠂ ᠵᠠᠯᠠᠭᠤ ᠽᠠᠨᠳᠠᠨ ᠨᠠᠰᠣᠨ ᠳᠠᠭᠠᠨ ᠨᠣᠳᠤᠭ ᠤᠨ ᠪᠣᠭᠤᠷᠣᠯᠴᠣᠳ ᠠᠴᠠ ᠪᠠᠨ 200 ᠭᠠᠷᠣᠢ ᠲᠣᠷᠭᠤᠳ ᠠᠷᠠᠳ ᠤᠨ ᠲᠠᠭᠤᠣ ᠰᠣᠷᠴᠣ᠂ ᠥᠨᠥ ᠪᠣᠯᠳᠠᠯ᠎ᠠ 300 ᠭᠠᠷᠣᠢ ᠲᠣᠷᠭᠤᠳ ᠠᠷᠠᠳ ᠤᠨ ᠲᠠᠭᠤᠣ ᠶᠢ ᠡᠮᠬᠢᠳᠭᠡᠨ ᠴᠣᠭᠯᠠᠭᠤᠯᠪᠠ᠃ 1964 ᠣᠨ ᠳᠤ ᠪᠡᠭᠡᠵᠢᠩ ᠳᠤ ᠪᠣᠯᠣᠭᠰᠠᠨ ᠪᠥᠬᠦ ᠣᠯᠣᠰ ᠤᠨ ᠴᠥᠬᠡᠨ ᠲᠣᠭᠠᠳᠣ ᠥᠨᠳᠥᠰᠥᠳᠡᠨ ᠤ ᠣᠷᠠᠯᠢᠭ ᠤᠨ ᠥᠵᠡᠭᠦᠯᠭᠡ ᠳᠤ ᠰᠢᠯᠢᠳᠡᠭ ᠲᠠᠭᠤᠴᠢᠨ ᠤ ᠱᠠᠩᠨᠠᠯ ᠭᠠᠷᠳᠠᠵᠣ᠂ ᠮᠠᠣ ᠽᠧ ᠳ᠋ᠥᠩ᠂ ᠵᠣ᠋ ᠳ᠋ᠧ ᠵᠡᠷᠭᠡ ᠨᠠᠮ ᠲᠥᠷᠥ ᠶᠢᠨ ᠣᠳᠣᠷᠢᠳᠣᠯᠭ᠎ᠠ ᠲᠠᠢ ᠠᠭᠤᠯᠵᠠᠵᠣ᠂ ︽ᠵᠢᠷᠤᠭ᠎ᠠ ᠵᠢᠷᠤᠭ᠎ᠠ ᠣᠯᠠᠭᠠᠨ︾᠂ ︽ᠨᠠᠷᠢᠨ ᠰᠢᠷᠭᠠᠯ ᠮᠣᠷᠢ︾ ᠵᠡᠷᠭᠡ ᠣᠯᠠᠨ ᠰᠠᠶᠢᠬᠠᠨ ᠲᠠᠭᠤᠣ ᠪᠠᠷ ᠢᠶᠠᠨ ᠨᠣᠳᠤᠭ ᠤᠨ ᠣᠯᠠᠨ ᠳᠠᠭᠠᠨ ᠲᠣᠷᠭᠤᠳ ᠠᠷᠠᠳ ᠤᠨ ᠲᠠᠭᠤᠨ ᠤ ︽ᠠᠮᠢᠳᠣ ᠲᠣᠯᠢ︾ ᠭᠡᠵᠣ ᠴᠣᠯᠠᠯᠠᠭᠳᠠᠭᠰᠠᠭᠠᠷ ᠢᠷᠡᠭᠰᠡᠨ ᠪᠢᠯᠡ᠃    ᠪᠠᠶᠠᠷ ᠲᠣᠷᠠᠰᠬᠠᠯ ᠤᠨ ᠡᠳᠣᠷ        ᠡᠵᠡᠨ᠎ᠡ ᠶᠢᠨ ᠣᠯᠠᠨ ᠣᠯᠣᠰ ᠤᠨ ᠰᠢᠷᠭᠠᠯ ᠨᠠᠮᠣᠷ ᠤᠨ ᠲᠣᠣᠷᠠᠢ ᠶᠢᠨ ᠠᠮᠢ ᠠᠬᠤᠢ ᠶᠢᠨ ᠵᠢᠭᠤᠯᠴᠢᠯᠠᠯ ᠤᠨ ᠨᠠᠶᠢᠷ        ᠡᠵᠡᠨ᠎ᠡ ᠨᠣᠳᠤᠭ ᠨᠢ ᠠᠯᠳᠠᠨ ᠰᠢᠷᠭᠠᠯ ᠲᠣᠣᠷᠠᠢ ᠶᠢᠨ ᠭᠠᠶᠢᠬᠠᠮᠰᠢᠭᠳᠣ ᠥᠵᠡᠮᠵᠢ ᠪᠠᠷ ᠢᠶᠠᠨ ᠲᠡᠯᠡᠬᠡᠢ ᠳ᠋ᠠᠬᠢᠨ ᠤ ᠠᠩᠬᠠᠷᠣᠯ ᠢ ᠲᠠᠳᠠᠵᠣ᠂ ᠲᠣᠮᠳᠠᠳᠣ ᠣᠯᠣᠰ ᠤᠨ ᠬᠠᠮᠤᠭ ᠤᠨ ᠥᠵᠡᠰᠭᠦᠯᠡᠩᠳᠣ ᠨᠠᠮᠣᠷ ᠭᠡᠮᠡᠭᠳᠡᠨ ᠠᠯᠳᠠᠷᠰᠢᠭᠰᠠᠨ ᠪᠢᠯᠡ᠃ ᠡᠨᠡᠬᠦ ᠪᠠᠶᠢᠭᠠᠯᠢ ᠶᠢᠨ ᠡᠬᠢ ᠪᠠᠶᠠᠯᠢᠭ ᠢᠶᠠᠨ ᠠᠰᠢᠭᠯᠠᠨ᠂ 2000 ᠣᠨ ᠠᠴᠠ ᠡᠵᠡᠨ᠎ᠡ ᠶᠢᠨ ᠣᠯᠠᠨ ᠣᠯᠣᠰ ᠎ ᠤᠨ ᠰᠢᠷᠭᠠᠯ ᠨᠠᠮᠣᠷ ᠤᠨ ᠲᠣᠣᠷᠠᠢ ᠶᠢᠨ ᠠᠮᠢ ᠠᠬᠤᠢ ᠶᠢᠨ ᠵᠢᠭᠤᠯᠴᠢᠯᠠᠯ ᠤᠨ ᠨᠠᠶᠢᠷ ᠢ ᠡᠬᠢᠯᠡᠨ ᠬᠢᠵᠣ᠂ ᠨᠠᠶᠢᠷ ᠤᠨ ᠬᠤᠭᠤᠴᠠᠭ᠎ᠠ ᠨᠢ ᠰᠠᠷ᠎ᠠ ᠭᠠᠷᠤᠢ ᠥᠷᠭᠦᠯᠵᠢᠯᠡᠳᠡᠭ᠃ ᠲᠣᠰ ᠨᠠᠶᠢᠷ ᠨᠢ ︽ᠠᠯᠳᠠᠨ ᠨᠠᠮᠣᠷ ᠤᠨ ᠲᠣᠣᠷᠠᠢ ᠶᠢᠨ ᠭᠤᠶᠣᠬᠠᠨ ᠳᠤ ᠪᠣᠭᠤᠮᠳᠠ ᠶᠢᠨ ᠭᠠᠳᠠᠨᠠᠬᠢ ᠵᠢᠣᠢ ᠶᠠᠨ ᠢᠶᠠᠷ ᠠᠶᠠᠯᠠᠰᠣᠭᠠᠢ︾ ᠭᠡᠰᠡᠨ ᠢᠶᠠᠷ ᠭᠤᠣᠯ ᠣᠷᠢᠶ᠎ᠠ ᠪᠣᠯᠭᠠᠵᠣ᠂  ᠨᠠᠶᠢᠷ ᠤᠨ ᠬᠤᠭᠤᠴᠠᠭᠠᠨ ᠳᠤ ᠲᠣᠮᠣ ᠬᠡᠯᠪᠡᠷᠢ ᠶᠢᠨ ᠣᠷᠠᠨ ᠰᠠᠶᠢᠬᠠᠨ ᠤ ᠲᠣᠭᠯᠠᠯᠳᠠ᠂ ᠥᠨᠳᠥᠰᠥᠳᠡᠨ ᠎ ᠤ ᠣᠯᠠᠮᠵᠢᠯᠠᠯᠳᠣ ᠪᠡᠶ᠎ᠡ ᠲᠠᠮᠢᠷ ᠤᠨ ᠣᠷᠣᠯᠳᠣᠭᠠᠨ᠂ ᠥᠪᠡᠷᠮᠢᠴᠡ ᠣᠨᠴᠠᠯᠢᠭ ᠲᠠᠢ ᠠᠶᠠᠯᠠᠯ ᠵᠢᠭᠤᠯᠴᠢᠯᠠᠯ᠂ ᠡᠯ᠎ᠡ ᠲᠥᠷᠥᠯ ᠤᠨ ᠥᠵᠡᠭᠦᠯᠭᠡ᠂ ᠵᠢᠷᠤᠭ ᠠᠪᠬᠤ᠂ ᠣᠷᠠᠨ ᠪᠢᠴᠢᠯᠭᠡ ᠶᠢᠨ ᠣᠷᠣᠯᠳᠣᠭᠠᠨ ᠪᠣᠯᠣᠨ ᠠᠷᠠᠯᠵᠢᠶ᠎ᠠ ᠬᠤᠳᠠᠯᠳᠣᠭᠠᠨ ᠤ ᠵᠥᠪᠳᠡᠯᠴᠡᠭᠡᠷ ᠬᠢᠬᠦ ᠵᠡᠷᠭᠡ ᠣᠯᠠᠨ ᠲᠥᠷᠥᠯ ᠤᠨ ᠰᠣᠶᠣᠯ ᠤᠨ ᠬᠥᠳᠡᠯᠭᠡᠭᠡᠨ ᠢᠶᠠᠷ ᠲᠠᠮᠵᠢᠭᠤᠯᠣᠨ ᠡᠵᠡᠨ᠎ᠡ ᠨᠣᠭᠤᠭᠠᠨ ᠪᠥᠷᠢᠳᠣ ᠶᠢᠨ ᠪᠠᠶᠢᠭᠠᠯᠢ ᠶᠢᠨ ᠭᠠᠶᠢᠬᠠᠮᠰᠢᠭᠳᠣ ᠥᠵᠡᠮᠵᠢ᠂ ᠣᠷᠳᠣ ᠣᠳᠠᠭᠠᠨ ᠲᠡᠣᠬᠡ ᠰᠣᠶᠣᠯ ᠪᠣᠯᠣᠨ ᠥᠨᠳᠥᠰᠥᠳᠡᠨ ᠤ ᠥᠪᠡᠷᠮᠢᠴᠡ ᠵᠠᠩ ᠣᠶᠢᠯᠡ ᠶᠢ ᠲᠥᠷᠪᠡᠨ ᠵᠥᠭ ᠨᠠᠶᠢᠮᠠᠨ ᠵᠣᠪᠬᠢᠰ ᠤᠨ ᠡᠷᠳᠡᠮᠳᠡᠨ ᠮᠡᠷᠭᠡᠳ᠂ ᠵᠢᠭᠤᠯᠴᠢᠨ ᠵᠣᠴᠢᠨ ᠳᠤ ᠲᠠᠨᠢᠭᠤᠯᠣᠭᠰᠠᠨ ᠪᠠᠶᠢᠨ᠎ᠠ᠃             2010 ᠣᠨ ᠳᠤ ᠡᠵᠡᠨ᠎ᠠ ᠬᠤᠰᠢᠭᠤ᠂ ᠦᠪᠤᠷ ᠮᠤᠩᠭᠤᠯ ᠤᠨ ᠲᠠᠯ᠎ᠠ ᠨᠤᠲᠤᠭ ᠤᠨ ᠰᠤᠶᠤᠯ ᠢ ᠬᠠᠮᠠᠭᠠᠯᠠᠨ ᠬᠦᠭᠵᠢᠭᠦᠯᠭᠦ ᠰᠠᠭᠤᠷᠢ ᠮᠦᠩᠬᠦᠨ ᠤ ᠨᠠᠶᠢᠬᠡᠮᠯᠢᠭ ᠲᠠᠢ ᠬᠠᠮᠲᠤᠷᠠᠨ ᠠᠮᠧᠷᠢᠺᠠ ᠶᠢᠨ ᠪᠷᠣᠳ᠋ᠸᠢ ᠶᠢᠨ ᠨᠡᠷᠡᠳᠣ ᠣᠳᠣᠷᠢᠳᠣᠭᠠᠴᠢ ᠳ᠋ᠣᠨ  ᠹᠷᠠᠨᠼ ᠶᠢ ᠵᠠᠯᠠᠵᠣ᠂ ᠲᠠᠭᠤᠯᠠᠯᠳᠣ ᠵᠥᠴᠥᠭᠡ ︽ᠠᠯᠳᠠᠨ ᠲᠣᠣᠷᠠᠢ︾᠎ ᠶᠢ ᠣᠳᠣᠷᠢᠳᠣᠨ ᠣᠶᠢᠯᠡᠳᠴᠣ᠂ ᠡᠵᠡᠨ᠎ᠡ ᠶᠢᠨ ᠣᠯᠠᠨ ᠣᠯᠣᠰ ᠤᠨ ᠰᠢᠷᠭᠠᠯ ᠨᠠᠮᠣᠷ ᠤᠨ ᠲᠣᠣᠷᠠᠢ ᠶᠢᠨ ᠠᠮᠢ ᠠᠬᠤᠢ ᠶᠢᠨ ᠵᠢᠭᠤᠯᠴᠢᠯᠠᠯ ᠤᠨ ᠨᠠᠶᠢᠷ ᠢᠶᠠᠷ ᠲᠣᠭᠯᠠᠯᠳᠠ ᠶᠢᠨ ᠠᠩᠬᠠᠨ ᠤ ᠬᠥᠰᠢᠭᠡ ᠪᠠᠨ ᠢᠷᠠᠭᠰᠠᠨ ᠪᠢᠯᠡ᠃ ᠲᠣᠰ ᠵᠥᠴᠥᠭᠡ ᠎ ᠨᠢ ᠡᠷᠳᠡᠨ ᠠᠴᠠ ᠡᠳᠣᠭᠡ ᠪᠣᠯᠳᠠᠯᠠᠬᠢ ᠲᠡᠣᠬᠡᠨ ᠬᠤᠪᠢᠰᠣᠯ ᠢ ᠬᠠᠷᠠᠭᠤᠯᠵᠣ᠂  ᠮᠣᠩᠭᠤᠯ ᠥᠨᠳᠥᠰᠥᠳᠡᠨ ᠤ ᠲᠠᠭᠤᠣ ᠪᠥᠵᠢᠭ ᠢ ᠠᠮᠧᠷᠢᠺᠠ ᠶᠢᠨ ᠲᠠᠭᠤᠯᠠᠯᠳᠣ ᠵᠥᠴᠥᠭᠡ ᠶᠢᠨ ᠬᠡᠯᠪᠡᠷᠢ ᠪᠠᠷ ᠲᠣᠭᠯᠠᠵᠣ᠂ ᠥᠵᠡᠭᠴᠢ ᠲᠥᠮᠡᠨ ᠳᠤ ᠰᠢᠨ᠎ᠡ ᠰᠣᠷᠭᠤᠭ ᠣᠷᠠᠨ ᠰᠠᠶᠢᠬᠠᠨ ᠤ ᠬᠥᠷᠳᠡᠭᠡᠯ ᠢ ᠣᠯᠭᠤᠭᠰᠠᠨ ᠪᠢᠯᠡ᠃             ᠠᠳᠣᠭᠤᠨ ᠰᠣᠶᠣᠯ ᠤᠨ ᠨᠠᠶᠢᠷ         2010 ᠣᠨ ᠳᠤ ᠡᠵᠡᠨ᠎ᠡ ᠬᠤᠰᠢᠭᠤᠨ ᠤ ᠳ᠋ᠥᠩ ᠹᠧᠩ ᠪᠠᠯᠭᠠᠰᠣᠨ ᠤ ᠭᠤᠷᠣᠨᠠᠢ ᠭᠠᠴᠠᠭᠠᠨ ᠤ ᠮᠠᠯᠴᠢᠨ ᠰᠧᠳᠢ ᠠᠳᠣᠭᠤᠨ ᠰᠣᠶᠣᠯ ᠤᠨ ᠨᠡᠶᠢᠬᠡᠮᠯᠢᠭ ᠢ ᠪᠠᠶᠢᠭᠤᠯᠵᠣ᠂ ᠠᠳᠣᠭᠤᠨ ᠰᠣᠶᠣᠯ ᠤᠨ ᠨᠠᠶᠢᠷ ᠢ ᠡᠷᠬᠢᠯᠡᠨ ᠬᠢᠵᠣ᠂ ᠮᠣᠷᠢᠳᠠᠨ ᠥᠨᠳᠥᠰᠥᠳᠡᠨ ᠤ ᠲᠡᠣᠬᠡ ᠰᠣᠶᠣᠯ ᠢ ᠬᠠᠮᠠᠭᠠᠯᠠᠬᠤ ᠪᠠ ᠣᠯᠠᠮᠵᠢᠯᠠᠨ ᠬᠥᠭᠵᠢᠭᠦᠯᠬᠦ ᠳᠤ ᠢᠳᠡᠪᠬᠢᠳᠡᠢ ᠣᠶᠢᠯᠡᠳᠣᠯ ᠥᠵᠡᠭᠦᠯᠥᠭᠰᠡᠨ ᠪᠠᠶᠢᠨ᠎ᠠ᠃ ᠮᠣᠩᠭᠤᠯᠴᠣᠳ ᠤᠨ ᠣᠯᠠᠮᠵᠢᠯᠠᠯᠳᠣ ᠪᠠᠶᠠᠷ ᠨᠠᠭᠠᠳᠣᠮ᠂ ᠲᠣᠣᠷᠠᠢ ᠶᠢᠨ ᠨᠠᠶᠢᠷ᠂ ᠣᠪᠣᠭᠠᠨ ᠲᠠᠬᠢᠯᠭ᠎ᠠ ᠵᠡᠷᠭᠡ ᠪᠠᠶᠠᠷ ᠨᠠᠶᠢᠷ ᠤᠨ ᠡᠳᠣᠷ ᠤᠳ ᠲᠤ ᠮᠣᠩᠭᠤᠯ ᠮᠣᠷᠢᠨ ᠤ ᠡᠯ᠎ᠡ ᠵᠣᠶᠢᠯ ᠤᠨ ᠣᠷᠣᠯᠳᠣᠭᠠᠨ᠂ ᠠᠳᠣᠭᠤᠨ ᠭᠠᠷᠣᠯᠳᠠ ᠶᠢᠨ ᠥᠵᠡᠭᠦᠯᠭᠡ᠂ ᠡᠮᠨᠢᠭ ᠰᠣᠷᠭᠠᠵᠣ ᠮᠣᠷᠢ ᠴᠠᠯᠮᠠᠳᠠᠬᠤ ᠵᠡᠷᠭᠡ ᠣᠯᠠᠮᠵᠢᠯᠠᠯᠳᠣ ᠵᠠᠩ ᠣᠶᠢᠯᠡ ᠨᠢ ᠣᠷᠣᠯᠳᠣᠭᠠᠨ ᠤ ᠲᠣᠳᠠᠭᠳᠠᠵᠣ ᠪᠣᠯᠣᠰᠢ ᠦᠭᠡᠢ ᠨᠢᠭᠡ ᠥᠵᠡᠮᠵᠢ ᠪᠣᠯᠵᠣ᠂ ᠣᠯᠠᠮᠵᠢᠯᠠᠯᠳᠣ ᠥᠪ ᠰᠣᠶᠣᠯ ᠤᠨ ᠨᠢᠭᠡᠨ ᠭᠡᠷᠡᠯᠳᠣ ᠣᠳᠣᠨ ᠪᠣᠯᠣᠭᠰᠠᠨ ᠪᠢᠯᠡ᠃            ᠣᠪᠣᠭᠠᠨ ᠲᠠᠬᠢᠯᠭ᠎ᠠ        ᠣᠪᠣᠭᠠᠨ ᠲᠠᠬᠢᠯᠭ᠎ᠠ ᠨᠢ ᠮᠣᠩᠭᠤᠯ ᠥᠨᠳᠥᠰᠥᠳᠡᠨ ᠤ ᠪᠥᠭᠡ ᠶᠢᠨ ᠱᠠᠰᠢᠨ ᠠᠴᠠ ᠢᠷᠡᠯᠳᠡᠢ ᠶᠣᠮ᠃ ᠶᠡᠷᠣᠳᠡᠭᠡᠨ ᠬᠠᠭᠤᠴᠢᠨ ᠲᠣᠭᠠᠯᠠᠯ ᠤᠨ ᠲᠠᠪᠤ᠂ ᠵᠢᠷᠭᠤᠳᠣᠭᠠᠷ ᠰᠠᠷ᠎ᠠ ᠶᠢᠨ ᠡᠪᠡᠰᠣ ᠨᠣᠭᠤᠭ᠎ᠠ ᠨᠣᠭᠤᠭᠠᠷᠠᠬᠤ ᠥᠶ᠎ᠡ ᠎ ᠪᠠᠷ ᠠᠯᠢᠪᠠ ᠰᠠᠶᠢᠨ ᠰᠠᠶᠢᠬᠠᠨ ᠢ ᠲᠠᠭᠠᠳᠬᠠᠨ ᠡᠷᠭᠦᠳᠡᠭ ᠲᠠᠬᠢᠯᠭ᠎ᠠ ᠪᠢᠯᠡ᠃ ᠣᠳᠣ ᠪᠠᠷ ᠡᠵᠡᠨ᠎ᠡ ᠬᠤᠰᠢᠭᠤᠨ ᠤ ᠠᠷᠠᠳ ᠲᠥᠮᠡᠨ ᠣᠯᠠᠮᠵᠢᠯᠠᠯᠳᠣ ᠶᠣᠰᠣ ᠪᠠᠷ ᠲᠠᠬᠢᠵᠣ ᠪᠠᠶᠢᠭ᠎ᠠ ᠣᠪᠣᠭ᠎ᠠ ᠳᠤ ᠪᠠᠶᠠᠨᠪᠣᠭᠳᠠ ᠣᠪᠣᠭ᠎ᠠ᠂ ᠪᠣᠷᠣ ᠣᠪᠣᠭ᠎ᠠ᠂ ᠳ᠋ᠠᠰᠢ ᠣᠪᠣᠭ᠎ᠠ ᠵᠡᠷᠭᠡ ᠠᠷᠪᠠ ᠭᠠᠷᠤᠢ ᠣᠪᠣᠭ᠎ᠠ ᠪᠠᠶᠢᠨ᠎ᠠ᠃ ᠣᠪᠣᠭᠠᠨ ᠲᠠᠬᠢᠯᠭ᠎ᠠ ᠨᠢ ᠥᠨᠳᠥᠰᠥᠳᠡᠨ ᠤ ᠰᠣᠶᠣᠯ ᠢᠷᠭᠡᠨᠰᠢᠯ ᠢ ᠬᠥᠭᠵᠢᠭᠦᠯᠬᠦ ᠠᠴᠠ ᠭᠠᠳᠠᠨ᠎ᠠ ᠪᠠᠰᠠ ᠥᠷᠭᠡᠨ ᠣᠯᠠᠨ ᠮᠠᠯᠴᠢᠨ ᠲᠥᠮᠡᠨ ᠤ ᠰᠣᠶᠣᠯ ᠤᠨ ᠲᠠᠨᠢᠯᠳᠠ ᠶᠢ ᠲᠡᠭᠡᠭᠰᠢᠯᠡᠭᠦᠯᠥᠭᠰᠡᠨ ᠪᠠᠶᠢᠨ᠎ᠠ᠃        ᠠᠭᠤᠳᠠᠮ ᠲᠠᠯᠠᠪᠠᠢ ᠶᠢᠨ ᠰᠣᠶᠣᠯ ᠤᠨ ᠬᠥᠳᠡᠯᠭᠡᠭᠡᠨ          ᠠᠷᠠᠳ ᠤᠨ ᠰᠣᠶᠣᠯ ᠤᠨ ᠠᠮᠢᠳᠣᠷᠠᠯ ᠢ ᠪᠠᠶᠠᠯᠢᠭᠵᠢᠭᠤᠯᠬᠤ᠂ ᠰᠢᠨ᠎ᠡ ᠠᠮᠢᠳᠣᠷᠠᠯ ᠤᠨ ᠣᠷᠴᠢᠨ ᠢ ᠪᠥᠷᠢᠳᠥᠭᠦᠯᠬᠦ ᠪᠠ ᠡᠶ᠎ᠡ ᠵᠣᠬᠢᠴᠠᠯᠳᠣ ᠨᠡᠶᠢᠬᠡᠮ ᠢ ᠪᠥᠳᠥᠭᠡᠨ ᠪᠠᠶᠢᠭᠤᠯᠬᠤ ᠡᠭᠦᠳᠡᠨ ᠠᠴᠠ ᠡᠵᠡᠨ᠎ᠡ ᠬᠤᠰᠢᠭᠤ ᠨᠢ ᠵᠢᠯ ᠪᠥᠷᠢ ᠶᠢᠨ 5— 10 ᠳ᠋ᠣᠭᠠᠷ ᠰᠠᠷ᠎ᠠ ᠶᠢᠨ ᠬᠤᠭᠤᠴᠠᠭᠠᠨ ᠳᠤ ᠬᠤᠰᠢᠭᠤᠨ ᠤ ᠡᠯ᠎ᠡ ᠰᠣᠮᠣ ᠪᠠᠯᠭᠠᠰᠣ᠂ ᠠᠵᠣ ᠠᠬᠤᠢ ᠶᠢᠨ ᠲᠣᠭᠤᠷᠢᠭ᠂ ᠠᠯᠪᠠᠨ ᠪᠠᠶᠢᠭᠤᠯᠣᠯᠭ᠎ᠠ ᠤᠳ ᠢ ᠵᠣᠬᠢᠶᠠᠨ ᠪᠠᠶᠢᠭᠤᠯᠵᠣ᠂ ᠣᠯᠠᠨ ᠲᠠᠯ᠎ᠠ ᠶᠢ ᠬᠠᠮᠣᠷᠠᠭᠰᠠᠨ ᠣᠳᠬ᠎ᠠ ᠠᠭᠤᠯᠭ᠎ᠠ ᠲᠠᠢ ᠣᠯᠠᠨ ᠨᠡᠶᠢᠳᠡ ᠶᠢᠨ ᠠᠭᠤᠳᠠᠮ ᠲᠠᠯᠠᠪᠠᠢ ᠶᠢᠨ ᠰᠣᠶᠣᠯ ᠤᠨ ᠬᠥᠳᠡᠯᠭᠡᠭᠡᠨ ᠢ ᠥᠷᠭᠡᠨ ᠢᠶᠠᠷ ᠥᠷᠨᠢᠭᠦᠯᠵᠤ᠂ ᠺᠢᠨᠣ᠋ ᠲᠠᠯᠪᠢᠬᠤ᠂ ᠲᠣᠭᠯᠠᠯᠳᠠ ᠭᠠᠷᠭᠠᠬᠠᠣ ᠵᠡᠷᠭᠡ ᠬᠡᠯᠪᠡᠷᠢ ᠪᠠᠷ ᠪᠥᠬᠦ ᠬᠤᠰᠢᠭᠤᠨ ᠤ ᠠᠷᠠᠳ ᠣᠯᠠᠨ ᠎ ᠤ ᠰᠣᠶᠣᠯ ᠤᠨ ᠠᠮᠢᠳᠣᠷᠠᠯ ᠢ  ᠪᠠᠶᠠᠯᠢᠭᠵᠢᠭᠤᠯᠵᠣ ᠪᠠᠶᠢᠭ᠎ᠠ ᠶᠣᠮ᠃
 
ᠢᠷᠡᠯᠲᠡ᠄ ᠡᠵᠡᠨ᠎ᠡ ᠬᠤᠰᠢᠭᠤᠨ ᠤ ᠤᠬᠠᠭᠤᠯᠭᠤ ᠬᠡᠯᠳᠠᠰ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号