ᠤᠯᠠᠭᠠᠨ ᠢᠳᠡᠭᠡᠨ | ᠡᠵᠡᠨ᠎ᠡ ᠲᠤᠷᠭᠤᠳ ᠤᠨ ᠰᠢᠭᠦᠰᠦ ᠲᠠᠯᠪᠢᠬᠤ ᠶᠤᠰᠤᠨ ᠳᠤ ᠵᠤᠮ᠎ᠠ ᠪᠦᠬᠦᠯᠢ ᠰᠢᠭᠦᠰᠦ᠂ ᠵᠠᠳᠠᠭᠠᠢ ᠰᠢᠭᠦᠰᠦ | ᠲᠠᠯᠪᠢᠬᠤ ᠵᠡᠷᠭᠡ ᠶᠤᠰᠤᠨ ᠪᠠᠶᠢᠵᠤ᠂ ᠰᠢᠭᠦᠰᠦ ᠲᠠᠯᠪᠢᠭᠴᠢ ᠦᠪᠡᠷᠰᠡᠳ ᠤᠨ ᠬᠦᠰᠡᠯ ᠬᠡᠷᠡᠭᠴᠡᠭᠡ ᠪᠠᠨ ᠦᠨᠳᠦᠰᠦᠯᠡᠨ | ᠠᠳᠠᠯᠢ ᠪᠤᠰᠤ ᠪᠠᠷ ᠲᠠᠯᠪᠢᠵᠤ᠂ ᠰᠢᠳᠦᠭᠡᠨ ᠢ ᠬᠦᠨᠳᠦᠯᠡᠵᠦ ᠭᠡᠶᠢᠴᠢ ᠪᠠᠨ ᠲᠤᠭᠤᠵᠤ ᠶᠤᠰᠤ ᠶᠠᠪᠤᠳᠠᠯ ᠢᠶᠠᠨ | ᠭᠦᠢᠴᠡᠳᠬᠡᠳᠡᠭ ᠪᠠᠶᠢᠵᠠᠢ᠃ | ᠵᠤᠮ᠎ᠠ ᠵᠤᠭᠤᠬᠤ᠄ ᠵᠤᠮ᠎ᠠ ᠪᠤᠯ ᠮᠤᠩᠭᠤᠯ ᠶᠤᠰᠤᠨ ᠤ ᠶᠡᠭᠡ ᠲᠠᠶᠢᠯᠠᠯᠭ᠎ᠠ ᠳᠤ ᠬᠠᠮᠤᠭ ᠤᠨ ᠬᠦᠨᠳᠦᠳᠡᠢ | ᠲᠠᠶᠢᠯᠠᠯᠭ᠎ᠠ ᠳᠤ ᠲᠤᠭᠠᠴᠠᠭᠳᠠᠬᠤ ᠢᠳᠡᠭᠡᠨ ᠪᠤᠯᠬᠤ ᠪᠦᠭᠡᠳ ᠡᠵᠡᠨ᠎ᠡ ᠳᠤ ᠭᠤᠤᠯᠳᠠᠭᠤ ᠪᠤᠷᠬᠠᠨ ᠰᠢᠳᠦᠭᠡᠨ ᠳᠤ | ᠲᠠᠯᠪᠢᠨ᠂ ᠬᠤᠯᠠ ᠭᠠᠵᠠᠷ ᠤᠨ ᠸᠠᠩ ᠨᠤᠶᠠᠳ ᠤᠨ ᠵᠢᠯ ᠴᠠᠭ᠎ᠠ ᠶᠢᠨ ᠠᠮᠤᠷ ᠠᠮᠤᠭᠤᠯᠠᠩ ᠠᠶᠢᠯᠠᠳᠬᠠᠬᠤ ᠳᠤ | ᠬᠦᠨᠳᠦ ᠶᠢᠨ ᠪᠡᠯᠡᠭ ᠪᠤᠯᠭᠠᠨ ᠬᠦᠷᠭᠡᠳᠡᠭ ᠪᠠᠶᠢᠵᠠᠢ᠃ ᠵᠤᠮ᠎ᠠ ᠭᠡᠵᠦ ᠢᠷᠭᠡ ︵ᠬᠤᠨᠢ︶ ᠶᠢ ᠦᠷᠦᠴᠡᠯᠡᠨ ᠨᠢᠳᠦᠯᠵᠦ | ᠭᠡᠳᠡᠰᠦ ᠲᠤᠳᠤᠷ ᠢ ᠨᠢ ᠠᠭᠤᠳᠠᠯᠯᠠᠨ ᠭᠠᠷᠭᠠᠵᠤ᠂ ᠤᠰᠤ ᠪᠠᠷ ᠴᠢᠰᠤ ᠰᠢᠭᠦᠰᠦ ᠶᠢ ᠨᠢ ᠤᠭᠢᠶᠠᠨ ᠴᠡᠪᠡᠷᠯᠡᠭᠡᠳ | ᠭᠡᠳᠡᠰᠦ ᠶᠢ ᠪᠤᠴᠠᠭᠠᠨ ᠤᠶᠤᠵᠤ ᠪᠤᠴᠠᠯᠤᠭᠰᠠᠨ ᠤᠰᠤ ᠲᠠᠢ ᠲᠤᠮᠤ ᠲᠤᠭᠤᠭᠠᠨ ᠳᠤ ᠬᠢᠵᠦ ᠵᠤᠮᠠᠯᠠᠨ᠂ ᠦᠰᠦ | ᠨᠤᠤᠰᠤ ᠶᠢ ᠨᠢ ᠲᠤᠰᠬᠠᠢ ᠪᠡᠯᠡᠳᠦᠭᠰᠡᠨ ᠮᠤᠳᠤᠨ ᠰᠢᠨᠠᠭ᠎ᠠ ᠪᠠᠷ ᠬᠤᠰᠤᠵᠤ ᠠᠪᠤᠨ ᠲᠤᠭᠤᠭᠠᠨ ᠠᠴᠠ ᠭᠠᠷᠭᠠᠨ | ᠵᠤᠭᠰᠤᠭ᠎ᠠ ᠬᠤᠨᠢ ᠶᠢᠨ ᠶᠠᠩᠵᠤ ᠪᠠᠷ ᠡᠪᠯᠡᠨ ᠲᠠᠯᠪᠢᠬᠤ ᠪᠤᠶᠤ ᠲᠤᠮᠤ ᠴᠠᠷ᠎ᠠ ᠳᠤ ᠬᠡᠪᠳᠡᠭᠦᠯᠦᠨ ᠲᠠᠯᠪᠢᠬᠤ ᠶᠢ | ᠬᠡᠯᠡᠨ᠎ᠡ᠃ ᠬᠠᠯᠠᠭᠤᠨ ᠤᠰᠤ ᠪᠠᠷ ᠵᠤᠮᠠᠯᠠᠵᠤ ᠨᠤᠤᠰᠤ ᠶᠢ ᠨᠢ ᠠᠪᠳᠠᠭ ᠪᠤᠯᠬᠤᠷ ᠵᠤᠮ᠎ᠠ ᠬᠤᠨᠢ ᠪᠤᠶᠤ ᠵᠤᠮ᠎ᠠ ᠭᠡᠮᠡᠨ | ᠨᠡᠷᠡᠯᠡᠭᠰᠡᠨ ᠪᠤᠯᠤᠯᠳᠠᠢ᠃ ᠰᠦᠮ᠎ᠡ ᠭᠡᠶᠢᠳ ᠤᠨ ᠴᠠᠭᠠᠨ ᠰᠠᠷ᠎ᠠ ᠶᠢᠨ ᠪᠤᠷᠬᠠᠨ ᠰᠠᠬᠢᠭᠤᠰᠤ ᠶᠢᠨ ᠴᠤᠩᠭᠢᠷ ᠲᠤ | ᠲᠡᠭᠡᠳᠦ ᠶᠢᠨ ᠢᠳᠡᠭᠡᠨ ᠪᠤᠯᠭᠠᠨ᠂ ᠵᠤᠮᠠᠯᠠᠭᠰᠠᠨ ᠬᠤᠨᠢᠨ ᠲᠤᠯᠤᠭᠠᠢ ᠶᠢᠨ ᠭᠠᠳᠠᠷ ᠡᠪᠡᠷ ᠢ ᠠᠪᠴᠤ᠂ ᠴᠢᠬᠢ ᠬᠠᠮᠠᠷ | ᠡᠪᠡᠷ ᠮᠠᠩᠨᠠᠢ ᠶᠢ ᠰᠢᠷ᠎ᠠ ᠲᠤᠰᠤ ᠪᠤᠶᠤ ᠴᠠᠭᠠᠨ ᠲᠤᠰᠤ ᠪᠠᠷ ᠴᠢᠮᠡᠨ᠂ ᠲᠠᠪᠤᠨ ᠦᠩᠭᠡ ᠶᠢᠨ ᠭᠭᠢᠪ ᠢ | ᠬᠦᠵᠦᠭᠦᠨ ᠳᠤᠨᠢ ᠤᠶᠠᠵᠤ᠂ ᠡᠪᠡᠷ ᠲᠡᠭᠡᠷ᠎ᠡ ᠨᠢ ᠪᠠᠰᠠ ᠨᠢᠬᠡ ᠬᠠᠳᠠᠭ ᠲᠤᠬᠤᠭᠠᠳ᠂ ᠶᠡᠭᠡ ︵ᠴᠤᠭᠴᠢᠨ︶ | ᠲᠤᠭᠠᠩ ᠤᠨ ᠲᠤᠮᠤ ᠪᠤᠷᠬᠠᠳ ᠤᠨ ᠡᠮᠦᠨ᠎ᠡ ᠤᠯᠠᠭᠠᠨ ᠢᠰᠡᠭᠡᠢ ᠲᠡᠪᠢᠰᠦᠨ ᠲᠡᠭᠡᠷ᠎ᠡ ᠨᠢ ᠵᠤᠮ᠎ᠠ ᠬᠤᠨᠢ ᠪᠠᠨ ᠡᠪᠯᠡᠨ | ᠵᠤᠭᠰᠤᠭᠠᠬᠤ ᠪᠦᠭᠡᠳ ᠬᠤᠷᠠᠯ ᠤᠨ ᠤᠩᠰᠢᠯᠭ᠎ᠠ ᠪᠠᠷᠠᠭᠰᠠᠨ ᠤ ᠲᠠᠷᠠᠭ᠎ᠠ ᠦᠶ᠎ᠡ ᠮᠦᠴᠢ ᠪᠠᠷ ᠨᠢ ᠰᠠᠯᠭᠠᠨ ᠴᠢᠨᠠᠵᠤ | ᠪᠦᠬᠦ ᠯᠠᠮᠠ ᠳᠠᠭᠠᠨ ᠬᠤᠪᠢᠶᠠᠨ ᠦᠭᠴᠦ ᠠᠮᠰᠠᠭᠤᠯᠳᠠᠭ ᠵᠠᠩᠰᠢᠯ ᠲᠠᠢ ᠪᠠᠶᠢᠵᠠᠢ᠃ | ᠪᠦᠬᠦᠯᠢ ᠰᠢᠭᠦᠰᠦ ᠲᠠᠯᠪᠢᠬᠤ᠄ ᠪᠦᠬᠦᠯᠢ ᠰᠢᠭᠦᠰᠦ ᠭᠡᠳᠡᠭ ᠪᠤᠯ ᠤᠭᠤᠴᠠᠨ ᠤ ᠢᠪᠡᠯᠭᠡ ᠳᠤ ᠬᠠ | ᠭᠤᠶ᠎ᠠ ︵ᠭᠤᠶ᠎ᠠ ᠶᠢᠨ ᠮᠢᠬᠠᠨ ᠤ ᠶᠡᠬᠡᠩᠬᠢ ᠨᠢ ᠤᠭᠤᠴᠠ ᠳᠤ ᠶᠠᠪᠤᠳᠠᠭ︶ ᠶᠢ ᠮᠥᠴᠢᠯᠡᠬᠦ ᠦᠭᠡᠢ ᠪᠦᠳᠦᠨ | ᠶᠤᠰᠤ ᠪᠠᠷ ᠨᠢ ᠲᠠᠯᠪᠢᠭᠠᠳ ᠲᠡᠭᠡᠷ᠎ᠡ ᠨᠢ ᠤᠭᠤᠴᠠ ᠪᠠᠨ ᠬᠦᠮᠦᠷᠢᠵᠦ ᠲᠠᠯᠪᠢᠬᠤ ᠶᠢ ᠬᠡᠯᠡᠨ᠎ᠡ᠃ ᠲᠡᠭᠦᠨ ᠢ | ᠭᠤᠤᠯᠳᠠᠭᠤ ᠰᠦᠮ᠎ᠡ ᠬᠡᠶᠢᠳ ᠤᠨ ᠠᠯᠳᠠᠨ ᠲᠠᠯᠠᠯᠭ᠎ᠠ᠂ ᠵᠢᠯ ᠴᠠᠭ᠎ᠠ ᠶᠢᠨ ᠴᠤᠩᠭᠢᠷ ᠲᠤ ᠵᠤᠷᠢᠭᠤᠯᠵᠤ ᠡᠷᠭᠦᠬᠦ ᠶᠢᠨ | ᠬᠠᠮᠳᠤ ᠬᠤᠪᠢ ᠠᠶᠢᠯ ᠤᠨ ᠨᠠᠮᠤᠷ ᠤᠨ ᠲᠠᠯᠠᠯᠭ᠎ᠠ ᠳᠤ ᠪᠤᠷᠬᠠᠨ ᠰᠢᠳᠦᠭᠡᠨ᠂ ᠯᠠᠮᠠ ᠭᠡᠭᠡᠨ ᠳᠤ ᠵᠤᠷᠢᠭᠤᠯᠤᠨ ᠪᠠᠰᠠ | ᠲᠠᠯᠪᠢᠳᠠᠭ ᠪᠠᠶᠢᠭᠰᠠᠨ ᠪᠦᠭᠡᠳ ᠵᠤᠮᠠᠯᠠᠵᠤ ᠴᠢᠨᠠᠭᠰᠠᠨ ᠪᠤᠶᠤ ᠬᠤᠶᠢᠬᠠᠯᠠᠵᠤ ᠴᠢᠨᠠᠭᠰᠠᠨ ᠲᠤᠯᠤᠭᠠᠢ ︵ᠪᠦᠬᠦᠯᠢ | ᠲᠤᠯᠤᠭᠠᠢ︶ ᠲᠠᠢ ᠨᠢ ᠲᠠᠯᠪᠢᠨ᠎ᠠ᠃ ᠲᠡᠭᠡᠬᠦ ᠳᠡᠭᠡᠨ ᠲᠦᠷᠦ ᠶᠢᠨ ᠲᠦᠭᠡᠯ ᠲᠥᠬᠦᠷᠢᠭ᠂ ᠪᠤᠷᠬᠠᠨ ᠤ ᠲᠦᠭᠡᠯ | ᠭᠤᠷᠪᠠᠯᠵᠢᠨ ᠭᠡᠳᠡᠭ ᠢᠶᠠᠷ ᠲᠦᠷᠦ ᠵᠠᠰᠠᠭ ᠤᠨ ᠨᠤᠶᠠᠳ ᠲᠦᠰᠢᠮᠡᠳ ᠲᠤ ᠵᠤᠷᠢᠭᠤᠯᠵᠤ ᠲᠠᠯᠪᠢᠭᠰᠠᠨ ᠲᠤᠯᠤᠭᠠᠢ ᠶᠢᠨ | ᠮᠠᠩᠨᠠᠢ ᠳᠤ ᠲᠤᠭᠤᠢ ᠲᠡᠮᠳᠡᠭ ᠭᠠᠷᠭᠠᠵᠤ᠂ ᠪᠤᠷᠬᠠᠨ ᠱᠠᠵᠢᠨ ᠳᠤ ᠵᠤᠷᠢᠭᠤᠯᠤᠨ ᠲᠠᠯᠪᠢᠭᠰᠠᠨ ᠲᠤᠯᠤᠭᠠᠢ ᠶᠢᠨ | ᠮᠠᠩᠨᠠᠢ ᠳᠤ ᠭᠤᠷᠪᠠᠯᠵᠢᠨ ᠲᠡᠮᠳᠡᠭ ᠭᠠᠷᠭᠠᠨ ᠦᠬᠡᠬᠦ ᠲᠤᠰᠤ ᠪᠠᠷ ᠴᠢᠮᠡᠭᠯᠡᠨ ᠮᠢᠯᠢᠶᠠᠵᠤ ᠲᠠᠯᠪᠢᠳᠠᠭ ᠶᠤᠰᠤ ᠲᠠᠢ᠂ | ᠡᠭᠦᠨ ᠢᠶᠠᠨ ᠲᠤᠯᠤᠭᠠᠢ ᠴᠢᠮᠡᠬᠦ ᠪᠠ ᠮᠢᠯᠢᠶᠠᠬᠤ ᠭᠡᠨ᠎ᠡ᠃ ᠬᠠᠷᠢᠨ ᠪᠦᠳᠦᠨ ᠰᠢᠭᠦᠰᠦ ᠶᠢ ᠭᠦᠢᠴᠡᠳ ᠪᠤᠯᠭᠤᠬᠤ ᠪᠤᠰᠤ | ᠦᠩᠭᠡ ᠶᠢ ᠨᠢ ᠲᠦᠩᠭᠡᠵᠢ ᠬᠤᠪᠢᠷᠠᠭᠠᠭᠠᠳ ᠲᠠᠯᠪᠢᠬᠤ ︵ᠪᠤᠷᠬᠠᠨ ᠰᠢᠳᠦᠭᠡᠨ᠂ ᠯᠠᠮᠠ ᠭᠡᠭᠡᠨ ᠳᠤ ᠵᠤᠷᠢᠭᠤᠯᠤᠨ | ᠲᠠᠯᠪᠢᠭᠰᠠᠨ ᠵᠠᠳᠠᠭᠠᠢ ᠰᠢᠭᠦᠰᠦ ᠴᠤ ᠭᠡᠰᠡᠨ ᠠᠳᠠᠯᠢ︶ ᠪᠦᠭᠡᠳ ᠬᠤᠷᠠᠯ ᠨᠤᠮ ᠲᠠᠭᠤᠰᠤᠭᠰᠠᠨ ᠤ ᠲᠠᠷᠠᠭ᠎ᠠ | ᠮᠦᠴᠢᠯᠡᠨ ᠰᠠᠯᠭᠠᠵᠤ ᠴᠢᠨᠠᠨ ᠲᠠᠬᠢᠨᠳᠠ ᠲᠠᠪᠠᠭᠯᠠᠵᠤ ︵ᠲᠠᠷᠤᠢ ᠵᠠᠳᠠᠭᠠᠢ ᠰᠢᠭᠦᠰᠦ ᠪᠤᠯᠭᠠᠨ︶ ᠯᠠᠮᠠ ᠭᠡᠭᠡᠨ ᠳᠤ | ᠬᠠᠨᠳᠤᠭᠤᠯᠤᠨ ᠲᠠᠯᠪᠢᠵᠤ᠂ ᠰᠢᠭᠦᠰᠦ ᠬᠦᠨᠳᠡᠬᠦ ᠬᠦᠮᠦᠨ ᠠᠴᠠ ᠤᠭᠤᠴᠠ ᠵᠦᠰᠦᠬᠦ ᠶᠤᠰᠤ ︵ᠵᠠᠳᠠᠭᠠᠢ ᠰᠢᠭᠦᠰᠦᠨ ᠤ | ᠵᠦᠰᠦᠯᠳᠡ ᠲᠠᠢ ᠠᠳᠠᠯᠢ︶ ᠭᠦᠢᠴᠡᠳᠬᠡᠨ᠂ ᠰᠡᠭᠦᠯ ᠢ ᠨᠢ ᠪᠦᠬᠦᠨ ᠢ ᠪᠤᠶᠤ ᠬᠠᠭᠠᠰ ᠢ ᠤᠭᠳᠤᠯᠤᠨ ᠠᠪᠴᠤ ᠬᠤᠶᠠᠷ | ᠦᠨᠳᠦᠷ ᠬᠠᠪᠢᠰᠥ ︵ᠬᠠᠪᠢᠷᠭ᠎ᠠ︶ ᠲᠠᠢ ᠬᠠᠮᠳᠤ ᠰᠠᠬᠢᠭᠤᠰᠤ ᠰᠢᠳᠦᠭᠡᠨ ᠳᠤ ᠲᠠᠪᠠᠭᠯᠠᠨ ᠲᠠᠯᠪᠢᠵᠤ᠂ ᠪᠤᠰᠤᠳ | ᠮᠢᠬ᠎ᠠ ᠶᠢ ᠴᠤᠩᠭᠢᠷ ᠤᠨ ᠤᠨᠳᠤᠤ ᠢᠳᠡᠭᠡᠨ ᠲᠠᠢ ᠬᠠᠮᠳᠤ ᠬᠤᠪᠢᠶᠠᠯᠴᠠᠨ ᠢᠳᠡᠵᠡᠭᠡᠨ᠎ᠡ᠃ | ᠪᠦᠬᠦᠯᠢ ᠪᠠ ᠵᠠᠳᠠᠭᠠᠢ ᠰᠢᠭᠦᠰᠦᠨ ᠳᠤ ᠲᠠᠯᠪᠢᠬᠤ ᠤᠭᠤᠴᠠ ᠶᠢᠨ ᠬᠡᠰᠡᠭ ᠲᠤ ᠰᠦᠪᠡᠭᠡ ᠶᠢᠨ ᠵᠢᠷᠭᠤᠭᠠᠨ | ᠬᠠᠪᠢᠰᠤ ︵ᠨᠢᠭᠡ ᠲᠠᠯ᠎ᠠ ᠳᠤᠨᠢ ᠭᠤᠷᠪᠠ︶ ᠶᠢᠨ ᠬᠡᠰᠡᠭ᠂ ᠦᠭᠡᠷ᠎ᠡ ᠪᠠᠷ ᠬᠡᠯᠡᠪᠡᠯ ᠬᠠᠷ᠎ᠠ ᠨᠢᠷᠤᠭᠤᠨ ᠠᠴᠠ ᠰᠡᠭᠦᠯ | ᠬᠦᠷᠳᠡᠯᠡᠬᠢ ᠬᠡᠰᠡᠭ ︵ᠰᠡᠭᠦᠯ ᠪᠠᠭᠳᠠᠨ᠎ᠠ︶ ᠪᠦᠷ ᠪᠠᠭᠳᠠᠬᠤ ᠪᠦᠭᠡᠳ ᠪᠦᠬᠦᠯᠢ ᠵᠠᠳᠠᠭᠠᠢ ᠰᠢᠭᠦᠰᠦ ᠶᠢ ᠠᠩᠬᠠᠨ | ᠳᠠᠭᠠᠨ ᠵᠤᠭᠤᠴᠠ ᠵᠤᠭᠤᠨᠠ ᠭᠡᠵᠦ ᠪᠠᠶᠢᠭᠠᠳ ᠤᠳᠤ ᠤᠯᠠᠩᠬᠢ ᠨᠢ ᠤᠭᠤᠴᠠ ᠵᠤᠭᠤᠨᠠ ᠭᠡᠳᠡᠭ ᠪᠤᠯᠵᠠᠢ᠃ | ᠵᠠᠳᠠᠭᠠᠢ ᠰᠢᠭᠦᠰᠦ ᠲᠠᠯᠪᠢᠬᠤ᠄ ᠵᠠᠳᠠᠭᠠᠢ ᠰᠢᠭᠦᠰᠦ ᠭᠡᠵᠦ ᠤᠭᠤᠴᠠᠨ ᠤ ᠢᠪᠡᠯᠭᠡ ᠳᠤ ᠬᠠ ᠭᠤᠶ᠎ᠠ ᠶᠢ ᠦᠶ᠎ᠡ | ᠮᠦᠴᠢ ᠪᠠᠷ ᠨᠢ ᠰᠠᠯᠭᠠᠵᠤ ᠲᠠᠯᠪᠢᠭᠠᠳ ᠲᠡᠭᠡᠷ᠎ᠡ ᠠᠴᠠ ᠨᠢ ᠤᠭᠤᠴᠠ ᠪᠠᠨ ᠬᠦᠮᠦᠷᠢᠵᠦ ᠲᠠᠯᠪᠢᠬᠤ ᠶᠢ ᠬᠡᠯᠡᠨ᠎ᠡ᠃ | ᠪᠠᠰᠠ ᠡᠩ ᠤᠨ ᠤᠭᠤᠴᠠ᠂ ᠶᠡᠷᠦ ᠶᠢᠨ ᠤᠭᠤᠴᠠ ᠭᠡᠳᠡᠭ᠃ ᠡᠭᠦᠨ ᠢ ᠭᠤᠤᠯᠳᠠᠭᠤ ᠬᠤᠷᠢᠮ ᠬᠤᠢ᠂ ᠵᠢᠰᠢᠶ᠎ᠡ | ᠲᠠᠯᠠᠯᠭ᠎ᠠ᠂ ᠤᠪᠤᠭᠠᠨ ᠲᠠᠬᠢᠯᠭ᠎ᠠ᠂ ᠦᠷᠡᠰ ᠨᠠᠶᠢᠷ᠂ ᠵᠢᠯ ᠴᠠᠭ᠎ᠠ᠂ ᠨᠤᠶᠠᠳ ᠬᠡᠬᠡᠳ ᠤᠨ ᠪᠠᠶᠠᠷ᠂ ᠬᠤᠳᠠ | ᠤᠷᠤᠭ ᠤᠨ ᠵᠤᠯᠭᠠᠯᠳᠠ ᠵᠡᠷᠭᠡ ᠪᠠᠶᠠᠷ ᠨᠠᠶᠢᠷ ᠶᠤᠰᠤ ᠶᠠᠪᠤᠳᠠᠯ ᠳᠤ ᠵᠤᠷᠢᠭᠤᠯᠤᠨ ᠲᠠᠯᠪᠢᠬᠤ ᠪᠦᠭᠡᠳ ᠪᠦᠬᠦᠯᠢ | ᠰᠢᠭᠦᠰᠦ ᠶᠢ ᠪᠤᠳᠤᠪᠠᠯ ᠬᠡᠷᠡᠭᠯᠡᠭᠳᠡᠬᠦ ᠬᠡᠪᠴᠢᠶ᠎ᠡ ᠪᠠᠷ ᠦᠷᠭᠡᠨ ᠪᠠᠶᠢᠳᠠᠭ ᠪᠠᠶᠢᠵᠠᠢ᠃ ᠵᠠᠳᠠᠭᠠᠢ ᠰᠢᠭᠦᠰᠦᠨ ᠳᠤ ᠬᠤᠨᠢᠨ | ᠲᠤᠯᠤᠭᠠᠢ ᠲᠠᠭᠠᠭᠤᠯᠵᠤ ᠲᠠᠯᠪᠢᠬᠤ ᠪᠠ ᠦᠯᠦ ᠲᠠᠯᠪᠢᠬᠤ ᠬᠤᠶᠠᠷ ᠶᠠᠩᠵᠤ ᠪᠠᠶᠢᠭᠰᠠᠨ ᠪᠠᠶᠢᠨ᠎ᠠ᠃ ᠵᠠᠳᠠᠭᠠᠢ ᠰᠢᠭᠦᠰᠦ | ᠲᠠᠪᠠᠭᠯᠠᠬᠤ ᠳᠠᠭᠠᠨ ᠬᠦᠵᠦᠭᠦᠦ ᠠᠴᠠ ᠪᠤᠰᠤ ᠮᠢᠬ᠎ᠠ ︵ᠵᠠᠷᠢᠮ ᠨᠢ ᠰᠡᠭᠦᠵᠢ ᠲᠠᠯᠪᠢᠳᠠᠭ ᠦᠭᠡᠢ ᠭᠡᠵᠦ ᠪᠤᠢ᠂ ᠭᠡᠶ᠎ᠡ | ᠴᠦᠬᠡᠨ︶ ᠶᠢ ᠪᠦᠷ ᠲᠠᠯᠪᠢᠬᠤ ᠮᠦᠷᠳᠡᠭᠡᠨ ᠪᠦᠳᠦᠨ ᠰᠡᠭᠡᠷ ᠢ ᠤᠭᠤᠴᠠᠨ ᠤ ᠲᠤᠯᠤᠭᠠᠢ ᠲᠠᠯ᠎ᠠ ᠳᠤ ᠲᠡᠪᠢᠰᠭᠡᠷ | ᠪᠤᠯᠭᠠᠨ ᠬᠦᠨᠳᠡᠯᠡᠨ ᠲᠠᠯᠪᠢᠵᠤ ︵ᠰᠡᠭᠡᠷ ᠤᠨ ᠰᠢᠯᠢ ᠶᠢ ᠲᠤᠳᠤᠭᠰᠢ ᠬᠠᠨᠳᠤᠭᠤᠯᠤᠨ ᠲᠠᠯᠪᠢᠨ᠎ᠠ︶᠂ ᠪᠤᠰᠤᠳ | ᠮᠢᠬ᠎ᠠ ᠶᠢ ᠮᠠᠯ ᠤᠨ ᠠᠮᠢᠳᠤ ᠪᠠᠶᠢᠬᠤ ᠶᠠᠩᠵᠤ ᠪᠠᠷ ᠪᠠᠶᠢᠷᠢᠰᠢᠭᠤᠯᠤᠨ ᠲᠠᠯᠪᠢᠨ᠎ᠠ᠃ ᠶᠡᠷᠦᠩᠭᠡᠢ ᠳᠡᠭᠡᠨ ᠮᠦᠴᠢ | ᠪᠤᠯᠭᠠᠨ ᠤ ᠨᠠᠷᠢᠨ ᠲᠠᠯ᠎ᠠ ᠶᠢ ᠨᠢᠭᠡ ᠵᠦᠭ ᠲᠤ ᠬᠠᠨᠳᠤᠭᠤᠯᠤᠨ ᠲᠡᠰ ᠲᠠᠷᠠᠭ᠎ᠠ ᠲᠠᠢ ᠲᠠᠯᠪᠢᠳᠠᠭ ᠪᠥᠬᠡᠳ ᠲᠡᠷᠡ | ᠲᠠᠯ᠎ᠠ ᠶᠢ ᠭᠡᠶᠢᠴᠢ ᠲᠠᠯ᠎ᠠ ᠬᠠᠨᠳᠤᠭᠤᠯᠬᠤ ᠶᠤᠰᠤ ᠲᠠᠢ᠃ ᠡᠶᠢᠮᠦᠷᠬᠦ ᠤᠭᠤᠴᠠᠨ ᠤ ᠲᠡᠪᠢᠰᠭᠡᠷ ᠮᠢᠬ᠎ᠠ ᠶᠢ | ᠤᠭᠤᠴᠠᠨ ᠤ ᠢᠪᠡᠯᠭᠡ ᠶᠢᠨ ᠮᠢᠬ᠎ᠠ ᠭᠡᠳᠡᠭ᠃ ᠢᠪᠡᠯᠭᠡ ᠶᠢᠨ ᠮᠢᠬ᠎ᠠ ᠶᠢ ᠲᠠᠪᠠᠭ ᠲᠦᠭᠦᠷᠭᠡᠵᠦ ᠲᠠᠯᠪᠢᠬᠤ | ᠶᠤᠰᠤ ᠲᠠᠢ᠂ ᠦᠭᠡᠢ ᠪᠤᠯ ᠤᠭᠤᠴᠠ ᠬᠦᠨᠳᠡᠶᠢᠷᠡᠵᠦ ᠬᠦᠨᠳᠦ ᠪᠠᠨ ᠠᠯᠳᠠᠨ᠎ᠠ ᠭᠡᠳᠡᠭ᠃ ᠵᠠᠳᠠᠭᠠᠢ ᠰᠢᠭᠦᠰᠦᠨ ᠤ | ᠢᠪᠡᠯᠭᠡ ᠶᠢᠨ ᠮᠢᠬ᠎ᠠ ᠳᠤ ᠵᠠᠪᠠᠯ ᠬᠤᠶᠠᠷ ᠬᠠ ᠬᠤᠶᠠᠷ ᠭᠤᠶ᠎ᠠ ᠲᠠᠯᠪᠢᠬᠤ ᠠᠯᠪᠠ ᠦᠭᠡᠢ᠂ ᠭᠡᠶᠢᠴᠢ ᠶᠢᠨ ᠤᠯᠠᠨ | ᠴᠦᠬᠡᠨ ᠢ ᠦᠨᠳᠦᠰᠦᠯᠡᠵᠦ ᠬᠤᠶᠠᠷ ᠬᠠ ᠨᠢᠭᠡ ᠭᠤᠶ᠎ᠠ᠂ ᠨᠢᠭᠡ ᠬᠠ ᠨᠢᠭᠡ ᠭᠤᠶ᠎ᠠ ᠭᠡᠬᠦ ᠮᠡᠳᠦ ᠪᠠᠷ ᠵᠤᠬᠢᠴᠠᠭᠤᠯᠤᠨ | ᠲᠠᠯᠪᠢᠳᠠᠭ ᠪᠠᠶᠢᠵᠠᠢ᠃ ᠢᠪᠡᠯᠭᠡ ᠶᠢᠨ ᠮᠢᠬ᠎ᠠ ᠳᠤ ᠪᠤᠭᠤᠨᠢ ᠬᠠᠪᠢᠰᠤ ᠲᠠᠯᠪᠢᠬᠤ ᠦᠭᠡᠢ᠂ ᠡᠪᠴᠢᠭᠦᠨ ᠤ ᠪᠦᠳᠦᠷᠬᠡᠢ᠂ | ᠲᠠᠯᠤ ᠶᠢᠨ ᠮᠦᠭᠡᠷᠰᠦ᠂ ᠲᠤᠮᠳᠠ ᠴᠢᠮᠦᠭᠡᠨ ᠤ ᠬᠤᠯᠠᠭᠠᠢ ᠪᠤᠯᠴᠢᠩ᠂ ᠱᠠᠭ᠎ᠠ ᠴᠢᠮᠦᠭᠡᠨ ︵ᠲᠤᠰ ᠴᠢᠮᠦᠭᠡᠨ ᠤ | ᠭᠠᠳᠠᠷ ᠬᠠᠯᠢᠰᠤ ᠶᠢ ᠱᠠᠭᠠᠯᠵᠤ ᠲᠠᠯᠪᠢᠬᠤ ᠶᠤᠰᠤ ᠲᠠᠢ ᠪᠠᠶᠢᠵᠠᠢ︶ ᠤ ᠬᠠᠷ᠎ᠠ ᠪᠤᠷᠪᠢ ᠵᠡᠷᠭᠡ ᠶᠢ ᠠᠪᠴᠤ ᠲᠠᠯᠪᠢᠬᠤ | ᠶᠤᠰᠤ ᠲᠠᠢ ᠪᠦᠭᠡᠳ ᠵᠠᠯᠠᠭ᠎ᠠ ᠴᠢᠮᠦᠭᠡ ︵ᠤᠯᠠᠩᠬᠢ ᠪᠠᠶᠢᠳᠠᠯ ᠲᠤᠤᠷ᠎ᠠ ᠲᠠᠯᠪᠢᠳᠠᠭ ᠦᠭᠡᠢ ᠪᠠᠶᠢᠭᠰᠠᠨ | ᠭᠡᠳᠡᠭ︶ ᠶᠢᠨ ᠦᠪᠦᠷ ᠲᠠᠯ᠎ᠠ ᠶᠢᠨ ᠪᠤᠯᠴᠢᠩ ᠢ ᠵᠠᠪᠠᠯ ᠭᠤᠷᠪᠠ ᠤᠭᠳᠤᠯᠵᠤ᠂ ᠠᠷᠤ ᠲᠠᠯ᠎ᠠ ᠶᠢᠨ ᠭᠡᠵᠢᠭᠡ ᠮᠢᠬ᠎ᠠ ᠶᠢ | ᠠᠪᠴᠤ ᠲᠠᠯᠪᠢᠬᠤ ᠴᠡᠭᠡᠷ ᠶᠤᠰᠤ ᠲᠠᠢ ᠪᠠᠶᠢᠭᠰᠠᠨ᠂ ᠡᠶᠢᠮᠦ ᠶᠤᠰᠤ ᠶᠢ ᠲᠠᠯᠤ ᠪᠠ ᠡᠪᠴᠢᠭᠦᠦ ᠪᠠᠷ ᠠᠬᠠᠯᠠᠭᠤᠯᠤᠭᠰᠠᠨ | ᠲᠠᠪᠠᠭ ᠮᠢᠬ᠎ᠠ ᠳᠤ ᠴᠤ ᠭᠡᠰᠡᠨ ᠠᠳᠠᠯᠢ ᠵᠢᠷᠤᠮᠯᠠᠨ᠎ᠠ᠃ ᠤᠭᠤᠴᠠ ᠲᠠᠯᠪᠢᠬᠤ ᠲᠤᠭᠳᠠᠭᠰᠠᠨ ᠶᠤᠰᠤ ᠵᠢᠷᠤᠮ ᠢ | ᠵᠦᠷᠢᠴᠡᠵᠦ ᠪᠤᠷᠤᠭᠤ ᠲᠠᠯᠪᠢᠭᠰᠠᠨ ᠪᠤᠯ ᠦᠩᠭᠡᠷᠡᠭᠰᠡᠨ ᠳᠤ ᠬᠤᠷᠢᠮ ᠨᠠᠶᠢᠷ᠂ ᠲᠠᠭᠠᠬᠢ᠂ ᠵᠢᠰᠢᠶ᠎ᠡ ᠲᠠᠬᠢᠬᠤ | ᠵᠡᠷᠭᠡ ᠳᠤ ᠠᠭᠰᠤᠮ ᠲᠠᠯᠪᠢᠬᠤ᠂ ᠬᠡᠷᠡᠭᠦᠯ ᠴᠤᠤᠭᠢᠶᠠᠨ ᠪᠤᠯᠬᠤ᠂ ᠤᠭᠤᠴᠠ ᠰᠢᠭᠦᠰᠦᠨ ᠤ ᠲᠠᠪᠠᠭ ᠢᠳᠡᠭᠡ | ᠬᠦᠮᠦᠷᠢᠬᠦ ᠶᠠᠷᠰᠢᠭ ᠲᠦᠪᠡᠭ ᠲᠠᠢ ᠤᠴᠢᠷ ᠭᠠᠷᠳᠠᠭ ᠪᠠᠶᠢᠵᠠᠢ᠃ | ᠢᠪᠡᠯᠭᠡ ᠶᠢᠨ ᠮᠢᠬ᠎ᠠ ᠶᠢ ᠰᠠᠶᠢᠳᠤᠷ ᠪᠠᠶᠢᠷᠢᠰᠢᠭᠤᠯᠤᠭᠰᠠᠨ ᠤ ᠲᠠᠷᠠᠭ᠎ᠠ ᠤᠭᠤᠴᠠ ᠶᠢ ᠲᠡᠭᠡᠷ᠎ᠡ ᠠᠴᠠ ᠨᠢ | ᠪᠦᠷᠬᠦᠵᠦ ᠦᠭᠭᠦᠨ᠎ᠡ᠂ ᠲᠡᠭᠡᠬᠦ ᠳᠡᠭᠡᠨ ᠤᠭᠤᠴᠠ ᠶᠢ ᠰᠡᠭᠦᠯ ᠲᠠᠢ ᠨᠢ ᠪᠦᠭᠦᠳᠡ ᠶᠢ ᠬᠠᠯᠢᠮᠯᠠᠵᠤ ᠲᠠᠯᠪᠢᠨ᠎ᠠ᠃ | ᠤᠭᠤᠴᠠ ᠰᠡᠭᠦᠯ ᠬᠠᠯᠢᠮᠯᠠᠨᠠ ᠭᠡᠵᠦ ᠤᠭᠤᠴᠠ ᠭᠢᠭᠡᠳ ᠰᠡᠭᠦᠯ ᠤᠨ ᠬᠡᠰᠡᠭ ᠤᠨ ᠭᠠᠳᠠᠷ ᠬᠦᠷᠦᠰᠦ ᠶᠢ ᠪᠦᠬᠦᠨ ᠢ | ᠱᠠᠭᠠᠯᠵᠤ ᠠᠪᠬᠤ ᠶᠢ ᠬᠡᠯᠡᠨ᠎ᠡ᠃ ᠬᠠᠯᠢᠮᠯᠠᠬᠤ ᠳᠠᠭᠠᠨ ᠤᠭᠤᠴᠠ ᠰᠡᠭᠦᠯ ᠤᠨ ᠪᠤᠰᠤᠳ ᠮᠢᠬ᠎ᠠ ᠦᠬᠡᠭᠦ ᠶᠢ | ᠤᠭᠳᠤᠯᠵᠤ ᠬᠡᠮᠳᠦᠭᠡᠬᠦ ᠠᠴᠠ ᠶᠡᠬᠡᠳᠡ ᠬᠢᠴᠢᠶᠡᠨ᠎ᠡ᠃ ᠲᠤᠰ ᠦᠢᠯᠡ ᠶᠢ ᠪᠦᠬᠦᠯᠢ ᠰᠢᠭᠦᠰᠦᠨ ᠳᠤ ᠴᠤ ᠮᠦᠨ | ᠭᠦᠢᠴᠡᠳᠬᠡᠨ᠎ᠡ᠃ ᠶᠠᠭᠤᠨ ᠳᠤ ᠤᠭᠤᠴᠠ ᠰᠡᠭᠦᠯ ᠬᠠᠯᠢᠮᠯᠠᠬᠤ ᠪᠤᠯᠤᠭᠰᠠᠨ ᠲᠤᠬᠠᠢ ᠨᠠᠰᠤᠳᠠᠢ ᠪᠤᠭᠤᠷᠤᠯ ᠤᠳ ᠤᠨ | ᠤᠯᠠᠩᠬᠢ ᠨᠢ ᠰᠠᠬᠢᠭᠤᠰᠤ ᠪᠤᠶᠤ ᠭᠡᠶᠢᠴᠢ ᠪᠠᠨ ᠤᠯᠠᠮ ᠬᠦᠨᠳᠦᠯᠡᠵᠦ ᠪᠠᠶᠢᠬᠤ ᠤᠬᠠᠭ᠎ᠠ ᠲᠠᠢ ᠬᠡᠮᠡᠨ ᠬᠠᠭᠤᠴᠢᠯᠠᠵᠤ | ᠪᠠᠶᠢᠭᠰᠠᠨ᠃ ᠬᠠᠯᠢᠮᠯᠠᠭᠰᠠᠨ ᠤᠭᠤᠴᠠ ᠶᠢᠨ ᠲᠡᠭᠡᠷ᠎ᠡ ᠪᠦᠬᠦᠯᠢ ᠲᠤᠯᠤᠭᠠᠢ ᠪᠤᠶᠤ ᠵᠠᠷᠢᠮ ᠨᠢ ᠳᠠᠯᠤ ᠲᠦᠷᠪᠡᠨ | ᠦᠨᠳᠦᠷ ᠲᠠᠯᠪᠢᠨ ᠭᠡᠶᠢᠴᠢ ᠶᠢᠨ ᠭᠡᠷ ᠪᠤᠶᠤ ᠪᠤᠷᠬᠠᠨ ᠰᠠᠬᠢᠭᠤᠰᠤᠨ ᠤ ᠲᠤᠭᠠᠩ ᠳᠤ ᠤᠷᠤᠭᠤᠯᠤᠨ᠂ ᠲᠤᠮᠤ | ᠰᠢᠷᠡᠭᠡᠨ ᠳᠤ ᠰᠢᠭᠦᠰᠦᠨ ᠤ ᠲᠤᠯᠤᠭᠠᠢ ᠲᠠᠯ᠎ᠠ ᠶᠢ ᠭᠤᠤᠯ ᠭᠡᠶᠢᠴᠢ ᠡᠰᠡᠭᠦᠯ᠎ᠡ ᠰᠢᠳᠦᠭᠡᠨ ᠳᠤ ᠬᠠᠨᠳᠤᠭᠤᠯᠤᠨ | ᠲᠠᠯᠪᠢᠨ᠎ᠠ᠂ ᠸᠠᠩ ᠨᠤᠶᠠᠨ᠂ ᠭᠡᠭᠡᠨ ᠬᠤᠪᠢᠯᠭᠠᠳ᠂ ᠰᠦᠮ᠎ᠡ ᠬᠡᠶᠢᠳ ᠤᠨ ᠴᠤᠩᠬᠢᠷ ᠲᠤ ᠵᠤᠷᠢᠭᠤᠯᠤᠨ | ᠲᠠᠯᠪᠢᠭᠰᠠᠨ ᠪᠤᠯ ᠤᠭᠤᠴᠠ ᠤᠷᠤᠯᠳᠤᠬᠤ ᠬᠦᠮᠦᠨ ᠵᠠᠪᠠᠯ ᠠᠮᠠ ᠪᠠᠨ ᠶᠠᠭᠤᠮ᠎ᠠ ᠪᠠᠷ ᠲᠠᠷᠤᠵᠤ ᠤᠷᠤᠭᠤᠯᠬᠤ ᠶᠤᠰᠤ | ᠲᠠᠢ ᠪᠠᠶᠢᠭᠰᠠᠨ ᠭᠡᠳᠡᠭ᠃ ᠪᠤᠷᠬᠠᠨ ᠰᠢᠳᠦᠭᠡᠨ᠂ ᠭᠡᠭᠡᠨ ᠬᠤᠪᠢᠯᠭᠠᠳ᠂ ᠤᠪᠤᠭᠠᠨ ᠲᠠᠬᠢᠯᠭ᠎ᠠ ᠠᠴᠠ ᠪᠤᠰᠤᠳ ᠨᠠᠶᠢᠷ | ᠨᠠᠭᠠᠳᠤᠮ ᠳᠤ ᠪᠤᠯ ᠤᠭᠤᠴᠠ ᠪᠠᠨ ᠭᠤᠤᠯ ᠭᠡᠶᠢᠴᠢ ᠳᠤ ᠬᠠᠨᠳᠤᠭᠤᠯᠤᠨ ᠲᠠᠯᠪᠢᠭᠠᠳ ᠭᠡᠷ ᠤᠨ ᠡᠵᠡᠨ ᠭᠡᠶᠢᠴᠢ | ᠤᠯᠠᠨ ᠳᠠᠭᠠᠨ ᠲᠠᠷᠠᠭ᠂ ᠠᠷᠢᠬᠢ ᠪᠠᠨ ᠴᠠᠴᠤᠵᠤ ᠡᠬᠢᠯᠡᠨ᠎ᠡ᠃ ᠭᠤᠤᠯ ᠭᠡᠶᠢᠴᠢ ᠬᠦᠮᠦᠨ ᠲᠠᠪᠠᠭ ᠲᠤ ᠭᠠᠷ ᠢᠶᠠᠨ | ᠬᠦᠷᠭᠡᠬᠦ᠂ ᠰᠦᠪᠡᠭᠡ ᠶᠢᠨ ᠬᠠᠪᠢᠰᠤᠨ ᠤ ᠬᠡᠰᠡᠭ ᠠᠴᠠ ᠵᠠᠭᠠᠯ ᠮᠢᠬ᠎ᠠ ᠠᠪᠴᠤ ᠲᠠᠪᠠᠭ ᠲᠤ ᠲᠠᠯᠪᠢᠬᠤ ︵ᠲᠠᠪᠠᠭ ᠤᠨ | ᠪᠠᠷᠠᠭᠤᠨ ᠲᠠᠯ᠎ᠠ ᠪᠠᠷ︶᠂ ᠰᠡᠭᠦᠯ ᠤᠨ ᠭᠤᠤᠯ ᠠᠴᠠ ᠵᠢᠭᠠᠬᠠᠨ ᠲᠤᠭᠤᠶᠢᠯᠠᠨ ᠠᠪᠴᠤ ᠤᠭᠤᠴᠠ ᠪᠤᠶᠤ ᠲᠤᠯᠤᠭᠠᠢ | ᠲᠡᠭᠡᠷ᠎ᠡ ᠲᠠᠯᠪᠢᠬᠤ ᠵᠡᠷᠭᠡ ᠠᠴᠠ ᠠᠯᠢ ᠨᠢᠭᠡ ᠶᠢ ᠰᠤᠩᠭᠤᠨ ᠤᠭᠤᠴᠠᠨ ᠳᠤ ᠭᠠᠷ ᠬᠦᠷᠬᠦ ᠶᠤᠰᠤ ᠭᠦᠢᠴᠡᠳᠬᠡᠨ᠎ᠡ᠃ | ᠲᠡᠭᠡᠬᠦ ᠳᠤ ᠤᠭᠤᠴᠠ ᠵᠥᠰᠥᠭᠴᠢ ᠶᠠᠭᠤᠨ ᠤ ᠡᠮᠦᠨ᠎ᠡ ᠰᠢᠭᠦᠰᠦᠨ ᠤ ᠪᠠᠷᠠᠭᠤᠨ ᠲᠠᠯ᠎ᠠ ︵ᠵᠦᠪ ᠲᠠᠯ᠎ᠠ︶ ᠠᠴᠠ | ᠡᠬᠢᠯᠡᠨ ᠵᠦᠰᠦᠬᠦ ᠪᠦᠭᠡᠳ ᠰᠦᠪᠡᠭᠡ ᠶᠢᠨ ᠭᠤᠷᠪᠠᠨ ᠬᠠᠪᠢᠰᠤ ᠲᠠᠢ ᠨᠢ ᠬᠠᠮᠳᠤ ᠳᠤᠨᠢ ᠨᠡᠪᠳᠡ ᠵᠦᠰᠦᠵᠦ | ᠰᠡᠭᠦᠯ ᠤᠨ ᠲᠡᠭᠡᠭᠡᠨ ᠬᠡᠰᠡᠭ ᠢᠶᠠᠷ ᠭᠤᠶ᠎ᠠ ᠲᠠᠭᠠᠭᠤᠯᠤᠨ ᠵᠦᠰᠦᠵᠦ ᠠᠪᠤᠭᠠᠳ ᠮᠦᠨ ᠪᠠᠷᠠᠭᠤᠨ ᠲᠠᠯ᠎ᠠ ᠳᠤ ᠲᠦᠷ | ᠲᠠᠯᠪᠢᠵᠤ ᠦᠭᠭᠦᠨ᠎ᠡ᠂ ᠵᠡᠭᠦᠨ ᠲᠠᠯ᠎ᠠ ᠶᠢ ᠮᠦᠨ ᠪᠠᠷᠠᠭᠤᠨ ᠲᠠᠯ᠎ᠠ ᠶᠢ ᠵᠦᠰᠦᠭᠰᠡᠨ ᠲᠠᠢ ᠠᠳᠠᠯᠢ ᠰᠦᠪᠡᠭᠡ ᠶᠢᠨ | ᠭᠤᠷᠪᠠᠨ ᠬᠠᠪᠢᠰᠤ ᠠᠴᠠ ᠡᠬᠢᠯᠡᠨ ᠵᠦᠰᠦᠭᠡᠳ᠂ ᠤᠭᠤᠴᠠᠨ ᠲᠡᠭᠡᠭᠦᠷ ᠵᠡᠭᠦᠨ ᠲᠠᠯ᠎ᠠ ᠠᠴᠠ ᠵᠦᠰᠦᠭᠰᠡᠨ ᠮᠢᠬ᠎ᠠ ᠶᠢ | ᠲᠤᠤᠭᠤᠷ ᠨᠢ᠂ ᠪᠠᠷᠠᠭᠤᠨ ᠲᠠᠯ᠎ᠠ ᠠᠴᠠ ᠵᠦᠰᠦᠭᠰᠡᠨ ᠮᠢᠬ᠎ᠠ ᠶᠢ ᠲᠡᠭᠡᠭᠦᠷ ᠨᠢ ᠵᠦᠷᠢᠭᠦᠯᠦᠨ ᠲᠠᠯᠪᠢᠵᠤ ᠦᠭᠭᠦᠨ᠎ᠡ᠃ | ᠰᠦᠪᠡᠭᠡ ᠶᠢᠨ ᠵᠢᠷᠭᠤᠭᠠᠨ ᠬᠠᠪᠢᠷᠭ᠎ᠠ ᠶᠢ ᠲᠠᠪᠠᠭᠯᠠᠬᠤ ᠠᠴᠠ ᠡᠮᠦᠨᠡᠬᠡᠨ ᠬᠡᠨ ᠳᠤ ᠴᠤ ᠮᠡᠳᠡᠭᠳᠡᠯ ᠦᠭᠡᠢ ᠪᠠᠷ | ᠨᠢᠷᠤᠭᠤᠨ ᠤ ᠶᠠᠰᠤᠨ ᠠᠴᠠ ᠡᠪᠳᠡᠶᠢᠬᠡᠨ ᠮᠤᠯᠳᠤᠯᠵᠤ ᠪᠡᠯᠡᠳᠦᠭᠰᠡᠨ ᠪᠠᠶᠢᠳᠠᠭ᠃ ᠲᠠᠷᠠᠭ᠎ᠠ ᠨᠢ ᠤᠭᠤᠴᠠᠨ ᠤ | ᠤᠭᠤᠷᠠᠭ ᠰᠡᠭᠦᠯ ᠢ ᠤᠭᠳᠤᠯᠤᠨ ᠠᠪᠴᠤ ᠲᠤᠯᠤᠭᠠᠢ ᠲᠠᠢ ᠬᠠᠮᠳᠤ ᠭᠡᠷ ᠤᠨ ᠡᠵᠡᠨ ᠳᠤ ︽ᠪᠤᠷᠬᠠᠨ ᠳᠠᠭᠠᠨ ᠲᠡᠭᠡᠵᠢ | ᠪᠠᠷᠢᠭᠳᠤᠨ︕︾ ᠭᠡᠪᠡᠯ ᠭᠡᠷ ᠤᠨ ᠡᠵᠡᠨ ᠲᠤᠰᠴᠤ ᠠᠪᠤᠭᠠᠳ ᠪᠤᠷᠬᠠᠨ ᠤ ᠪᠠᠨ ᠡᠮᠦᠨ᠎ᠡ ᠲᠠᠯᠪᠢᠳᠠᠭ᠃ ᠭᠤᠤᠯ | ᠭᠡᠶᠢᠴᠢ ᠰᠡᠭᠦᠯ ᠳᠤ ᠭᠠᠷ ᠬᠦᠷᠦᠭᠡ ᠦᠭᠡᠢ ᠦᠶ᠎ᠡ ᠳᠤ ᠤᠭᠤᠴᠠ ᠵᠦᠰᠦᠭᠴᠢ ᠰᠡᠭᠦᠯ ᠤᠨ ᠭᠤᠤᠯ ᠲᠤᠮᠳᠠ ᠠᠴᠠ | ᠵᠢᠭᠠᠬᠠᠨ ᠲᠤᠭᠤᠶᠢᠯᠠᠨ ᠠᠪᠴᠤ ᠤᠭᠤᠴᠠᠨ ᠤ ᠡᠬᠢᠨ ᠳᠤ ᠪᠤᠶᠤ ᠭᠤᠤᠯ ᠲᠤᠮᠳᠠ ᠲᠠᠯᠪᠢᠵᠤ ᠦᠭᠭᠦᠨ᠎ᠡ᠃ ᠠᠳᠡ | ᠬᠦᠷᠬᠦ ᠳᠤ ᠤᠭᠤᠴᠠ ᠵᠦᠰᠦᠬᠦ ᠶᠤᠰᠤ ᠲᠠᠭᠤᠰᠴᠤ ᠤᠭᠤᠴᠠ ᠬᠦᠨᠳᠡᠭᠴᠢ ᠠᠴᠠ ᠰᠢᠭᠦᠰᠦᠨ ᠲᠡᠭᠡᠷ᠎ᠡ ᠰᠦ ᠲᠠᠢ ᠴᠠᠢ | ᠪᠤᠶᠤ ᠬᠠᠷ᠎ᠠ ᠴᠠᠢ ᠲᠤᠰᠤᠭᠠᠭᠠᠳ᠄ ︽ᠵᠠ︕ ᠲᠠᠶᠠᠭᠠᠷ ᠰᠢᠭᠦᠰᠦᠨ ᠠᠴᠠ ᠵᠤᠭᠤᠭᠯᠠᠵᠤ ᠬᠠᠶᠢᠷᠠᠯᠠ︕︾ ᠭᠡᠮᠡᠨ | ᠶᠠᠩ ᠤᠨ ᠦᠭᠡ ᠬᠡᠯᠡᠭᠡᠳ ᠭᠠᠷᠴᠤ ᠶᠠᠪᠤᠨ᠎ᠠ᠃ ᠭᠡᠷ ᠲᠠᠬᠢ ᠶᠤᠰᠤ ᠮᠡᠳᠡᠬᠦ ᠬᠦᠮᠦᠨ ᠠᠴᠠ ᠵᠦᠰᠦᠭᠰᠡᠨ | ᠰᠦᠪᠡᠭᠡ ᠶᠢᠨ ᠮᠢᠬ᠎ᠠ ᠶᠢ ᠪᠠᠰᠠ ᠭᠤᠷᠪᠠ ᠭᠤᠷᠪᠠ ᠵᠦᠰᠦᠭᠡᠳ ᠵᠢᠵᠢᠭᠯᠡᠨ ᠤᠭᠳᠤᠯᠵᠤ ᠲᠠᠪᠠᠭ ᠲᠤ ᠲᠠᠯᠪᠢᠬᠤ ᠳᠤ | ᠭᠤᠤᠯ ᠭᠡᠶᠢᠴᠢ᠂ ᠨᠠᠰᠤᠳᠠᠢ ᠬᠦᠮᠦᠨ ᠠᠴᠠ ᠵᠤᠭᠤᠭᠯᠠᠵᠤ ᠡᠬᠢᠯᠡᠨ᠎ᠡ᠂ ᠲᠡᠭᠡᠬᠦ ᠲᠠᠢ ᠵᠡᠷᠭᠡ ᠪᠤᠰᠤᠳ ᠭᠡᠶᠢᠴᠢ ᠴᠤ | ᠡᠷᠡᠭᠡ ᠵᠢᠷᠤᠭ᠎ᠠ ᠦᠭᠡᠢ ᠰᠦᠪᠡᠭᠡ ᠶᠢᠨ ᠮᠢᠬ᠎ᠠ ᠪᠤᠶᠤ ᠪᠤᠰᠤᠳ ᠢᠪᠡᠯᠭᠡ ᠶᠢᠨ ᠮᠢᠬ᠎ᠠ ᠠᠴᠠ ᠠᠪᠴᠤ ᠢᠳᠡᠵᠡᠭᠡᠨ᠎ᠡ᠃ | ᠶᠡᠷᠦ ᠳᠡᠭᠡᠨ ᠤᠭᠤᠴᠠ ᠶᠢ ᠬᠤᠶᠢᠮᠤᠷ ᠲᠠᠬᠢ ᠭᠤᠤᠯ ᠭᠤᠤᠯ ᠭᠡᠶᠢᠴᠢ ᠳᠤ ᠲᠠᠯᠪᠢᠨ᠂ ᠪᠤᠰᠤᠳ ᠵᠤᠴᠢᠳ ᠲᠤ ᠳᠠᠯᠤ | ᠲᠦᠷᠪᠡᠨ ᠦᠨᠳᠦᠷ ᠪᠤᠶᠤ ᠡᠪᠴᠢᠭᠦᠦ ᠪᠠᠷ ᠠᠬᠠᠯᠠᠭᠤᠯᠤᠭᠰᠠᠨ ᠲᠠᠪᠠᠭ ᠮᠢᠬ᠎ᠠ ᠬᠡᠳᠦ ᠬᠡᠳᠦ ᠶᠢ ᠲᠠᠯᠪᠢᠵᠤ᠂ | ᠬᠦᠨᠳᠦᠳᠦ ᠤᠯᠠᠨ ᠢᠶᠠᠨ ᠵᠤᠴᠢᠯᠠᠳᠠᠭ᠃ ᠬᠠᠷᠢᠨ ᠰᠡᠭᠦᠯ ᠵᠦᠰᠦᠵᠦ ᠭᠡᠶᠢᠴᠢ ᠳᠡᠭᠡᠨ ᠰᠤᠷᠤᠭᠤᠯᠬᠤ ᠵᠠᠩᠰᠢᠯ ᠦᠭᠡᠢ | ᠪᠠᠶᠢᠭᠰᠠᠨ᠃ ᠬᠢᠳᠤᠭ᠎ᠠ ᠲᠤᠩᠭᠤᠷᠠᠭ ᠢᠶᠠᠷ ᠮᠢᠬ᠎ᠠ ᠢᠳᠡᠬᠦ ᠶᠢ ᠡᠷᠬᠢᠮᠯᠡᠬᠦ ᠪᠦᠭᠡᠳ ᠠᠪᠤᠭᠰᠠᠨ ᠮᠢᠬ᠎ᠠ ᠪᠠᠨ ᠭᠦᠢᠴᠡᠳ | ᠢᠳᠡᠵᠦ ᠶᠠᠰᠤ ᠶᠢ ᠨᠢ ᠰᠠᠶᠢᠬᠠᠨ ᠮᠦᠯᠵᠢᠵᠦ ᠲᠠᠯᠪᠢᠬᠤ ᠶᠤᠰᠤ ᠲᠠᠢ᠂ ᠠᠳᠡ ᠲᠡᠨᠳᠡ ᠠᠴᠠ ᠰᠡᠭᠯᠡᠵᠦ ᠲᠤᠳᠠᠭᠤ | ᠲᠤᠷᠭᠤᠨ ᠢᠳᠡᠬᠦ ᠶᠢ ᠴᠡᠭᠡᠷᠯᠡᠨ᠎ᠡ᠂ ᠲᠠᠪᠠᠭ ᠲᠠᠢ ᠮᠢᠬ᠎ᠠ ᠶᠢ ᠪᠠᠷᠠᠳᠠᠯ᠎ᠠ ᠢᠳᠡᠬᠦ ᠶᠢ ᠴᠡᠭᠡᠷᠯᠡᠨ᠎ᠡ᠂ ᠬᠡᠷᠪᠡ | ᠲᠠᠭᠤᠰᠳᠠᠯ᠎ᠠ ᠢᠳᠡᠪᠡᠯ ᠦᠯᠦᠩ ᠬᠤᠪᠳᠤᠭ ᠲᠤ ᠲᠤᠭᠠᠴᠠᠭᠳᠠᠵᠤ ᠬᠤᠴᠢᠯᠠᠭᠳᠠᠬᠤ ᠶᠤᠮ᠃ | ᠳᠠᠯᠤ ᠨᠢ ᠮᠢᠬᠠᠨ ᠲᠤᠳᠤᠷ᠎ᠠ ᠬᠠᠮᠤᠭ ᠤᠨ ᠬᠦᠨᠳᠦᠳᠡᠢ ᠮᠢᠬ᠎ᠠ ᠪᠤᠯᠬᠤᠷ ᠲᠦᠷᠦᠯ ᠤᠨ ᠲᠤᠳᠤᠷ᠎ᠠ ᠠᠴᠠ | ᠨᠠᠭᠠᠴᠤ᠂ ᠤᠯᠠᠨ ᠤ ᠲᠤᠳᠤᠷᠠᠬᠢ ᠬᠠᠮᠤᠭ ᠤᠨ ᠠᠬᠠᠮᠠᠳ ᠬᠦᠮᠦᠨ ᠳᠠᠯᠤ ᠳᠤ ᠭᠠᠷ ᠬᠦᠷᠳᠡᠭ ᠪᠢᠯᠡ᠂ ᠵᠢᠭᠡ ᠬᠦᠮᠦᠨ | ᠨᠠᠭᠠᠴᠤ ᠶᠢᠨ ᠢᠶᠠᠨ ᠬᠠᠵᠠᠭᠤ ᠳᠤ ᠳᠠᠯᠤ ᠪᠠᠷᠢᠵᠤ ᠪᠤᠯᠬᠤ ᠦᠭᠡᠢ᠃ ᠳᠠᠯᠤ ᠶᠢ ᠠᠪᠤᠭᠰᠠᠨ ᠬᠦᠮᠦᠨ ᠡᠷᠬᠡᠪᠰᠢ | ᠰᠠᠶᠢᠬᠠᠨ ᠵᠦᠰᠦᠵᠦ ᠬᠦᠮᠦᠨ ᠪᠤᠯᠭᠠᠨ ᠳᠤ ᠳᠠᠯᠤ ᠶᠢᠨ ᠬᠠᠭᠤᠳᠠᠰᠤ ᠮᠢᠬ᠎ᠠ ᠭᠡᠵᠦ ᠬᠤᠪᠢᠶᠠᠨ ᠦᠭᠳᠡᠭ᠂ ᠳᠠᠯᠤ ᠶᠢᠨ | ᠬᠠᠭᠤᠳᠠᠰᠤ ᠶᠢ ᠲᠤᠰᠴᠥ ᠠᠪᠤᠭᠰᠠᠨ ᠬᠦᠮᠦᠨ ᠨᠢ᠄ ︽ᠲᠠᠭ᠎ᠠ ᠨᠢ ᠲᠠᠯ᠎ᠠ ᠬᠦᠷᠴᠦ ᠲᠡᠩᠳᠡ ᠪᠠᠨ ᠵᠢᠷᠤᠭ᠎ᠠ | ᠪᠤᠯᠳᠤᠭᠠᠢ︕ ᠨᠠᠰᠤ ᠨᠢ ᠨᠠᠶᠠ ᠭᠠᠷᠤᠭᠠᠳ ᠨᠠᠰᠤ ᠪᠠᠷ ᠢᠶᠠᠨ ᠵᠢᠷᠭᠠᠬᠤ ᠪᠤᠯᠳᠤᠭᠠᠢ︕︾᠂ ︽ᠤᠷᠳᠤ ᠨᠠᠰᠤᠳᠠᠢ | ᠤᠳᠠᠭᠠᠨ ᠵᠢᠷᠭᠠᠵᠤ᠂ ᠮᠦᠩᠭᠡ ᠨᠠᠰᠤᠳᠠᠢ ᠮᠦᠩᠭᠦᠨ ᠲᠦᠷᠦᠭᠡ ᠲᠠᠢ ᠶᠠᠪᠤᠭᠠᠷᠠᠢ︕︾ ᠭᠡᠮᠡᠨ ᠠᠮᠠᠨ ᠢᠷᠦᠭᠡᠯ | ᠲᠠᠯᠪᠢᠳᠠᠭ᠃ ᠳᠠᠯᠤ ᠬᠤᠪᠢᠶᠠᠭᠰᠠᠨ ᠬᠦᠮᠦᠨ ᠳᠠᠯᠤ ᠶᠢ ᠰᠠᠶᠢᠬᠠᠨ ᠭᠡᠭᠴᠢ ᠴᠠᠶᠢᠯᠭᠠᠨ ᠮᠦᠯᠵᠢᠭᠰᠡᠨ ᠤ ᠲᠠᠷᠠᠭ᠎ᠠ ᠨᠢᠭᠡ | ᠬᠠᠳᠠᠭ ᠨᠢᠭᠡ ᠬᠤᠨᠳᠠᠭ᠎ᠠ ᠠᠷᠢᠬᠢ ᠲᠠᠢ ᠳᠠᠯᠤ ᠶᠢ ᠬᠠᠮᠳᠤ ᠳᠤᠨᠢ ᠪᠠᠷᠢᠵᠤ ︵ᠠᠷᠢᠬᠢ ᠶᠢ ᠳᠠᠯᠤ ᠲᠡᠭᠡᠷ᠎ᠡ ᠲᠠᠯᠪᠢᠭᠠᠳ︶ | ᠤᠯᠠᠨ ᠤ ᠲᠤᠳᠤᠷ᠎ᠠ ᠠᠴᠠ ᠨᠢᠭᠡ ᠢᠷᠦᠭᠡᠯᠴᠢ ᠬᠦᠮᠦᠨ ᠢ ︽ᠳᠠᠯᠤ ᠢᠷᠦᠭᠡᠵᠦ ᠬᠠᠶᠢᠷᠠᠯᠠ︕︾ ᠭᠡᠵᠦ ᠬᠦᠰᠡᠨ | ᠭᠤᠶᠤᠳᠠᠭ᠃ ᠢᠩᠬᠢᠬᠦ ᠳᠤ ᠲᠡᠷᠡ ᠬᠦᠮᠦᠨ ᠬᠠᠳᠠᠭ ᠲᠠᠢ ᠠᠷᠢᠬᠢ ᠪᠠ ᠳᠠᠯᠤ ᠶᠢ ᠲᠤᠰᠴᠤ ᠠᠪᠤᠭᠠᠳ ᠠᠷᠢᠬᠢ ᠶᠢ | ᠤᠤᠭᠤᠬᠤ ᠪᠤᠶᠤ ᠠᠮᠰᠠᠭᠠᠳ᠄ | ︽ᠤᠸ᠋ᠮ ᠰᠠᠶᠢᠨ ᠠᠮᠤᠭᠤᠯᠠᠩ ᠪᠤᠯᠳᠤᠭᠠᠢ︕ | ᠡᠰᠢᠳᠥ ᠲᠡᠭᠷᠢ ᠠᠴᠠ ᠡᠵᠡᠨ ᠲᠠᠢ | ᠡᠵᠡᠨ ᠪᠤᠭᠳᠠ ᠠᠴᠠ ᠵᠠᠷᠯᠢᠭ ᠲᠠᠢ | ᠬᠠᠪᠤᠳᠤ ᠬᠠᠰᠠᠷ ᠰᠥᠪᠡᠬᠡᠳᠡᠢ | ᠬᠤᠶᠠᠷ ᠮᠡᠷᠬᠡᠨ ᠲᠥᠰᠢᠮᠡᠯ ᠤᠨ ᠵᠤᠬᠢᠶᠠᠯ᠄ | ᠬᠠᠭᠤᠳᠠᠮ ᠤᠨ ᠮᠢᠬ᠎ᠠ ᠶᠢ ᠲᠠᠨᠢ | ᠬᠤᠷᠠᠭᠰᠨ ᠪᠥᠬᠦᠨ ᠠᠮᠰᠠᠵᠤ | ᠬᠤᠪᠠᠨ ᠴᠠᠭᠠᠨ ᠶᠠᠰᠤ ᠶᠢ ᠲᠠᠨᠢ | ᠬᠤᠶᠠᠷ ᠭᠠᠷ ᠲᠠᠭᠠᠨ ᠰᠢᠨᠵᠢᠨ ᠢᠷᠥᠬᠡᠪᠡᠰᠥ᠄ | ᠲᠠᠯᠤᠨ ᠳᠠᠭᠠᠨ ᠪᠠᠶᠢᠬᠤ ᠳᠤ | ᠬᠠᠭᠤᠳᠠᠮ ᠲᠥᠬᠦᠷᠡᠩ ᠮᠢᠬ᠎ᠠ ᠲᠠᠢ | ᠲᠠᠨ ᠳᠠᠭᠠᠨ ᠪᠠᠷᠢᠬᠤ ᠳᠤ | ᠬᠤᠷᠤᠭᠤ ᠵᠤᠵᠠᠭᠠᠨ ᠥᠬᠡᠬᠦ ᠲᠠᠢ | ᠬᠠ ᠳᠠᠭᠠᠨ ᠪᠠᠶᠢᠬᠤ ᠳᠤ | ᠬᠠᠪᠳᠠᠭᠠᠢ ᠵᠥᠬᠡᠯᠡᠨ ᠮᠢᠬ᠎ᠠ ᠲᠠᠢ | ᠲᠠᠨ ᠳᠠᠭᠠᠨ ᠪᠠᠷᠢᠬᠤ ᠳᠤ | ᠠᠯᠠᠭ᠎ᠠ ᠲᠥᠬᠦᠷᠡᠩ ᠥᠬᠡᠬᠦ ᠲᠠᠢ | ᠲᠤᠭᠤᠭ᠎ᠠ ᠲᠠᠯ᠎ᠠ ᠠᠴᠠ ᠨᠢ ᠰᠢᠨᠵᠢᠬᠦ ᠳᠤ | ᠲᠤᠷᠭ᠎ᠠ ᠲᠤᠷᠳᠤᠮ ᠢᠶᠠᠷ ᠪᠠᠶᠠᠨ ᠰᠢᠨᠵᠢ ᠲᠠᠢ | ᠲᠤᠭᠤᠷᠢᠭᠤᠯᠵᠤ ᠡᠷᠬᠢᠬᠦᠯᠵᠤ ᠰᠢᠨᠵᠢᠬᠦ ᠳᠤ | ᠲᠥᠷᠥᠯ ᠰᠠᠳᠤᠨ ᠢᠶᠠᠷ ᠢᠶᠠᠨ ᠵᠢᠷᠭᠠᠵᠤ ᠶᠠᠪᠤᠬᠤ ᠰᠢᠨᠵᠢ ᠲᠠᠢ᠃ | ᠬᠠᠮᠠᠷ ᠤᠨ ᠶᠠᠰᠤ ᠶᠢ ᠨᠢ ᠰᠢᠨᠵᠢᠪᠠᠯ | ᠬᠠᠨ ᠠᠭᠤᠯᠠ ᠰᠢᠭ᠋ ᠰᠥᠷᠯᠢᠭ | ᠬᠠᠵᠠᠭᠤ ᠲᠠᠯ᠎ᠠ ᠠᠴᠠ ᠨᠢ ᠰᠢᠨᠵᠢᠪᠠᠯ | ᠬᠠᠳᠤᠨ ᠭᠤᠤᠯ ᠤᠷᠤᠰᠴᠥ ᠪᠠᠶᠢᠬᠤ ᠰᠢᠭ᠋ | ᠬᠤᠷᠮᠤᠢ ᠲᠠᠯ᠎ᠠ ᠠᠴᠠ ᠨᠢ ᠰᠢᠨᠵᠢᠬᠦ ᠳᠤ | ᠬᠤᠳᠠ ᠲᠠᠢ ᠮᠠᠯ ᠨᠢ ᠲᠥᠮᠡ ᠬᠥᠷᠥᠮᠤᠢ᠃ | ᠬᠠᠪᠳᠠᠭᠠᠢ ᠲᠠᠯ᠎ᠠ ᠠᠴᠠ ᠨᠢ ᠰᠢᠨᠵᠢᠬᠦ ᠳᠤ | ᠬᠠᠭᠠᠨᠳᠤ ᠲᠥᠷᠥ ᠮᠠᠨᠳᠤᠨ ᠬᠥᠭᠵᠢᠮᠤᠢ᠃ | ᠡᠯ᠎ᠡ ᠲᠠᠯ᠎ᠠ ᠠᠴᠠ ᠨᠢ ᠥᠵᠡᠬᠦ ᠳᠤ | ᠡᠳ᠋ ᠬᠥᠷᠥᠩᠬᠡ ᠪᠠᠷ ᠪᠠᠶᠠᠵᠢᠮᠤᠢ᠃ | ᠢᠷᠮᠡᠭ ᠲᠠᠯ᠎ᠠ ᠠᠴᠠ ᠨᠢ ᠥᠵᠡᠬᠦ ᠳᠤ | ᠡᠵᠡᠨ ᠬᠥᠮᠤᠨ ᠨᠢ ᠵᠠᠭᠤᠨ ᠨᠠᠰᠤᠯᠠᠮᠤᠢ᠃ | ᠲᠠᠯᠤ ᠶᠢ ᠲᠠᠭᠠᠳᠬᠠᠭᠰᠠᠨ ᠬᠥᠮᠤᠨ | ᠲᠠᠯ᠎ᠠ ᠠᠴᠠ ᠵᠠᠭᠤᠨ ᠨᠠᠰᠤᠯᠠᠵᠤ | ᠲᠠᠭᠠᠳᠬᠠᠭᠰᠠᠨ ᠬᠥᠰᠡᠯ ᠪᠥᠬᠦᠨ | ᠲᠠᠪᠳᠠᠯ ᠦᠭᠡᠢ ᠪᠡᠶᠡᠯᠡᠭᠳᠡᠮᠤᠢ᠃︾ ᠬᠡᠮᠡᠨ ᠢᠷᠥᠬᠡᠵᠤ ᠪᠠᠷᠠᠭᠠᠳ ᠬᠠᠳᠠᠭ ᠢ ᠠᠪᠴᠤ ᠡᠪᠦᠷᠳᠦᠯᠡᠬᠦ ᠪᠤᠶᠤ | ᠬᠠᠳᠠᠭ ᠢᠶᠠᠷ ᠳᠠᠯᠤ ᠶᠢ ᠪᠤᠭᠤᠭᠠᠳ ᠤᠨᠢᠨ ᠳᠤ ᠬᠠᠪᠴᠢᠭᠤᠯᠵᠤ ᠲᠠᠯᠪᠢᠳᠠᠭ ᠪᠠᠶᠢᠵᠠᠢ᠃ | ᠭᠡᠶᠢᠴᠢᠳ ᠰᠢᠭᠦᠰᠦ ᠶᠢ ᠵᠤᠭᠤᠭᠯᠠᠵᠤ ᠪᠠᠷᠠᠭᠰᠠᠨ ᠤ ᠲᠠᠷᠠᠭ᠎ᠠ᠂ ᠲᠠᠷᠤᠢ ᠱᠦᠯᠦ ᠲᠠᠢ ᠬᠤᠭᠤᠯᠠ | ᠤᠷᠤᠭᠤᠯᠬᠤ ᠠᠴᠠ ᠡᠮᠦᠨᠡᠬᠡᠨ ᠭᠡᠶᠢᠴᠢ ᠶᠢᠨ ᠠᠬ᠎ᠠ ᠪᠤᠯᠬᠤ ᠬᠦᠮᠦᠨ ᠠᠴᠠ ᠨᠢᠭᠡ ᠨᠢ ᠪᠤᠰᠴᠤ ᠰᠢᠭᠦᠰᠦ ᠶᠢ ᠵᠠᠰᠠᠵᠤ | ᠡᠪᠯᠡᠭᠦᠯᠦᠨ ᠲᠠᠯᠪᠢᠭᠠᠳ ᠲᠠᠪᠠᠭ ᠲᠠᠢ ᠰᠢᠭᠦᠰᠦ ᠶᠢ ᠠᠪᠴᠤ ᠵᠦᠪ ᠭᠤᠷᠪᠠ ᠡᠷᠭᠢᠭᠦᠯᠦᠭᠡᠳ ᠭᠡᠷ ᠤᠨ ᠡᠵᠡᠨ ᠳᠤ | ᠭᠠᠷᠳᠠᠭᠤᠯᠤᠨ᠎ᠠ᠃ ᠨᠤᠶᠠᠨ ᠭᠡᠭᠡᠨ ᠰᠠᠭᠠᠳᠠᠭᠰᠠᠨ ᠦᠶ᠎ᠡ ᠳᠤ ᠰᠢᠭᠦᠰᠦ ᠲᠤᠰᠤᠭᠴᠢ ᠲᠠᠪᠠᠭ ᠲᠠᠢ ᠤᠭᠤᠴᠠ | ᠠᠪᠤᠭᠠᠳ ᠭᠡᠷ ᠠᠴᠠ ᠤᠬᠤᠷᠢᠨ ᠭᠠᠷᠴᠤ ᠶᠠᠪᠤᠬᠤ ᠶᠤᠰᠤ ᠲᠠᠢ ᠪᠠᠶᠢᠭᠰᠠᠨ᠃ ᠵᠠᠷᠢᠮ ᠭᠡᠷ ᠤᠨ ᠡᠵᠡᠨ ᠪᠤᠶᠤ ᠭᠡᠷ ᠤᠨ | ᠪᠤᠰᠤᠳ ᠬᠦᠮᠦᠨ ᠤᠭᠤᠴᠠ ᠶᠢ ᠲᠤᠰᠤᠨ ᠠᠪᠴᠤ ᠭᠠᠯ ᠤᠨ ᠲᠡᠭᠡᠭᠦᠷ ᠪᠠᠰᠠ ᠵᠦᠪ ᠭᠤᠷᠪᠠ ᠡᠷᠭᠢᠭᠦᠯᠦᠭᠡᠳ ᠲᠠᠭ | ᠲᠡᠭᠡᠷ᠎ᠡ ᠪᠠᠨ ᠲᠠᠯᠪᠢᠵᠤ ᠴᠤ ᠪᠠᠶᠢᠳᠠᠭ᠂ ᠡᠭᠦᠨ ᠢ ᠰᠢᠭᠦᠰᠦ ᠲᠡᠪᠰᠢᠭᠦᠯᠬᠦ ᠶᠤᠰᠤ ᠭᠡᠳᠡᠭ᠃ | ᠵᠤᠮ᠎ᠠ᠂ ᠪᠦᠬᠦᠯᠢ ᠵᠠᠳᠠᠭᠠᠢ ᠰᠢᠭᠦᠰᠦᠨ ᠠᠴᠠ ᠭᠠᠳᠠᠨ᠎ᠠ ᠳᠠᠯᠤ ᠲᠦᠷᠪᠡᠨ ᠦᠨᠳᠦᠷ ᠪᠠ ᠡᠪᠴᠢᠭᠦᠦ ᠪᠠᠷ | ᠠᠬᠠᠯᠠᠭᠤᠯᠤᠭᠰᠠᠨ ᠰᠢᠭᠦᠰᠦ ᠮᠢᠬ᠎ᠠ ᠶᠢ ᠴᠤ ᠬᠤᠷᠢᠮ ᠨᠠᠶᠢᠷ᠂ ᠵᠢᠯ ᠴᠠᠭ᠎ᠠ᠂ ᠵᠢᠰᠢᠶ᠎ᠡ ᠲᠠᠯᠠᠯᠭ᠎ᠠ᠂ ᠲᠦᠷᠦᠯ | ᠰᠠᠳᠤᠨ ᠤ ᠵᠤᠯᠭᠠᠯᠳᠠ ᠵᠡᠷᠭᠡ ᠳᠤ ᠨᠡᠶᠢᠳᠡᠮ ᠬᠡᠷᠡᠭᠯᠡᠵᠦ ᠪᠠᠶᠢᠭᠰᠠᠨ ᠮᠦᠷᠳᠡᠭᠡᠨ ᠨᠡᠯᠢᠶᠡᠳ ᠬᠦᠨᠳᠦᠳᠡᠢ | ᠬᠤᠭᠤᠯᠠᠨ ᠳᠤ ᠲᠤᠭᠠᠴᠠᠭᠳᠠᠳᠠᠭ᠃ ︽ᠲᠠᠯᠤ︾ ᠶᠢ ᠦᠪᠡᠷ ᠤᠨ ᠡᠪᠦᠭᠡ ᠡᠯᠦᠨᠴᠡ᠂ ᠨᠠᠰᠤᠳᠠᠢ ᠡᠪᠦᠭᠡᠳ ᠵᠡᠷᠭᠡ | ᠬᠦᠮᠦᠰ ᠢ ᠬᠦᠨᠳᠦᠳᠬᠡᠨ ᠲᠠᠪᠠᠭ ᠮᠢᠬ᠎ᠠ ᠶᠢ ᠨᠢ ᠠᠬᠠᠯᠠᠭᠤᠯᠤᠨ ᠲᠠᠯᠪᠢᠳᠠᠭ᠂ ︽ᠡᠪᠴᠢᠭᠦᠦ︾ ᠶᠢ ᠭᠤᠤᠯᠳᠠᠭᠤ | ᠠᠬᠠᠮᠠᠳ ᠨᠠᠰᠤᠨ ᠤ ᠡᠮᠡᠭᠳᠡᠢ᠂ ᠦᠪᠡᠷ ᠤᠨ ᠰᠠᠳᠤᠨ ᠲᠦᠷᠦᠯ ᠤᠨ ᠬᠡᠦᠬᠡᠨ ᠪᠠᠷᠢᠶᠠᠳ ᠲᠤ ᠮᠦᠨ ᠲᠠᠪᠠᠭ ᠮᠢᠬ᠎ᠠ | ᠠᠬᠠᠯᠠᠭᠤᠯᠤᠨ ᠲᠠᠯᠪᠢᠳᠠᠭ᠃ ᠲᠡᠷᠡ ᠨᠢ ᠤᠭᠤᠴᠠ ᠲᠠᠢ ᠮᠦᠷᠦ ᠵᠡᠷᠭᠡᠴᠡᠬᠦ ᠬᠦᠨᠳᠦ ᠶᠢᠨ ᠬᠤᠭᠤᠯᠠ ᠪᠤᠯᠬᠤ ᠶᠤᠮ᠃ | ᠵᠢᠱᠢᠶᠡᠯᠡᠵᠦ ᠬᠡᠯᠡᠬᠦ ᠳᠤ ᠨᠢᠭᠡ ᠤᠳᠠᠭᠠᠨ ᠤ ᠨᠠᠶᠢᠷ ᠲᠤ ᠸᠠᠩ ᠨᠤᠶᠠᠨ ᠬᠠᠳᠤᠨ ᠲᠠᠢ ᠪᠠᠨ ᠵᠠᠯᠠᠷᠠᠵᠤ | ᠰᠠᠭᠠᠳᠠᠭᠰᠠᠨ ᠪᠤᠯ ᠨᠤᠶᠠᠨ ᠳᠤ ᠤᠭᠤᠴᠠ ᠵᠤᠭᠤᠵᠤ᠂ ᠬᠠᠳᠤᠨ ᠳᠤ ᠲᠤᠰᠬᠠᠢ ᠲᠠᠪᠠᠭ ᠲᠤ ᠡᠪᠴᠢᠭᠦᠦ ᠠᠬ᠎ᠠ ᠲᠠᠢ | ᠰᠢᠭᠦᠰᠦ ᠭᠠᠷᠭᠠᠨ ᠬᠦᠨᠳᠦᠯᠡᠨ ᠲᠠᠶᠢᠯᠠᠳᠠᠭ ᠪᠠᠶᠢᠭᠰᠠᠨ ᠪᠦᠭᠡᠳ ᠨᠤᠶᠠᠨ ᠬᠠᠳᠤᠨ ᠰᠠᠭᠠᠳᠠᠭᠰᠠᠨ ᠦᠭᠡᠢ ᠡᠩ ᠤᠨ | ᠠᠶᠢᠯ ᠤᠨ ᠬᠤᠷᠢᠮ ᠲᠠᠯᠠᠯᠭ᠎ᠠ ᠳᠤ ᠴᠤ ᠡᠮᠡᠭᠳᠡᠶᠢᠴᠦᠳ ᠢ ᠭᠡᠷ ᠤᠨ ᠵᠡᠭᠦᠨ ᠲᠠᠯ᠎ᠠ ᠪᠠᠷ ᠭᠤᠤᠯᠴᠠᠭᠤ ᠰᠠᠭᠤᠯᠭᠠᠨ᠂ | ᠡᠮᠦᠨ᠎ᠡ ᠨᠢ ᠡᠪᠴᠢᠭᠦᠦ ᠪᠠᠷ ᠠᠬᠠᠯᠠᠭᠤᠯᠤᠭᠰᠠᠨ ᠲᠠᠪᠠᠭ ᠮᠢᠬ᠎ᠠ ᠲᠠᠯᠪᠢᠨ ᠬᠦᠨᠳᠦᠳᠡᠢ ᠪᠠᠷ ᠵᠤᠴᠢᠯᠠᠨ ᠲᠠᠶᠢᠯᠳᠠᠭ | ᠪᠠᠶᠢᠭᠰᠠᠨ ᠶᠤᠮ᠃ ᠡᠪᠴᠢᠭᠦᠦ ᠶᠢ ᠪᠤᠰᠤᠳ ᠮᠢᠬ᠎ᠠ ᠲᠠᠢ ᠬᠠᠮᠳᠤ ᠪᠦᠳᠦᠨ ᠢᠶᠠᠷ ᠨᠢ ᠴᠢᠨᠠᠵᠤ ᠡᠪᠴᠢᠭᠦᠨ ᠤ | ᠬᠤᠩᠬᠤᠷ ᠲᠠᠯ᠎ᠠ ᠶᠢ ᠲᠡᠭᠡᠭᠰᠢ ᠬᠠᠷᠠᠭᠤᠯᠤᠨ ᠲᠠᠪᠠᠭᠯᠠᠭᠠᠳ ᠭᠡᠷ ᠲᠤ ᠤᠷᠤᠭᠤᠯᠤᠨ ᠭᠤᠤᠯ ᠭᠡᠶᠢᠴᠢ ᠳᠡᠭᠡᠨ | ᠬᠠᠨᠳᠤᠭᠤᠯᠤᠨ ᠲᠠᠯᠪᠢᠬᠤ ᠳᠤ ᠲᠡᠷᠡᠬᠦ ᠭᠤᠤᠯ ᠬᠦᠮᠦᠨ ᠨᠢᠭᠡ ᠪᠤᠯ ᠦᠪᠡᠷ ᠢᠶᠠᠨ ᠡᠪᠴᠢᠭᠦᠦ ᠵᠦᠰᠦᠬᠦ ᠶᠤᠰᠤ | ᠭᠦᠢᠴᠡᠳᠬᠡᠨ᠂ ᠨᠢᠭᠡ ᠪᠤᠯ ᠦᠪᠡᠷ ᠢᠶᠠᠨ ᠲᠠᠪᠠᠭ ᠲᠤ ᠭᠠᠷ ᠢᠶᠠᠨ ᠬᠦᠷᠭᠡᠭᠡᠳ ᠤᠨᠳᠤᠤ ᠡᠮᠡᠭᠳᠡᠢ ᠳᠤ ᠨᠠᠶᠢᠳᠠᠨ ᠲᠤᠰ | ᠦᠢᠯᠡ ᠶᠢ ᠭᠦᠢᠴᠡᠳᠬᠡᠯᠭᠡᠳᠡᠭ᠃ ᠡᠪᠴᠢᠭᠦᠦ ᠵᠦᠰᠦᠬᠦ ᠬᠦᠮᠦᠨ ᠡᠪᠴᠢᠭᠦᠨ ᠤ ᠬᠦᠳᠦᠭᠦᠷ ᠲᠠᠯ᠎ᠠ ᠶᠢ ᠲᠡᠭᠡᠭᠰᠢ | ᠬᠠᠷᠠᠭᠤᠯᠤᠨ ᠪᠠᠷᠢᠵᠤ ᠤᠷᠢᠤᠨ ᠢᠶᠠᠷ ᠡᠪᠴᠢᠭᠦᠨ ᠤ ᠬᠠᠨᠴᠢᠷ ᠮᠢᠬ᠎ᠠ ᠶᠢ ᠤᠭᠳᠤᠯᠤᠨ ᠠᠪᠴᠤ ᠲᠠᠪᠠᠭ ᠲᠤ | ᠲᠠᠯᠪᠢᠭᠠᠳ᠂ ᠲᠠᠷᠠᠭ᠎ᠠ ᠨᠢ ᠡᠪᠴᠢᠭᠦᠨ ᠤ ᠬᠡᠷᠰᠡᠩ ᠤᠨ ᠬᠡᠰᠡᠭ ᠢ ᠭᠤᠷᠪᠠ ᠬᠤᠪᠢᠶᠠᠨ ᠵᠥᠰᠥᠬᠡᠳ ᠡᠪᠴᠢᠭᠦᠨ ᠤ | ᠬᠤᠩᠬᠤᠷ ᠲᠠᠯ᠎ᠠ ᠳᠤ ᠤᠷᠳᠤ ᠪᠠᠷ ᠨᠢ ᠲᠠᠯᠪᠢᠵᠤ ᠲᠡᠭᠡᠷ᠎ᠡ ᠠᠴᠠ ᠨᠢ ᠬᠠᠨᠴᠢᠷ ᠤᠨ ᠮᠢᠬ᠎ᠠ ᠶᠢ ᠵᠦᠷᠢᠭᠦᠯᠦᠨ | ᠲᠠᠯᠪᠢᠭᠠᠳ ᠡᠪᠴᠢᠭᠦᠦ ᠵᠦᠰᠦᠬᠦ ᠠᠵᠢᠯ ᠢ ᠲᠠᠭᠤᠰᠬᠠᠨ᠎ᠠ᠃ ᠡᠨᠡ ᠦᠶ᠎ᠡ ᠳᠤ ᠭᠤᠤᠯ ᠭᠡᠶᠢᠴᠢ ᠡᠪᠴᠢᠭᠦᠨ ᠤ | ᠮᠢᠬ᠎ᠠ ᠠᠴᠠ ᠠᠪᠴᠤ ᠠᠮᠰᠠᠬᠤ ᠪᠤᠶᠤ ᠢᠳᠡᠬᠦ ᠶᠢᠨ ᠲᠠᠭᠠᠤ ᠪᠤᠰᠤᠳ ᠡᠵᠡᠭᠳᠡᠢ ᠳᠤ ᠴᠤ ᠬᠤᠪᠢᠶᠠᠨ ᠦᠭᠴᠦ | ᠬᠠᠮᠳᠤ ᠪᠠᠷ ᠬᠤᠭᠤᠯᠠᠯᠠᠨ᠎ᠠ᠃ ᠤᠭ ᠲᠠᠭᠠᠨ ᠮᠠᠯ ᠠᠯᠠᠵᠤ ᠲᠦᠭᠦᠭᠡᠷᠡᠬᠦ ᠳᠡᠭᠡᠨ ᠡᠪᠴᠢᠭᠦᠨ ᠤ ᠭᠡᠷᠰᠡᠩ ᠤᠨ | ᠭᠡᠰᠡᠭ ᠢ ᠠᠷᠠᠰᠤ ᠲᠠᠢ ᠨᠢ ᠦᠯᠡᠳᠡᠭᠡᠨ ᠠᠪᠴᠤ ᠠᠷᠤ ᠳᠤᠨᠢ ᠨᠤᠤᠰᠤ ᠶᠢ ᠨᠢ ᠬᠠᠶᠢᠴᠢᠯᠠᠨ ᠬᠤᠶᠢᠬᠠᠯᠠᠨ ᠴᠢᠨᠠᠳᠠᠭ | ᠲᠠᠳᠬᠠᠯ ᠲᠠᠢ ᠪᠠᠶᠢᠭᠠᠳ ᠬᠤᠷᠢᠳᠤᠭᠠᠷ ᠵᠠᠭᠤᠨ ᠤ ᠨᠠᠶᠠᠭᠠᠳ ᠤᠨ ᠠᠴᠠ ᠬᠤᠶᠢᠰᠢ ᠤᠯᠠᠩᠬᠢ ᠨᠢ ᠠᠷᠠᠰᠤ ᠶᠢ ᠨᠢ | ᠬᠠᠭᠤᠯᠵᠤ ᠢᠳᠡᠬᠦ ᠪᠤᠯᠤᠭᠰᠠᠨ᠃ | ᠡᠵᠡᠨ᠎ᠡ ᠲᠤᠷᠭᠤᠳ ᠠᠩᠬᠠᠨ ᠳᠠᠭᠠᠨ ᠲᠡᠪᠭᠡᠨ ᠤᠭᠤᠴᠠ ᠭᠡᠭᠴᠢ ᠶᠢ ᠮᠡᠳᠡᠳᠡᠭ ᠦᠭᠡᠢ ᠪᠠᠶᠢᠭᠰᠠᠨ᠂ | ᠬᠤᠷᠢᠳᠤᠭᠠᠷ ᠵᠠᠭᠤᠨ ᠤ ᠬᠤᠷᠢ ᠭᠤᠴᠢᠭᠠᠳ ᠤᠨ ᠳᠤ ᠮᠤᠩᠭᠤᠯ ᠤᠯᠤᠰ ᠤᠨ ᠭᠤᠪᠢ ᠨᠤᠳᠤᠭ ᠠᠴᠠ ᠨᠡᠭᠦᠳᠡᠯᠯᠡᠨ | ᠢᠷᠡᠭᠰᠡᠨ ᠬᠠᠯᠬ᠎ᠠ ᠨᠠᠷ ᠲᠡᠪᠬᠡᠨ ᠤᠭᠤᠴᠠ ᠲᠠᠯᠪᠢᠳᠠᠭ ᠪᠠᠶᠢᠭᠰᠠᠨ ᠭᠡᠮᠡᠨ ᠨᠤᠳᠤᠭ ᠤᠨ ᠪᠤᠭᠤᠷᠤᠯ ᠤᠳ ᠮᠢᠨᠢ | ᠬᠦᠦᠨᠢᠳᠡᠵᠦ ᠪᠠᠶᠢᠭ᠎ᠠ᠃ ᠲᠡᠪᠬᠡᠨ ᠤᠭᠤᠴᠠ ᠭᠡᠵᠦ ᠤᠭᠤᠴᠠᠨ ᠤ ᠰᠦᠪᠡᠭᠡ ᠶᠢᠨ ᠭᠤᠷᠪᠠᠨ ᠬᠠᠪᠢᠰᠤ ᠶᠢᠨ ᠬᠡᠰᠡᠭ ᠢ | ᠡᠪᠳᠡᠨ ᠰᠠᠯᠭᠠᠵᠤ ᠠᠪᠤᠭᠠᠳ ᠦᠯᠡᠳᠡᠭᠰᠡᠨ ᠬᠡᠰᠡᠭ ᠢ ᠰᠡᠭᠦᠯ ᠲᠠᠢ ᠨᠢ ᠲᠠᠯᠪᠢᠬᠤ ᠶᠢ ᠬᠡᠯᠡᠳᠡᠭ ᠪᠠᠶᠢᠵᠠᠢ᠃ | ᠡᠭᠦᠨ ᠢᠶᠠᠨ ᠪᠠᠰᠠ ᠬᠠᠭᠠᠰ ᠤᠭᠤᠴᠠ᠂ ᠲᠠᠯ᠎ᠠ ᠤᠭᠤᠴᠠ᠂ ᠰᠦᠭᠡᠮ ᠤᠭᠤᠴᠠ ᠭᠡᠳᠡᠭ ᠪᠠᠶᠢᠵᠠᠢ᠃ ᠡᠶᠢᠮᠦᠷᠬᠦ | ᠤᠭᠤᠴᠠ ᠶᠢ 1958 ᠤᠨ ᠪᠤᠯᠳᠠᠯ᠎ᠠ ᠨᠠᠶᠢᠷ ᠨᠠᠭᠠᠳᠤᠮ ᠳᠤ ᠲᠡᠮᠡᠢ ᠬᠡᠷᠡᠭᠯᠡᠵᠦ ᠦᠭᠡᠢ ᠪᠠᠶᠢᠭᠠᠳ ᠲᠡᠭᠡᠳᠦ | ᠵᠠᠭᠤᠨ ᠤ ᠨᠠᠶᠠᠭᠠᠳ ᠤᠨ ᠠᠴᠠ ᠬᠠᠶᠠ ᠵᠠᠷᠢᠮ ᠠᠶᠢᠯ ᠨᠠᠮᠤᠷ ᠤᠨ ᠲᠠᠯᠠᠯᠭ᠎ᠠ ︵ᠵᠢᠰᠢᠶ᠎ᠡ︶᠂ ᠬᠡᠦᠬᠡᠳ ᠤᠨ ᠲᠠᠭᠠᠬᠢ | ᠵᠡᠷᠭᠡ ᠳᠤ ᠲᠠᠯᠪᠢᠳᠠᠭ ᠪᠤᠯᠤᠭᠰᠠᠨ ᠭᠡᠰᠡᠨ ᠮᠡᠳᠡᠭᠡ ᠪᠤᠢ᠃ | ᠰᠢᠷᠠᠭᠰᠠᠨ ᠪᠦᠬᠦᠯᠢ ᠬᠤᠨᠢ᠄ ᠪᠦᠬᠦᠯᠢ ᠰᠢᠷᠠᠭᠰᠠᠨ ᠬᠤᠨᠢ ᠶᠢ ᠴᠢᠯᠦᠭᠡᠯᠡᠬᠦ ᠠᠴᠠ ᠡᠮᠦᠨ᠎ᠡ ᠡᠵᠡᠨ᠎ᠡ ᠳᠤ ᠶᠡᠷᠦ | ᠲᠠᠯᠪᠢᠵᠤ ᠦᠭᠡᠢ ᠪᠠᠶᠢᠭᠰᠠᠨ ᠭᠡᠳᠡᠭ ᠪᠦᠭᠡᠳ ᠯᠾᠠᠸᠠᠩᠵᠠᠪ ᠨᠤᠶᠠᠨ ᠲᠡᠭᠡᠳᠦ ᠵᠠᠭᠤᠨ ᠤ ᠲᠠᠪᠢᠭᠠᠳ ᠤᠨ ᠳᠤ | ᠵᠠᠷᠯᠢᠭ ᠪᠠᠭᠤᠯᠭᠠᠨ ᠲᠡᠭᠦᠨ ᠤ ᠲᠤᠭᠤᠭᠠᠴᠢ ᠪᠤᠯᠵᠤ ᠪᠠᠶᠢᠭᠰᠠᠨ ᠵᠤᠳᠪᠠ ᠭᠡᠳᠡᠭ ᠬᠦᠮᠦᠨ ᠢ ᠠᠯᠠᠱᠠ ᠬᠤᠱᠤᠳ ᠲᠤ | ᠲᠤᠮᠢᠯᠠᠨ ᠲᠠᠯᠠᠵᠠᠶᠠᠭᠠ ᠨᠤᠶᠠᠨ ᠤ ᠭᠠᠯᠴᠢ ᠳᠤ ᠱᠠᠪᠢ ᠤᠷᠤᠭᠤᠯᠤᠨ ᠰᠢᠷᠠᠭᠰᠠᠨ ᠬᠤᠨᠢ ᠲᠠᠯᠪᠢᠬᠤ ᠮᠡᠷᠭᠡᠵᠢᠯ | ᠰᠤᠷᠭᠠᠭᠰᠠᠨ ᠭᠡᠳᠡᠭ᠃ ᠵᠢᠷᠠ ᠲᠠᠯᠠᠭᠠᠳᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ᠤᠳᠤᠷᠢᠳᠤᠯᠭ᠎ᠠ ᠠᠵᠢᠯ ᠪᠠᠶᠢᠴᠠᠭᠠᠨ ᠡᠵᠡᠨ᠎ᠡ ᠬᠤᠰᠢᠭᠤᠨ ᠳᠤ ᠢᠷᠡᠭᠰᠡᠨ ᠳᠤ ᠡᠪᠦᠭᠡᠨ ᠵᠤᠳᠪᠠ ᠶᠢ ᠵᠠᠯᠠᠵᠤ ᠪᠦᠬᠦᠯᠢ | ᠬᠤᠨᠢ ᠰᠢᠷᠠᠭᠤᠯᠵᠤ ᠲᠠᠯᠪᠢᠭᠰᠠᠨ ᠭᠡᠵᠦ ᠪᠠᠶᠢᠭ᠎ᠠ᠃ ᠰᠢᠷᠠᠭᠰᠠᠨ ᠬᠤᠨᠢ ᠳᠤ ᠭᠤᠤᠯ ᠭᠡᠶᠢᠴᠢ ᠭᠠᠷ ᠬᠦᠷᠴᠦ ᠶᠤᠰᠤ | ᠬᠢᠬᠦ ᠳᠡᠭᠡᠨ ᠤᠷᠢᠳ ᠢᠶᠠᠷ ᠮᠠᠩᠨᠠᠢ ᠲᠡᠭᠡᠷ᠎ᠡ ᠨᠢ ᠬᠢᠳᠤᠭ᠎ᠠ ᠪᠠᠷ ᠰᠠᠷᠠᠭᠠᠯᠵᠢᠨ ᠲᠡᠮᠳᠡᠭ ᠭᠠᠷᠭᠠᠨ᠂ ᠲᠠᠷᠠᠭ᠎ᠠ ᠨᠢ | ᠤᠭᠤᠴᠠᠨ ᠤ ᠬᠤᠶᠠᠷ ᠲᠠᠯ᠎ᠠ ᠪᠠᠷ ᠲᠤᠰ ᠪᠦᠷᠢ ᠨᠢᠭᠡ ᠲᠦᠭᠡ ᠭᠠᠷᠤᠢ ᠵᠢᠷᠤᠵᠤ ᠦᠭᠬᠦ ᠶᠤᠰᠤ ᠲᠠᠢ᠃ | ᠡᠳᠦᠭᠡ ᠪᠤᠯᠬᠤ ᠳᠤ ᠵᠤᠮ᠎ᠠ ᠬᠤᠨᠢ ᠶᠢ ᠰᠦᠮ᠎ᠡ ᠬᠡᠶᠢᠳ ᠲᠤ ᠴᠤ ᠭᠡᠰᠡᠨ ᠲᠠᠯᠪᠢᠬᠤ ᠪᠠᠨ ᠪᠤᠯᠢᠭᠰᠠᠨ᠂ | ᠪᠦᠬᠦᠯᠢ ᠰᠢᠷᠠᠭᠰᠠᠨ ᠬᠤᠨᠢ ᠶᠢ ᠨᠠᠮ ᠵᠠᠰᠠᠭ ᠤᠨ ᠲᠠᠶᠢᠯᠠᠯᠭ᠎ᠠ ᠳᠤ ᠶᠡᠬᠡᠳᠡ ᠬᠡᠷᠡᠭᠯᠡᠵᠦ᠂ ᠵᠠᠳᠠᠭᠠᠢ ᠰᠢᠭᠦᠰᠦ — | ᠤᠭᠤᠴᠠ ᠬᠢᠭᠡᠳ ︽ᠳᠠᠯᠤ︾᠂ ︽ᠡᠪᠴᠢᠭᠦᠦ︾ ᠪᠠᠷ ᠠᠬᠠᠯᠠᠭᠤᠯᠤᠭᠰᠠᠨ ᠰᠢᠭᠦᠰᠦ ᠶᠢ ᠬᠤᠰᠢᠭᠤ ᠲᠡᠰ ᠤᠨ | ᠵᠤᠴᠢᠯᠠᠭ᠎ᠠ ᠠᠴᠠ ᠭᠠᠳᠠᠨ᠎ᠠ ᠰᠦᠮ᠎ᠡ ᠬᠡᠶᠢᠳ᠂ ᠠᠯᠪᠠᠨ ᠪᠠᠶᠢᠭᠤᠯᠭ᠎ᠠ᠂ ᠬᠤᠪᠢ ᠠᠶᠢᠯ ᠤᠨ ᠴᠠᠢ | ᠲᠠᠶᠢᠯᠠᠯᠭ᠎ᠠ ᠳᠤ ᠴᠤ ᠦᠷᠭᠡᠨ ᠢᠶᠠᠷ ᠬᠡᠷᠡᠭᠯᠡᠵᠦ ᠪᠠᠶᠢᠭ᠎ᠠ᠃ ᠬᠡᠭᠦ ᠳᠡᠭᠡᠨ ᠰᠢᠷᠠᠭᠰᠠᠨ ᠬᠤᠨᠢ ᠪᠠ ᠰᠢᠭᠦᠰᠦ ᠵᠦᠰᠦᠬᠦ | ᠤᠯᠠᠮᠵᠢᠯᠠᠯᠳᠤ ᠰᠠᠶᠢᠬᠠᠨ ᠶᠤᠰᠤ ᠶᠢ ᠬᠦᠨᠳᠦᠳᠦ ᠤᠳᠤᠷᠢᠳᠤᠯᠭ᠎ᠠ᠂ ᠭᠡᠶᠢᠴᠢ ᠳᠡᠭᠡᠨ ᠵᠦᠪ ᠲᠠᠭᠠᠭᠤᠯᠤᠨ ᠶᠤᠰᠤ | ᠭᠦᠢᠴᠡᠳᠬᠡᠬᠦ ᠲᠠᠯ᠎ᠠ ᠪᠠᠷ ᠲᠤᠩ ᠬᠥᠷᠥᠯᠴᠡᠬᠦ ᠦᠭᠡᠢ᠂ ᠬᠢᠳᠤᠭ᠎ᠠ ᠪᠠᠷᠢᠭᠤᠯᠤᠨ ᠬᠠᠮᠢᠭ᠎ᠠ ᠠᠴᠠ ᠴᠤ ᠬᠠᠮᠢᠶ᠎ᠠ ᠦᠭᠡᠢ | ᠬᠦᠳᠡᠯᠭᠡᠵᠦ ᠬᠦᠨᠳᠡᠭᠦᠯᠵᠦ ᠪᠤᠢ᠃ ᠡᠭᠦᠨ ᠤ ᠤᠯᠠᠮ ᠠᠴᠠ ᠨᠢᠭᠡ ᠲᠠᠯ᠎ᠠ ᠪᠠᠷ ᠮᠤᠷᠢᠯᠠᠵᠤ ᠰᠠᠭᠠᠳᠠᠭᠰᠠᠨ | ᠭᠡᠶᠢᠴᠢᠳᠵᠤᠴᠢᠳ ᠲᠠᠭᠠᠨ ᠥᠨᠳᠥᠰᠥᠳᠡᠨ ᠤᠭᠰᠠᠭᠠᠳᠠᠨ ᠤ ᠪᠠᠨ ᠶᠡᠭᠡ ᠲᠠᠶᠢᠯᠠᠯᠭ᠎ᠠ ᠶᠢᠨ ᠵᠢᠩᠬᠢᠨᠢ ᠶᠤᠰᠤ | ᠶᠠᠪᠤᠳᠠᠯ ᠢ ᠮᠡᠳᠡᠬᠦᠯᠬᠦ ᠵᠤᠷᠢᠯᠭ᠎ᠠ ᠳᠠᠭᠠᠨ ᠬᠦᠷᠴᠦ ᠡᠰᠡ ᠴᠢᠳᠠᠨ᠂ ᠨᠦᠭᠦᠭᠡ ᠲᠠᠯ᠎ᠠ ᠪᠠᠷ ᠬᠦᠨᠳᠦᠳᠦ | ᠲᠠᠶᠢᠯᠠᠯᠭ᠎ᠠ ᠶᠢᠨ ᠡᠷᠬᠢᠮ ᠶᠤᠰᠤ ᠶᠢ ᠴᠢᠨᠠᠭᠰᠢᠳᠠ ᠦᠪᠯᠡᠨ ᠵᠠᠯᠭᠠᠮᠵᠢᠯᠠᠵᠤ ᠰᠤᠳᠤᠯᠤᠨ ᠰᠢᠨᠵᠢᠯᠡᠬᠦ ᠳᠤ ᠪᠤᠳᠤᠯᠢᠶᠠᠨ | ᠲᠠᠢ ᠵᠦᠢᠯᠡᠰ ᠢ ᠠᠪᠴᠢᠷᠠᠵᠤ ᠪᠤᠢ᠃ ᠮᠤᠩᠭᠤᠯᠴᠤᠳ ᠪᠤᠯ ᠮᠠᠯ ᠤᠨ ᠪᠦᠬᠦᠯᠢ ᠶᠠᠰᠤ ᠶᠢ ᠦᠶᠡᠴᠢᠯᠡᠨ ᠰᠠᠯᠭᠠᠳᠠᠭ | ᠤᠨᠴᠨᠭᠠᠢ ᠵᠠᠩᠰᠢᠯ ᠤᠨ ᠤᠯᠠᠮᠵᠢᠯᠠᠯ ᠲᠠᠢ ᠪᠢᠯᠡ᠃ ᠭᠡᠳᠡᠯ᠎ᠡ ᠤᠳᠤ ᠪᠤᠯᠬᠤ ᠳᠤ ᠵᠠᠯᠠᠭᠤᠴᠤᠳ ᠨᠢ ᠦᠶᠡᠴᠢᠯᠡᠬᠦ ᠶᠢ | ᠴᠢᠳᠠᠬᠤ ᠦᠭᠡᠢ ᠪᠤᠶᠤ ᠰᠤᠷᠬᠤ ᠴᠤ ᠦᠭᠡᠢ ᠪᠤᠯᠵᠤ ᠬᠦᠮᠦᠨ ᠬᠦᠯᠦᠰᠦᠯᠡᠵᠦ ᠮᠠᠯ ᠭᠠᠷᠭᠠᠭᠤᠯᠳᠠᠭ ᠴᠤ ᠪᠤᠯᠤᠯ᠎ᠠ᠂ | ᠴᠢᠨᠠᠭᠰᠢᠯᠠᠨ ᠮᠢᠬᠠᠨ ᠤ ᠮᠠᠶᠢᠮᠠᠶᠢᠴᠤᠳ ᠮᠠᠯ ᠠᠯᠠᠬᠤ᠂ ᠮᠦᠴᠢᠯᠡᠬᠦ ᠲᠠᠯ᠎ᠠ ᠪᠠᠷ ᠤᠯᠠᠮᠵᠢᠯᠠᠯᠳᠤ ᠵᠠᠩᠰᠢᠯ ᠢ ᠦᠯᠦ | ᠬᠠᠶᠢᠬᠤᠷᠤᠨ᠂ ᠬᠤᠭᠤᠯᠠᠢ ᠶᠢ ᠨᠢ ᠭᠡᠷᠴᠢᠨ᠂ ᠠᠮᠢᠨ ᠴᠢᠰᠤ ᠶᠢ ᠨᠢ ᠲᠠᠯᠪᠢᠨ᠂ ᠶᠠᠰᠤ ᠶᠢ ᠨᠢ ᠴᠠᠪᠴᠢᠨ᠂ | ᠮᠢᠬᠠᠨ ᠳᠤᠨᠢ ᠭᠡᠢ ᠴᠤᠬᠢᠨ ᠬᠤᠳᠠᠯᠳᠤᠵᠤ ᠪᠤᠢ᠃ ᠵᠤᠴᠢᠯᠠᠭ᠎ᠠ ᠲᠠᠶᠢᠯᠠᠯᠭ᠎ᠠ ᠳᠤ ᠭᠠᠷᠭᠠᠵᠤ ᠪᠤᠯᠬᠤ᠂ ᠦᠯᠦ ᠪᠤᠯᠬᠤ | ᠮᠢᠬ᠎ᠠ ᠶᠢ ᠡᠰᠡ ᠬᠠᠮᠢᠶᠠᠷᠤᠨ ᠲᠠᠪᠠᠭᠯᠠᠨ ᠲᠠᠯᠪᠢᠬᠤ᠂ ᠮᠢᠬ᠎ᠠ ᠰᠡᠭᠯᠡᠵᠦ ᠢᠳᠡᠬᠦ᠂ ᠲᠤᠳᠠᠭᠤ ᠮᠦᠯᠵᠢᠬᠦ ᠵᠡᠷᠭᠡ ᠡᠮᠬᠢ | ᠵᠠᠮᠪᠠᠷᠠᠭ᠎ᠠ ᠪᠠᠨ ᠠᠯᠳᠠᠭᠰᠠᠨ ᠦᠵᠡᠭᠳᠡᠯ ᠤᠳ ᠵᠦᠩᠳᠡᠭᠡᠨ ᠬᠠᠷᠠᠭᠳᠠᠵᠤ ᠪᠠᠶᠢᠭ᠎ᠠ᠃ ᠡᠳᠡᠭᠡᠷ ᠢ ᠲᠠᠷᠤᠢ ᠲᠦᠷᠭᠡᠨ | ᠵᠠᠰᠠᠨ ᠵᠠᠯᠠᠷᠠᠭᠤᠯᠵᠤ ᠲᠦᠷᠢᠮᠵᠢᠭᠦᠯᠦᠨ ᠵᠢᠷᠤᠮᠵᠢᠭᠤᠯᠬᠤ ᠠᠵᠢᠯ ᠤᠳᠤᠬᠠᠨ ᠳᠤ ᠲᠤᠯᠭᠠᠮ᠎ᠠ ᠱᠠᠭᠠᠷᠳᠠᠭᠳᠠᠵᠤ ᠪᠠᠶᠢᠭ᠎ᠠ | ᠶᠤᠮ᠃ ᠲᠤᠬᠠᠶᠢᠯᠠᠪᠠᠯ᠂ ᠮᠤᠩᠭᠤᠯ ᠶᠤᠰᠤ ᠵᠠᠩᠰᠢᠯ ᠤᠨ ᠮᠡᠳᠡᠯᠭᠡ ᠤᠬᠠᠭᠠᠨ ᠤ ᠬᠦᠮᠦᠵᠢᠯ ᠬᠢᠵᠦ᠂ ᠥᠵᠡᠬᠦᠯᠥᠯᠬᠡ | ᠤᠷᠤᠯᠳᠤᠭᠠᠨ ᠬᠢᠬᠦ᠂ ᠱᠠᠩᠨᠠᠬᠤ ᠵᠡᠷᠭᠡ ᠠᠷᠭ᠎ᠠ ᠬᠡᠮᠵᠢᠶ᠎ᠡ ᠠᠪᠴᠤ ᠪᠤᠯᠤᠨ᠎ᠠ᠃ |