ᠲᠠᠪᠠᠯᠭᠠᠨ ᠤ ᠰᠡᠳᠬᠢᠯ ᠤᠶᠢᠷ᠎ᠠ ᠶᠢᠨ ᠬᠡᠳᠦᠨ ᠡᠳᠦᠷ ᠲᠤᠭᠳᠠᠪᠤᠷᠢ ᠠᠯᠳᠠᠭᠠᠳ᠂ ᠶᠠᠭᠠᠬᠢᠵᠦ ᠪᠠᠶᠢᠵᠦ ᠯᠠ | ᠨᠢᠭᠡ ᠬᠦᠳᠡᠭᠡ ᠪᠠᠨ ᠤᠴᠢᠵᠦ ᠬᠡᠳᠦᠨ ᠮᠠᠯ ᠢᠶᠠᠨ ᠡᠷᠬᠢᠵᠦ ᠦᠵᠡᠮᠡᠷ ᠪᠤᠳᠤᠭᠳᠠᠬᠤ ᠶᠤᠮ᠃ ᠡᠨᠡ ᠠᠶᠤᠯᠳᠦ ᠬᠢᠵᠢᠭ | ᠲᠡᠯᠭᠡᠷᠡᠭᠰᠡᠨ ᠠᠴᠠ ᠨᠠᠭᠠᠰᠢ ᠬᠤᠷᠢᠭᠠᠳ ᠬᠤᠨᠤᠴᠢᠬᠠᠯᠠ᠃ ᠬᠡᠷ ᠮᠠᠯ ᠤᠨ ᠪᠠᠷ᠎ᠠ ᠬᠠᠷᠠᠭᠰᠠᠨ ᠦᠭᠡᠢ ᠬᠤᠷᠢ ᠭᠠᠷᠤᠢ | ᠡᠳᠦᠷ ᠪᠤᠯᠴᠢᠬᠠᠯ᠎ᠠ᠃ ᠬᠦᠳᠡᠭᠡ ᠪᠠᠶᠢᠭ᠎ᠠ ᠨᠢᠭᠡᠨ ᠢᠶᠠᠷ ᠤᠴᠢᠵᠦ ᠦᠵᠡᠬᠦᠯᠦᠶ᠎ᠡ ᠬᠡᠵᠦ ᠪᠤᠳᠤᠭᠰᠠᠨ ᠪᠤᠯᠪᠠᠴᠤ | ᠲᠡᠳᠡᠨ ᠤ ᠬᠡᠷ ᠨᠢ ᠳ᠋ᠦᠩᠹᠧᠩ ᠪᠠᠯᠭᠠᠰᠤᠨ ᠠᠴᠠ ᠬᠤᠶᠠᠷ ᠵᠠᠭᠤᠨ ᠭᠠᠵᠠᠷ ᠬᠤᠯᠠ᠃ ︽ᠠᠷᠠᠢ ᠯᠡ ᠬᠦᠮᠦᠨ ᠳᠤ | ᠲᠦᠪᠡᠭ ᠲᠠᠳᠠᠬᠤ ᠶᠤᠮ ᠤᠤ︖︾ ᠬᠡᠵᠦ ᠪᠤᠳᠤᠬᠤᠯᠠᠷ ᠠᠮᠠ ᠨᠡᠭᠡᠭᠡᠬᠦ ᠠᠴᠠ ᠪᠠᠨ ᠲᠠᠳᠠᠭᠠᠯᠵᠠᠨ ᠠ᠃ | ᠪᠤᠰᠤᠳ ᠲᠤ ᠲᠦᠪᠡᠭ ᠲᠠᠳᠠᠬᠤ ᠠᠴᠠ ᠵᠤᠪᠠᠳᠠᠭ ᠲᠠᠪᠠᠯᠭᠠᠨ ᠮᠠᠨᠢ ᠬᠢᠵᠢᠭ ᠡᠪᠡᠳᠴᠢᠨ ᠲᠡᠯᠭᠡᠷᠡᠭᠰᠡᠨ ᠠᠴᠠ ᠨᠠᠭᠠᠰᠢ | ᠬᠤᠷᠢᠶᠠᠯᠠᠯ ᠤᠨ ᠢᠶᠠᠨ ᠰᠠᠶᠢᠨ ᠲᠤᠷᠠᠴᠤᠳ ᠤᠨ ᠡᠩᠨᠡᠭᠡᠨ ᠳᠤ ᠤᠷᠤᠯᠴᠠᠵᠦ᠂ ᠠᠶᠢᠯ ᠤᠳ ᠤᠨ ᠡᠳᠦᠷ ᠲᠤᠳᠤᠮ ᠤᠨ | ᠬᠡᠷᠡᠭᠯᠡᠭᠡᠨ ᠤ ᠶᠠᠭᠤᠮᠠᠰ ᠢ ᠬᠦᠷᠭᠡᠭᠡᠳ ᠬᠤᠷᠢ ᠬᠤᠨᠤᠵᠦ ᠪᠤᠢ᠃ ᠠᠶᠢᠯ ᠤᠳ ᠤᠨ ᠡᠳᠦᠷ ᠲᠤᠳᠤᠮ ᠤᠨ ᠬᠡᠷᠡᠭᠯᠡᠭᠡᠨ ᠤ | ᠶᠠᠭᠤᠮᠠᠰ ᠢ ᠬᠦᠷᠭᠡᠨ᠎ᠡ ᠬᠡᠵᠦ ᠠᠷᠪᠠᠭᠠᠳᠬᠠᠨ ᠦᠬᠡᠨ ᠳᠤ ᠪᠠᠭᠳᠠᠳᠠᠭ ᠤᠴᠢᠷ ᠪᠤᠯᠪᠠᠴᠤ ᠬᠢᠵᠦ ᠦᠩᠭᠡᠷᠡᠬᠦᠯᠦᠭᠰᠡᠨ | ᠬᠦᠮᠦᠨ ᠳᠤ ᠠᠪᠴᠤ ᠬᠡᠯᠡᠪᠡᠯ ᠬᠡᠴᠢᠨᠡᠨ ᠶᠡᠭᠡ ᠬᠦᠴᠦ ᠲᠠᠮᠢᠷ᠂ ᠰᠡᠳᠬᠢᠯ ᠤᠨ ᠲᠡᠩᠭᠡᠭᠡ ᠤᠷᠤᠬᠤ ᠠᠵᠢᠯ ᠬᠡᠳᠡᠭ ᠢ | ᠪᠠᠷᠤᠭ ᠤᠨ ᠬᠦᠮᠦᠨ ᠤᠶᠢᠯᠠᠭᠠᠬᠤ ᠳᠤ ᠪᠡᠷᠭᠡ᠃ | ᠲᠠᠪᠠᠯᠭᠠᠨ ᠪᠤᠯ ᠡᠵᠡᠨ᠎ᠡ ᠬᠤᠰᠢᠭᠤᠨ ᠤ ᠳ᠋ᠦᠩᠹᠧᠩ ᠪᠠᠯᠭᠠᠰᠤᠨ ᠤ ᠭᠤᠷᠤᠨᠠᠢ ᠭᠠᠴᠠᠭᠠᠨ ᠤ ᠮᠠᠯᠴᠢᠨ᠃ | ᠨᠢᠯᠬ᠎ᠠ ᠪᠠᠯᠴᠢᠷ ᠬᠦᠦ᠂ ᠬᠡᠤᠬᠡᠨ ᠬᠤᠶᠠᠷ ᠬᠡᠤᠬᠡᠳ ᠲᠠᠢ ᠪᠠᠨ ᠭᠤᠷᠪᠠᠭᠤᠯᠠ ᠭᠤᠷᠪᠠᠨᠬᠤᠳᠳᠤᠭ ᠬᠡᠮᠡᠬᠦ ᠤᠰᠤᠨ ᠳᠤ | ᠨᠤᠳᠤᠭᠯᠠᠳᠠᠭ᠃ ᠪᠠᠶᠢᠷᠢ ᠪᠡᠯᠴᠢᠭᠡᠷ ᠤᠨ ᠲᠠᠭᠠᠭᠠᠴᠠ ᠶᠢ ᠬᠦᠩᠭᠡᠯᠡᠬᠦ ᠲᠦᠷᠦ ᠶᠢᠨ ᠪᠤᠳᠤᠯᠭ᠎ᠠ ᠪᠠᠷ ᠮᠠᠯ ᠤᠨ ᠲᠤᠭ᠎ᠠ | ᠲᠤᠯᠤᠭᠠᠢ ᠪᠠᠨ ᠴᠦᠭᠡᠷᠡᠬᠦᠯᠦᠭᠰᠡᠨ ᠠᠴᠠ ᠨᠠᠭᠠᠰᠢ ᠰᠤᠷᠭᠠᠭᠤᠯᠢ ᠡᠬᠢᠯᠡᠮᠡᠭᠴᠡ ᠬᠤᠶᠠᠷ ᠬᠡᠤᠭᠡᠳ ᠢᠶᠠᠨ | ᠬᠠᠷᠠᠭᠠᠯᠵᠠᠬᠤ ᠪᠠᠷ ᠬᠤᠰᠢᠭᠤᠨ ᠲᠦᠪ ᠲᠤ ᠪᠠᠶᠢᠭ᠎ᠠ ᠬᠡᠷ ᠲᠡᠭᠡᠨ ᠰᠠᠭᠤᠵᠦ᠂ ᠭᠤᠷᠪᠠ ᠲᠠᠪᠤᠨ ᠬᠤᠨᠤᠭ ᠲᠤ | ᠮᠠᠯ ᠢᠶᠠᠨ ᠨᠢᠭᠡ ᠡᠷᠬᠢᠵᠦ ᠦᠵᠡᠳᠡᠭ ᠪᠠᠶᠢᠨ᠎ᠠ᠃ ᠬᠡᠳᠡᠯ᠎ᠡ ᠬᠡᠨᠡᠳᠳᠡ ᠶᠢᠨ ᠬᠢᠵᠢᠭ ᠡᠪᠡᠳᠴᠢᠨ ᠲᠡᠯᠭᠡᠷᠡᠭᠰᠡᠨ ᠠᠴᠠ | ᠪᠤᠯᠵᠦ ᠲᠠᠪᠠᠯᠭᠠᠨ ᠴᠤ ᠬᠦᠯ ᠬᠤᠷᠢᠭᠠᠨ ᠳᠤ ᠤᠷᠤᠪᠠ᠃ ᠲᠠᠪᠠᠯᠭᠠᠨ ᠤ ᠰᠠᠭᠤᠷᠢᠰᠢᠵᠦ ᠪᠠᠶᠢᠭ᠎ᠠ ᠨᠠᠷᠠᠨᠬᠡᠷᠡᠯ | ᠬᠤᠷᠢᠶᠠᠯᠠᠯ ᠪᠤᠯ ᠮᠠᠯᠴᠢᠳ ᠢᠶᠠᠷ ᠭᠤᠤᠯ ᠪᠤᠯᠭᠠᠭᠰᠠᠨ ᠰᠠᠭᠤᠭᠠᠯᠢ ᠲᠤᠭᠤᠷᠢᠭ ᠶᠤᠮ᠃ ᠲᠡᠶᠢᠮᠤ ᠳᠡᠭᠡᠨ ᠬᠢᠵᠢᠭ | ᠡᠪᠡᠳᠴᠢᠨ ᠲᠡᠯᠭᠡᠷᠡᠭᠰᠡᠨ ᠠᠴᠠ ᠬᠤᠶᠢᠰᠢ ᠬᠤᠷᠢᠶᠠᠯᠠᠯ ᠤᠨ ᠸᠢᠴᠠᠲ ᠤᠨ ᠬᠤᠯᠪᠤᠭᠠᠨ ᠲᠡᠭᠡᠷ᠎ᠡ ᠲᠠᠮᠵᠢᠭᠤᠯᠤᠭᠰᠠᠨ | ᠬᠢᠵᠢᠭ ᠢ ᠰᠡᠷᠬᠡᠶᠢᠯᠡᠨ ᠡᠵᠡᠮᠳᠡᠬᠦ ᠪᠢᠴᠢᠭ ᠮᠠᠲ᠋ᠧᠷᠢᠶᠠᠯ᠂ ᠮᠡᠳᠡᠭᠳᠡᠯ ᠵᠠᠷᠯᠠᠯ ᠢ ᠬᠤᠷᠢᠶᠠᠯᠠᠯ ᠤᠨ ᠤᠯᠠᠩᠬᠢ | ᠨᠠᠰᠤᠳᠠᠶᠢᠴᠤᠳ ᠨᠢ ᠤᠶᠢᠯᠠᠭᠠᠬᠤ ᠦᠭᠡᠢ᠃ ᠵᠠᠷᠢᠮ ᠠᠵᠢᠯᠳᠠᠳ ᠤᠨ ᠬᠢᠳᠠᠳ ᠢᠶᠠᠷ ᠶᠠᠷᠢᠭᠰᠠᠨ ᠮᠡᠳᠡᠭᠳᠡᠯ ᠢ ᠨᠢ | ᠰᠤᠨᠤᠰᠴᠤ ᠲᠦᠬᠦᠬᠡᠷᠬᠦ ᠦᠭᠡᠢ ᠪᠠᠶᠢᠭ᠎ᠠ ᠪᠠᠶᠢᠳᠠᠯ ᠪᠠᠶᠢᠩᠭᠤ ᠤᠷᠤᠰᠢᠵᠦ᠂ ᠬᠤᠯᠪᠤᠭᠠᠨ ᠲᠤᠳᠤᠷ᠎ᠠ ᠪᠠᠶᠢᠨ ᠲᠠᠬᠢᠨ | ᠠᠰᠠᠭᠤᠵᠦ ᠯᠠᠪᠯᠠᠬᠤ ᠤᠴᠢᠷ ᠭᠠᠷᠴᠤ ᠪᠠᠶᠢᠯ᠎ᠠ᠃ ᠤᠤᠯ ᠠᠴᠠ ᠪᠠᠨ ᠨᠠᠰᠤᠳᠠᠢ ᠬᠦᠮᠦᠨ ᠳᠤ ᠡᠯᠢᠭᠡᠰᠡᠭ ᠬᠠᠨᠳᠤᠳᠠᠭ | ᠲᠠᠪᠠᠯᠭᠠᠨ ᠲᠤᠰᠠᠬᠶᠢᠯᠠᠨ ᠨᠢᠭᠡ ᠸᠢᠴᠠᠲ ᠤᠨ ᠬᠤᠯᠪᠤᠭ᠎ᠠ ᠪᠠᠶᠢᠭᠤᠯᠵᠦ᠂ ᠮᠡᠳᠡᠭᠳᠡᠯ᠂ ᠵᠠᠷᠯᠠᠯ ᠵᠡᠷᠭᠡ ᠶᠢ | ᠮᠤᠩᠭᠤᠯ ᠢᠶᠠᠷ ᠲᠠᠨᠢᠯᠴᠠᠭᠤᠯᠬᠤ᠂ ᠨᠠᠰᠤᠳᠠᠶᠢᠴᠦᠳ ᠤᠨ ᠰᠡᠳᠬᠢᠯ ᠢ ᠲᠠᠶᠢᠳᠬᠤᠷᠠᠭᠤᠯᠬᠤ᠂ ᠶᠠᠭᠤ ᠲᠤᠳᠠᠵᠦ | ᠪᠠᠶᠢᠭ᠎ᠠ ᠶᠢ ᠨᠢ ᠠᠰᠠᠭᠤᠵᠦ ᠰᠤᠷᠠᠬᠤ ᠵᠡᠷᠭᠡ ᠤᠶᠢᠯᠡᠴᠢᠯᠡᠭᠡᠨ ᠳᠤ ᠠᠰᠢᠭᠯᠠᠬᠤ ᠪᠤᠯᠵᠡᠢ᠃ | ᠲᠠᠪᠠᠯᠭᠠᠨ ︽ᠮᠠᠨ ᠤ ᠬᠤᠷᠢᠶᠠᠯᠠᠯ ᠳᠤ ᠰᠠᠭᠤᠵᠦ ᠪᠠᠶᠢᠭ᠎ᠠ ᠬᠦᠮᠦᠰ ᠤᠨ ᠤᠯᠠᠩᠬᠢ ᠨᠢ ᠦᠰᠦᠭ ᠪᠢᠴᠢᠭ | ᠲᠠᠨᠢᠬᠤ ᠦᠭᠡᠢ ᠬᠦᠳᠡᠭᠡᠨ ᠤ ᠮᠠᠯᠴᠢᠳ᠂ ᠨᠠᠰᠤᠳᠠᠶᠢᠴᠦᠳ᠂ ᠲᠡᠳᠡᠨᠡᠷ ᠤᠨ ᠦᠷ᠎ᠡ ᠬᠡᠤᠭᠡᠳ ᠨᠢ ᠴᠤ ᠦᠪᠡᠷ ᠤᠨ | ᠬᠤᠷᠢᠶᠠᠯᠠᠯ ᠳᠠᠭᠠᠨ ᠬᠦᠯ ᠬᠤᠷᠢᠭ᠎ᠠ ᠲᠠᠢ ᠪᠠᠶᠢᠭ᠎ᠠ ᠪᠤᠯᠬᠤᠷ ᠲᠡᠷᠭᠡᠳᠡ ᠨᠢ ᠬᠠᠷᠠᠭᠠᠯᠵᠠᠵᠦ᠂ ᠲᠤᠳᠠᠭᠰᠠᠨ | ᠪᠠᠷᠢᠭᠰᠠᠨ ᠢ ᠨᠢ ᠠᠪᠴᠤ ᠦᠭᠬᠦ ᠶᠢᠨ ᠠᠷᠭ᠎ᠠ ᠦᠭᠡᠢ᠃ ᠲᠡᠭᠡᠭᠡᠳ ᠯᠠ ᠪᠢ ᠡᠳᠡᠭᠡᠷ ᠬᠦᠮᠦᠰ ᠲᠤ ᠤᠶᠢᠯᠡᠴᠢᠯᠡᠶᠡ | ᠬᠡᠰᠡᠨ ᠪᠤᠳᠤᠯ ᠢᠶᠠᠷ ᠬᠤᠷᠢᠶᠠᠯᠠᠯ ᠤᠨ ᠢᠶᠠᠨ ᠰᠠᠶᠢᠨ ᠲᠤᠷᠠᠴᠤᠳ ᠤᠨ ᠡᠩᠨᠡᠭᠡᠨ ᠳᠤ ᠤᠷᠤᠭᠰᠠᠨ ᠶᠤᠮ︾ ᠬᠡᠵᠦ | ᠰᠠᠨᠠᠭᠠᠴᠢᠯᠠᠭ᠎ᠠ ᠠᠴᠠ ᠪᠠᠨ ᠤᠯᠠᠨ ᠲᠦᠮᠡᠨ ᠤ ᠤᠶᠢᠯᠡᠴᠢᠯᠡᠭᠴᠢ ᠪᠤᠯᠤᠭᠰᠠᠨ ᠢᠶᠠᠨ ᠶᠠᠷᠢᠨ᠎ᠠ᠃ | ᠤᠯᠠᠨ ᠲᠦᠮᠡᠨ ᠤ ᠤᠶᠢᠯᠡᠴᠢᠯᠡᠭᠴᠢ ᠪᠤᠯᠤᠨ᠎ᠠ ᠬᠡᠵᠦ ᠲᠡᠶᠢᠮᠤ ᠠᠮᠠᠷᠬᠠᠨ ᠠᠵᠢᠯ ᠪᠢᠰᠢ ᠪᠠᠶᠢᠵᠡᠢ᠃ ᠡᠬᠦᠨ ᠢ | ᠲᠠᠪᠠᠯᠭᠠᠨ ᠡᠨᠡᠬᠦ ᠠᠵᠢᠯ ᠢ ᠭᠠᠷᠳᠠᠵᠦ ᠬᠢᠭᠰᠡᠨ ᠠᠩᠬᠠᠨ ᠤ ᠡᠳᠦᠷ ᠠᠴᠠ ᠮᠡᠳᠡᠷᠡᠯ᠎ᠡ᠃ ᠨᠠᠷᠠᠨᠬᠡᠷᠡᠯ ᠬᠤᠷᠢᠶᠠᠯᠠᠯ ᠨᠢ | 25 ᠰᠠᠭᠤᠷᠢ 5 ᠳᠠᠪᠬᠤᠷᠭ᠎ᠠ ᠠᠰᠠᠷ ᠲᠠᠢ᠂ 600 ᠭᠠᠷᠤᠢ ᠡᠷᠦᠭᠡ ᠪᠤᠢ᠂ ᠡᠵᠡᠨ᠎ᠡ ᠬᠤᠰᠢᠭᠤᠨ ᠳᠠᠭᠠᠨ ᠠᠪᠴᠤ | ᠬᠡᠯᠡᠪᠡᠯ ᠨᠡᠯᠢᠶᠡᠳ ᠲᠤᠮᠤ ᠬᠤᠷᠢᠶᠠᠯᠠᠯ ᠳᠠᠭᠠᠨ ᠪᠠᠭᠳᠠᠳᠠᠭ᠃ 600 ᠭᠠᠷᠤᠢ ᠠᠶᠢᠯ ᠤᠨ ᠠᠪᠬᠤ ᠶᠠᠭᠤᠮᠠᠰ ᠨᠢ ᠪᠦᠷ | ᠲᠤᠤᠷ᠎ᠠ ᠲᠤᠤᠷ᠎ᠠ ᠪᠠᠨ᠃ ᠵᠠᠷᠢᠮ ᠨᠢ ᠨᠤᠭᠤᠭ᠎ᠠ ᠴᠠᠭ᠎ᠠ ᠠᠪᠤᠨ᠎ᠠ︔ ᠵᠠᠷᠢᠮ ᠨᠢ ᠬᠦᠵᠦᠷ᠂ ᠨᠤᠮ ᠰᠤᠳᠤᠷ ᠠᠪᠤᠨ᠎ᠠ︔ | ᠵᠠᠷᠢᠮ ᠨᠢ ᠭᠤᠯᠢᠷ ᠲᠤᠳᠤᠷᠭ᠎ᠠ ᠠᠪᠤᠨ᠎ᠠ︔ ᠪᠠᠰᠠ ᠵᠠᠷᠢᠮ ᠨᠢ ᠡᠮ ᠲᠠᠩ ᠠᠪᠤᠨ᠎ᠠ᠃ ᠲᠠᠪᠤᠳᠤᠭᠠᠷ ᠠᠰᠠᠷ ᠤᠨ | ᠨᠢᠬᠡᠳᠦᠭᠡᠷ ᠤᠷᠤᠴᠠ ᠶᠢᠨ 502 ᠲᠤ ᠨᠢᠭᠡ ᠤᠭᠤᠳᠠ ᠭᠤᠯᠢᠷ᠂ ᠪᠠᠰᠠ ᠬᠡᠰᠡᠭ ᠨᠤᠭᠤᠭ᠎ᠠ ᠵᠢᠮᠢᠰ ᠬᠦᠷᠭᠡᠭᠡᠳ | ᠪᠠᠭᠤᠵᠦ ᠢᠷᠡᠮᠡᠭᠴᠡ ᠬᠤᠷᠢᠳᠤᠭᠠᠷ ᠠᠰᠠᠷ ᠤᠨ ᠭᠤᠷᠪᠠᠳᠤᠭᠠᠷ ᠤᠷᠤᠴᠠ ᠶᠢᠨ 301 ᠳᠤ ᠵᠢᠷᠦᠭᠡᠨ ᠤ ᠡᠮ ᠨᠢᠭᠡ | ᠬᠠᠶᠢᠷᠴᠠᠭ ᠬᠦᠷᠬᠡᠨ᠎ᠡ᠃ ᠠᠬᠢᠭᠠᠳ ᠵᠢᠵᠢᠬᠦᠷᠯᠡᠬᠦ ᠲᠠᠰᠤᠭ ᠤᠨ ᠮᠡᠳᠡᠭᠳᠡᠯ ᠲᠤᠰᠤᠭᠠᠳ ᠡᠬᠦᠳᠡᠨ ᠳᠤ ᠬᠦᠷᠬᠡᠵᠦ | ᠢᠷᠡᠭᠰᠡᠨ ᠶᠠᠭᠤᠮᠠᠰ ᠢ ᠤᠴᠢᠵᠦ ᠲᠤᠰᠤᠨ᠎ᠠ᠃ ᠮᠦᠨ ᠢᠩᠬᠢᠵᠦ ᠵᠤᠭᠰᠤᠯᠳᠠ ᠦᠭᠡᠢ ︽ᠵᠢᠷᠤᠭᠠᠯᠠᠵᠦ︾ ᠪᠠᠶᠢᠭᠠᠳ | ᠪᠠᠰᠠ ︽ᠬᠡᠵᠢᠶ᠎ᠡ ᠬᠡᠯᠡᠭᠰᠡᠨ ᠶᠠᠭᠤᠮ᠎ᠠ ᠶᠢ ᠰᠠᠶ᠋ᠢ ᠬᠦᠷᠬᠡᠵᠦ ᠢᠷᠡᠵᠦ ᠪᠠᠶᠢᠬᠤ ᠪᠤᠢ︖ ᠬᠡᠴᠢᠨᠡᠨ ᠤᠳᠠᠭᠠᠨ | ᠬᠦᠯᠢᠶᠡᠯ᠎ᠡ︾᠂ ︽ᠲᠠᠨᠠᠷ ᠲᠤ ᠦᠬᠡ ᠶᠠᠷᠢᠭᠠᠳ ᠶᠠᠭᠠᠬᠢᠭᠠᠳ ᠪᠡᠯᠡᠨ ᠬᠠᠷᠢᠭᠤᠯᠳᠠᠭ ᠦᠭᠡᠢ ᠶᠤᠮ ᠪᠤᠢ︖︾᠂ | ︽ᠶᠠᠭᠠᠬᠢᠵᠦ ᠢᠩᠬᠢᠳᠡᠯ᠎ᠡ ᠤᠳᠠᠪᠠ︖︾ ᠭᠡᠬᠦ ᠬᠦᠢᠳᠡᠨ ᠴᠡᠪᠳᠡᠭ ᠦᠭᠡ ᠰᠤᠨᠤᠰᠬᠤ ᠤᠳᠠᠭ᠎ᠠ ᠴᠤ ᠪᠤᠢ᠃ | ᠡᠪᠦᠯ ᠤᠨ ᠵᠤᠵᠠᠭᠠᠨ ᠬᠤᠪᠴᠠᠰᠤᠨ ᠲᠡᠭᠡᠷ᠎ᠡ ᠠᠴᠠ ᠵᠢᠪᠠᠷ ᠨᠡᠪᠳᠡᠷᠡᠬᠦ ᠦᠭᠡᠢ ᠰᠦᠯᠢᠶᠤᠤ ᠬᠠᠮᠠᠭᠠᠯᠠᠯᠳᠠ ᠶᠢᠨ | ᠬᠤᠪᠴᠠᠰᠤ ᠡᠮᠦᠰᠦᠭᠰᠡᠨ ᠲᠠᠪᠠᠯᠭᠠᠨ ᠤ ᠬᠦᠯᠦᠰᠦ ᠨᠢ ᠤᠷᠤᠰᠤᠭᠠᠳ ᠬᠤᠪᠴᠠᠰᠤᠨ ᠤ ᠨᠢᠷᠤᠭᠤᠨ ᠭᠡᠰᠡᠭ ᠢ ᠨᠢ | ᠨᠡᠪᠳᠡ ᠨᠤᠷᠤᠭᠠᠭᠰᠠᠨ ᠢ ᠲᠡᠳᠡ ᠤᠯᠵᠦ ᠬᠠᠷᠠᠬᠤ ᠦᠭᠡᠢ ᠪᠤᠯᠤᠭᠠᠳ ᠯᠠ ᠲᠡᠭᠡᠵᠦ ᠶᠠᠷᠢᠳᠠᠭ ᠪᠢᠵᠠ᠃ ᠡᠰᠡᠪᠡᠯ | ᠡᠳᠦᠷᠵᠢᠨ ᠬᠡᠷ ᠲᠡᠭᠡᠨ ᠬᠤᠷᠢᠭᠳᠠᠭᠠᠳ ᠪᠤᠬᠢᠮᠳᠠᠬᠤ ᠳᠠᠭᠠᠨ ᠨᠠᠳᠠᠳᠤ ᠠᠭᠤᠷ ᠢᠶᠠᠨ ᠭᠠᠷᠭᠠᠳᠠᠭ ᠪᠢᠵᠠ ᠬᠡᠮᠡᠨ | ᠲᠠᠪᠠᠯᠭᠠᠨ ᠰᠡᠳᠬᠢᠯ ᠳᠡᠭᠡᠨ ᠠᠭᠤᠴᠢᠯᠠᠳᠠᠭ᠂ ᠤᠴᠢᠷ ᠨᠢ ᠤᠯᠠᠩᠬᠢ ᠬᠦᠮᠦᠰ ᠬᠠᠰᠢᠯᠠ ᠲᠡᠳᠡᠨᠡᠷ ᠤᠨ ᠠᠵᠢᠯ ᠤᠨ | ᠬᠦᠴᠢᠷ ᠪᠡᠷᠬᠡᠰᠢᠶᠡᠯ ᠢ ᠤᠶᠢᠯᠠᠭᠠᠵᠦ᠂ ᠦᠷᠬᠦᠯᠵᠢ ᠡᠶᠡᠯᠳᠡᠭ ᠰᠠᠶᠢᠬᠠᠨ ᠠᠭᠠᠰᠢ᠂ ᠰᠡᠳᠬᠢᠯ ᠲᠤᠯᠠᠭᠠᠴᠠᠭᠤᠯᠤᠮ᠎ᠠ | ᠦᠭᠡ ᠶᠠᠷᠢᠶ᠎ᠠ᠂ ᠤᠶᠢᠯᠠ ᠠᠵᠢᠯᠯᠠᠭ᠎ᠠ ᠪᠠᠷ ᠢᠶᠠᠨ ᠲᠠᠪᠠᠯᠭᠠᠨ ᠳᠤ ᠰᠡᠳᠬᠢᠯ ᠤᠨ ᠲᠡᠩᠭᠡᠭᠡ ᠥᠭᠳᠡᠭ ᠪᠠᠶᠢᠨ᠎ᠠ᠃ | ︽ᠮᠢᠨᠤ ᠬᠦᠦ᠂ ᠶᠠᠳᠠᠷᠠᠭᠰᠠᠨ ᠪᠠᠶᠢᠯᠬᠦᠢ᠂ ᠶᠠᠳᠠᠷᠠᠬᠤ ᠦᠭᠡᠢ ᠶᠠᠭᠠᠬᠢᠬᠤᠪ᠂ ᠡᠨᠡ ᠤᠯᠠᠨ ᠠᠶᠢᠯ ᠤᠨ | ᠶᠠᠭᠤᠮ᠎ᠠ ᠶᠢ ᠬᠦᠷᠬᠡᠨ᠎ᠡ ᠬᠡᠵᠦ ᠁︾᠂ ︽ᠬᠦᠭᠡᠷᠦᠬᠦᠢ᠂ ᠮᠠᠨᠤᠰ ᠤᠨ ᠲᠦᠯᠦᠭᠡ ᠤᠶᠢᠯᠡᠴᠢᠯᠡᠵᠦ ᠪᠠᠶᠢᠭ᠎ᠠ ᠳᠤ | ᠪᠠᠶᠠᠷᠯᠠᠵᠦ ᠪᠠᠶᠢᠨ᠎ᠠ ᠰᠢᠤ︾᠂ ︽ᠰᠠᠶᠢᠨ ᠪᠤᠯᠤᠯ᠎ᠠ ᠰᠢᠤ᠂ ᠰᠠᠶᠢᠨ ᠬᠦᠮᠦᠨ ᠢ ᠪᠤᠷᠬᠠᠨ ᠦᠷᠦᠰᠢᠶᠡᠭ︾ ᠬᠡᠮᠡᠨ | ᠨᠠᠰᠤᠳᠠᠶᠢᠴᠦᠳ ᠢᠷᠦᠭᠡᠨ ᠵᠦᠩᠨᠡᠬᠦ ᠨᠢ ᠤᠯᠠᠨ᠃ ᠬᠡᠳᠡᠯ᠎ᠡ ᠲᠠᠪᠠᠯᠭᠠᠨ ᠤ ᠬᠡᠷ ᠤᠨ ᠪᠠᠶᠢᠳᠠᠯ ᠢ ᠤᠶᠢᠯᠠᠭᠠᠬᠤ ᠬᠦᠮᠦᠨ | ᠦᠨᠡᠭᠡᠷ ᠴᠦᠭᠡᠨ᠃ ᠲᠠᠪᠠᠯᠭᠠᠨ ᠢ ᠡᠶᠢᠨᠬᠦ ᠤᠯᠠᠨ ᠲᠦᠮᠡᠨ ᠤ ᠤᠶᠢᠯᠡᠴᠢᠯᠡᠭᠴᠢ ᠪᠤᠯᠤᠭᠠᠳ ᠶᠠᠪᠤᠵᠦ ᠪᠠᠶᠢᠬᠤ ᠳᠤ 7 | ᠨᠠᠰᠤᠳᠠᠢ ᠬᠦᠦ ᠲᠤᠯᠭᠠᠭᠤᠷᠢ ᠪᠤᠯᠤᠨ 4 ᠨᠠᠰᠤᠳᠠᠢ ᠦᠬᠢᠨ ᠴᠢᠯᠠᠭᠤᠨᠴᠡᠴᠡᠭ ᠨᠢ ᠬᠡᠷ ᠲᠡᠭᠡᠨ ᠬᠠᠯᠠᠭᠤᠨ ᠪᠦᠯᠢᠶᠡᠨ | ᠬᠤᠭᠤᠯᠠ ᠦᠭᠡᠢ ᠰᠠᠭᠤᠵᠦ ᠪᠠᠶᠢᠳᠠᠭ ᠢ ᠲᠠᠳᠡᠨᠡᠷ ᠶᠠᠭᠠᠬᠢᠵᠦ ᠴᠤ ᠮᠡᠳᠡᠬᠦᠪ᠃ ᠤᠷᠤᠢ ᠪᠤᠯᠭᠠᠨ ᠠᠵᠢᠯ ᠢᠶᠠᠨ | ᠪᠠᠷᠠᠭᠠᠳ ᠬᠠᠷᠢᠬᠤ ᠳᠤ ᠲᠠᠪᠠᠯᠭᠠᠨ ᠤ ᠰᠡᠳᠬᠢᠯ ᠳᠤ ᠬᠤᠶᠠᠷ ᠦᠷ᠎ᠡ ᠳᠡᠭᠡᠨ ᠤᠰᠤᠯᠳᠠᠬᠰᠠᠨ ᠪᠤᠳᠤᠯ ᠤᠷᠤᠳᠠᠭ᠃ | ᠨᠢᠭᠡ ᠨᠢ ᠪᠦᠬᠦᠯᠢ ᠡᠳᠦᠷᠵᠢᠨ ᠶᠠᠭᠠᠷᠠᠭᠠᠳ ᠬᠡᠤᠭᠡᠳ ᠲᠡᠭᠡᠨ ᠬᠤᠭᠤᠯᠠ ᠪᠤᠳᠠᠭ᠎ᠠ ᠬᠢᠵᠦ᠂ ᠬᠢᠴᠢᠶᠡᠯ | ᠰᠤᠷᠤᠯᠭ᠎ᠠ ᠶᠢ ᠨᠢ ᠬᠠᠯᠠᠮᠵᠢᠯᠠᠵᠦ ᠴᠢᠳᠠᠬᠤ ᠦᠭᠡᠢ ᠳᠡᠭᠡᠨ ᠤᠰᠤᠯ ᠲᠠᠢ ᠰᠠᠨᠠᠭᠳᠠᠨ᠎ᠠ᠃ ᠨᠦᠬᠦᠭᠡ ᠨᠢ ᠬᠢᠵᠢᠭ | ᠡᠪᠡᠳᠴᠢᠨ ᠲᠡᠯᠭᠡᠷᠡᠵᠦ ᠪᠠᠶᠢᠭ᠎ᠠ ᠬᠤᠭᠤᠴᠠᠭᠠᠨ ᠳᠤ ᠬᠠᠮᠢᠭ᠎ᠠ ᠨᠢ᠂ ᠬᠡᠨ ᠳᠤ ᠬᠠᠯᠳᠠᠪᠤᠷᠢᠯᠠᠵᠦ ᠪᠠᠶᠢᠭ᠎ᠠ ᠶᠢ ᠬᠡᠨ ᠴᠤ | ᠮᠡᠳᠡᠬᠦ ᠦᠭᠡᠢ᠂ ᠠᠶᠤᠯ ᠲᠦᠭᠰᠢᠬᠦᠷᠢ ᠶᠢᠨ ᠲᠤᠮᠳᠠ ᠦᠪᠡᠷ ᠢᠶᠠᠨ ᠶᠠᠪᠤᠬᠤ ᠴᠤ ᠶᠠᠭᠠᠬᠢᠬᠤᠪ᠂ ᠦᠪᠡᠷ ᠤᠨ | ᠰᠤᠩᠭᠤᠯᠳᠠ ᠶᠤᠮ ᠴᠢᠨᠢ᠂ ᠢᠩᠬᠢᠵᠦ ᠡᠳᠦᠷ ᠪᠦᠷᠢ ᠠᠶᠤᠯ ᠤᠨ ᠲᠤᠮᠳᠠ ᠶᠠᠪᠤᠵᠦ ᠪᠠᠶᠢᠭᠠᠳ ᠬᠡᠷ ᠲᠡᠭᠡᠨ | ᠬᠠᠷᠢᠬᠤ ᠳᠤ ᠬᠤᠶᠠᠷ ᠬᠡᠤᠭᠡᠳ ᠢᠶᠠᠨ ᠴᠤ ᠠᠶᠤᠯ ᠲᠦᠭᠰᠢᠬᠦᠷᠢ ᠶᠢᠨ ᠲᠤᠮᠳᠠ ᠠᠪᠴᠢᠷᠠᠵᠦ ᠪᠠᠶᠢᠭ᠎ᠠ ᠨᠢ ᠶᠡᠭᠡ | ᠤᠰᠤᠯ ᠬᠢᠭᠰᠡᠨ ᠮᠡᠳᠦ ᠰᠠᠨᠠᠭᠳᠠᠳᠠᠭ᠃ ᠲᠡᠶᠢᠮᠤ ᠳᠡᠭᠡᠨ ᠬᠡᠷ ᠲᠡᠭᠡᠨ ᠤᠷᠤᠬᠤ ᠠᠴᠠ ᠪᠠᠨ ᠡᠮᠦᠨ᠎ᠡ ᠬᠡᠳᠦ ᠲᠠᠬᠢᠨ | ᠪᠡᠶ᠎ᠡ ᠪᠠᠨ ᠠᠷᠢᠭᠤᠳᠬᠠᠨ᠎ᠠ᠂ ᠡᠬᠦᠳᠡ ᠪᠠᠨ ᠨᠡᠭᠡᠭᠡᠬᠦ ᠳᠤ ᠬᠤᠶᠠᠷ ᠬᠡᠤᠬᠡᠳ ᠨᠢ ︽ᠠᠪᠤ ᠶᠠᠭᠠᠬᠢᠭᠰᠠᠨ ᠤᠷᠤᠢ | ᠬᠠᠷᠢᠵᠦ ᠢᠷᠡᠳᠡᠭ ᠪᠤᠢ︖ ᠮᠠᠨᠤᠰ ᠦᠯᠦᠰᠦᠭᠡᠳ ᠦᠯᠪᠡᠷᠤᠯᠡ︾ ᠬᠡᠰᠡᠨ ᠶᠠᠭᠤᠮ᠎ᠠ ᠦᠭᠡᠳᠡ ᠠᠴᠠ ᠨᠢ | ᠤᠭᠳᠤᠨ᠎ᠠ᠃ ᠵᠠᠷᠢᠮ ᠳᠠᠭᠠᠨ ᠢᠳᠡᠬᠦ ᠶᠠᠭᠤᠮ᠎ᠠ ᠦᠵᠡᠭᠰᠡᠨ ᠰᠢᠭ ᠬᠤᠶᠠᠷ ᠨᠢᠳᠦ ᠨᠢ ᠬᠡᠷᠡᠯᠳᠦᠭᠰᠡᠨ ᠶᠠᠭᠤᠮᠠᠰ | ᠦᠬᠡᠳᠡ ᠠᠴᠠ ᠬᠦᠶᠦᠵᠦ ᠢᠷᠡᠭᠡᠳ ᠲᠡᠪᠡᠷᠢᠵᠦ ᠦᠨᠦᠰᠦᠨ᠎ᠡ᠂ ᠵᠠᠷᠢᠮ ᠳᠠᠭᠠᠨ ᠠᠪᠤ ᠪᠠᠨ ᠬᠦᠯᠢᠶᠡᠭᠡᠳ ᠲᠡᠰᠦᠭᠰᠡᠨ | ᠦᠭᠡᠢ ᠤᠨᠳᠠᠭᠰᠠᠨ ᠲᠡᠬᠦᠦ ᠪᠠᠨ ᠠᠷᠭᠠᠳᠠᠵᠦ ᠰᠠᠭᠤᠭᠰᠠᠨ ᠠᠬ᠎ᠠ ᠨᠢ ᠭᠤᠮᠤᠳᠠᠯᠳᠡᠢ ᠬᠠᠷᠠᠴᠠ ᠦᠭᠬᠦᠨ᠎ᠡ᠃ | ᠬᠡᠨ ᠴᠤ ᠶᠤᠮ ᠪᠤᠤ ᠮᠡᠳᠡ᠂ ᠲᠠᠪᠠᠯᠭᠠᠨ ᠤ ᠪᠠᠶᠢᠭᠤᠯᠤᠭᠰᠠᠨ ᠬᠤᠯᠪᠤᠭᠠᠨ ᠲᠡᠭᠡᠷ᠎ᠡ ᠲᠡᠬᠦᠨ ᠤ ᠪᠠᠶᠢᠳᠠᠯ ᠢ | ᠬᠡᠯᠡᠭᠰᠡᠨ ᠠᠴᠠ ᠬᠤᠶᠢᠰᠢ ᠡᠳᠦᠷ ᠪᠦᠷᠢ ᠬᠦᠮᠦᠰ ᠤᠨ ᠠᠮᠢᠳᠤᠷᠠᠯ ᠤᠨ ᠬᠡᠷᠡᠭᠯᠡᠭᠡᠨ ᠤ ᠵᠦᠢᠯᠡᠰ ᠢ ᠬᠦᠷᠬᠡᠵᠦ | ᠤᠴᠢᠬᠤ ᠳᠤ ︽ᠡᠨᠡ ᠮᠢᠨᠤ ᠬᠠᠭᠠᠷᠢᠭᠰᠠᠨ ᠪᠤᠭᠤᠷᠰᠤᠭ ᠪᠠᠶᠢᠨ᠎ᠠ᠂ ᠠᠪᠠᠴᠢᠭᠠᠳ ᠬᠡᠤᠬᠡᠳ ᠲᠡᠭᠡᠨ ᠢᠳᠡᠬᠦᠯ︾᠂ ︽ | ᠮᠢᠨᠤ ᠰᠠᠶ᠋ᠢ ᠶᠢᠨ ᠬᠢᠭᠰᠡᠨ ᠬᠤᠭᠤᠯᠠ᠂ ᠬᠠᠯᠠᠭᠤᠨ ᠲᠡᠭᠡᠷ᠎ᠡ ᠨᠢ ᠭᠡᠤᠭᠡᠳ ᠲᠡᠭᠡᠨ ᠠᠪᠠᠴᠢᠭᠠᠳ ᠦᠭᠴᠢᠭᠡ︾ ᠬᠡᠮᠡᠨ | ᠲᠡᠬᠦᠨ ᠤ ᠬᠤᠶᠠᠷ ᠬᠡᠤᠬᠡᠳ ᠢ ᠬᠠᠯᠠᠮᠵᠢᠯᠠᠬᠤ ᠬᠦᠮᠦᠨ ᠤᠯᠠᠰᠢᠷᠠᠵᠡᠢ᠃ ᠬᠢᠵᠢᠭ ᠢ ᠰᠡᠷᠬᠡᠶᠢᠯᠡᠨ ᠡᠵᠡᠮᠳᠡᠬᠦ ᠳᠤ | ᠠᠶᠢᠯ ᠤᠳ ᠬᠤᠭᠤᠯᠠ ᠵᠠᠭᠤᠰᠢ ᠪᠠᠨ ᠬᠤᠭᠤᠷᠤᠨᠳᠤ ᠨᠢ ᠵᠦᠭᠡᠭᠡᠵᠦ ᠪᠤᠯᠬᠤ ᠦᠭᠡᠢ ᠱᠠᠭᠠᠷᠳᠠᠯᠭ᠎ᠠ ᠲᠠᠢ ᠪᠤᠯᠬᠤᠷ | ᠠᠷᠭ᠎ᠠ ᠦᠭᠡᠢ ᠲᠡᠳᠡᠭᠡᠷ ᠬᠦᠮᠦᠰ ᠤᠨ ᠰᠠᠶᠢᠬᠠᠨ ᠰᠡᠳᠬᠢᠯ ᠳᠤᠨᠢ ᠲᠠᠯᠠᠷᠬᠠᠭᠠᠳ ᠦᠩᠭᠡᠷᠡᠳᠡᠭ ᠠᠵᠢ᠃ | ︽ᠭᠤᠷᠤᠨᠠᠢ ᠶᠢᠨ ᠬᠥᠮᠥᠨ ᠬᠡᠵᠦ ᠰᠤᠨᠤᠰᠤᠭᠰᠠᠨ᠃ ᠬᠤᠶᠠᠷ ᠨᠢᠯᠬ᠎ᠠ ᠬᠡᠤᠬᠡᠳ ᠢᠶᠠᠨ ᠬᠡᠷ ᠲᠡᠭᠡᠨ | ᠤᠨᠢᠰᠤᠯᠠᠵᠦ ᠬᠠᠶᠠᠭᠠᠳ ᠪᠦᠳᠦᠨ ᠡᠳᠦᠷ ᠤᠯᠠᠨ ᠲᠦᠮᠡᠨ ᠳᠤ ᠤᠶᠢᠯᠡᠴᠢᠯᠡᠭᠡᠳ ᠬᠦᠶᠦᠵᠦ ᠯᠠ ᠪᠠᠶᠢᠨ᠎ᠠ᠃ | ᠮᠠᠨᠠᠶᠢᠬᠢ ᠡᠬᠦᠳᠡᠨ ᠠᠰᠠᠷ ᠲᠤ ᠪᠠᠶᠢᠳᠠᠭ ᠪᠤᠯᠬᠤᠷ ᠴᠤᠩᠬᠤ ᠪᠠᠷ ᠢᠶᠠᠨ ᠪᠠᠶᠢᠩᠭᠤ ᠲᠡᠳᠡᠨ ᠢ ᠤᠯᠵᠦ ᠬᠠᠷᠠᠳᠠᠭ᠃ ᠬᠡᠨ | ᠶᠠᠭᠤ ᠠᠪᠤᠨ᠎ᠠ ᠯᠠ ᠬᠡᠪᠡᠯ ᠡᠨᠡ ᠲᠠᠪᠠᠯᠭᠠᠨ ᠴᠢᠨᠢ ᠬᠢᠯᠠᠰ ᠬᠢᠭᠡᠳ ᠠᠪᠠᠴᠢᠭᠠᠳ ᠦᠭᠴᠢᠭᠡᠳᠡᠭ ᠬᠡᠴᠡᠬᠦᠦ ᠵᠠᠯᠠᠭᠤ᠃ | ᠬᠠᠷᠠᠮᠰᠠᠯᠳᠠᠢ ᠨᠢ ᠬᠠᠮᠠᠭᠠᠯᠠᠯᠳᠠ ᠶᠢᠨ ᠬᠤᠪᠴᠠᠰᠤ ᠡᠮᠦᠰᠴᠦ᠂ ᠠᠮᠠᠪᠴᠢ ᠵᠡᠬᠦᠭᠰᠡᠨ ᠪᠤᠯᠬᠤᠷ ᠵᠢᠰᠦ ᠴᠢᠷᠠᠢ ᠶᠢ ᠨᠢ | ᠤᠯᠵᠦ ᠦᠵᠡᠵᠦ ᠴᠢᠳᠠᠬᠤ ᠦᠭᠡᠢ ᠶᠤᠮ᠃ ᠬᠢᠵᠢᠭ ᠡᠪᠡᠳᠴᠢᠨ ᠦᠩᠭᠡᠷᠡᠭᠰᠡᠨ ᠤ ᠲᠠᠷᠠᠭ᠎ᠠ ᠲᠡᠷᠭᠡᠳᠡᠬᠦᠷ | ᠦᠩᠭᠡᠷᠡᠭᠡᠳ ᠭᠠᠷᠬᠤ ᠳᠤ ᠲᠠᠨᠢᠬᠤ ᠦᠭᠡᠢ ᠪᠠᠶᠢᠪᠠᠯ ᠶᠠᠭᠠᠬᠢᠳᠠᠭ ᠪᠢᠯᠡ︖ ᠬᠡᠵᠦ ᠤᠳᠠᠭᠠᠨ ᠵᠢᠯ ᠤᠨ ᠲᠠᠨᠢᠯ | ᠶᠠᠪᠤᠭᠰᠠᠨ ᠠᠬᠠᠮᠠᠳ ᠰᠡᠳᠬᠦᠯᠴᠢ ᠤᠷᠠᠨ᠎ᠠ ᠬᠡᠯᠡᠭᠰᠡᠨ ᠶᠤᠮ᠃ ᠲᠠᠨᠠᠷ ᠰᠤᠷᠪᠤᠯᠵᠢᠯᠠᠵᠦ ᠮᠡᠳᠡᠭᠡᠯᠡᠭᠰᠡᠨ ᠨᠢ ᠰᠠᠶᠢᠨ | ᠪᠤᠯᠤᠯ᠎ᠠ᠃ ᠮᠠᠯᠴᠢᠨ ᠬᠦᠮᠦᠨ ᠤ ᠴᠠᠶᠢᠯᠭᠠᠨ ᠠᠷᠠᠨᠰᠢᠨ ᠲᠠᠢ᠂ ᠬᠦᠴᠢᠷ ᠵᠤᠪᠠᠯᠠᠩ ᠠᠴᠠ ᠠᠶᠤᠳᠠᠭ ᠦᠭᠡᠢ | ᠰᠡᠳᠬᠢᠯ ᠤᠨ ᠲᠠᠮᠢᠷ ᠲᠠᠢ ᠵᠠᠯᠠᠭᠤ ᠪᠠᠶᠢᠨ᠎ᠠ᠃ ᠶᠠᠪᠤᠵᠦ ᠰᠠᠭᠤᠬᠤ ᠠᠴᠠ ᠨᠢ ᠵᠠᠯᠠᠭᠤ ᠯᠠ ᠬᠦᠮᠦᠨ ᠰᠢᠭ ᠬᠠᠷᠠᠭᠳᠠᠯ᠎ᠠ︾ | ᠬᠡᠵᠦ ᠲᠤᠰ ᠤᠳᠠᠭᠠᠨ ᠤ ᠰᠤᠷᠪᠤᠯᠵᠢᠯᠠᠭ᠎ᠠ ᠶᠢ ᠬᠠᠷᠢᠯᠴᠠᠵᠦ ᠦᠭᠬᠦᠭᠰᠡᠨ ᠨᠠᠰᠤᠨᠴᠡᠴᠡᠭ ᠨᠠᠰᠤᠳᠠᠨ ᠤᠳᠠᠰᠤ ᠪᠠᠷ | ᠰᠤᠷᠪᠤᠯᠵᠢᠯᠠᠭ᠎ᠠ ᠬᠦᠯᠢᠶᠡᠬᠦ ᠳᠡᠭᠡᠨ ᠰᠡᠳᠬᠢᠯ ᠤᠨ ᠦᠭᠡ ᠪᠠᠨ ᠲᠠᠮᠵᠢᠭᠤᠯᠵᠦ ᠪᠢᠯᠡ᠃ | ᠲᠠᠪᠠᠯᠭᠠᠨ ᠤ ᠲᠠᠨᠢᠯᠴᠠᠭᠤᠯᠬᠤ ᠪᠠᠷ ᠪᠠᠭᠠᠳᠤᠷ᠂ ᠪᠦᠷᠢᠨ᠂ ᠹᠦ᠋ ᠲᠢᠶᠧ ᠵᠢᠶᠦ᠋ᠨ ᠭᠤᠷᠪᠠᠨ ᠵᠠᠯᠠᠭᠤ ᠴᠤ | ᠨᠠᠷᠠᠨᠬᠡᠷᠡᠯ ᠬᠤᠷᠢᠶᠠᠯᠠᠯ ᠤᠨ ᠰᠠᠭᠤᠭᠠᠯᠢ ᠠᠷᠠᠳ ᠪᠠᠶᠢᠵᠦ᠂ ᠬᠢᠵᠢᠭ ᠤᠨ ᠬᠤᠭᠤᠴᠠᠭᠠᠨ ᠳᠤ ᠲᠡᠬᠦᠨ ᠲᠠᠢ ᠠᠳᠠᠯᠢ ᠪᠠᠷ | ᠤᠯᠠᠨ ᠲᠦᠮᠡᠨ ᠳᠤ ᠤᠶᠢᠯᠡᠴᠢᠯᠡᠵᠦ ᠴᠢᠷᠮᠠᠶᠢᠨ ᠠᠵᠢᠯᠯᠠᠵᠦ ᠪᠤᠢ᠃ ᠪᠠᠰᠠ ᠠᠯᠳᠠᠠᠴᠤᠤᠵᠢ ᠬᠡᠮᠡᠬᠦ ᠲᠠᠨᠢᠯ ᠪᠤᠰᠤ | ᠪᠦᠰᠡᠬᠦᠢ ᠴᠤ ᠬᠡᠷ ᠲᠡᠭᠡᠨ ᠰᠠᠭᠤᠭᠠᠳ ᠤᠯᠠᠨ ᠳᠤ ᠮᠡᠳᠡᠭᠡ ᠵᠠᠩᠬᠢ ᠲᠠᠮᠵᠢᠭᠤᠯᠬᠤ ᠤᠶᠢᠯᠡᠴᠢᠯᠡᠭᠡ ᠬᠢᠵᠦ ᠪᠠᠶᠢᠭ᠎ᠠ | ᠶᠤᠮ ᠪᠠᠶᠢᠨ᠎ᠠ᠃ ᠨᠢᠭᠡᠨ ᠤᠳᠠᠭᠠᠨ ᠤ ᠬᠡᠨᠡᠳᠳᠡ ᠶᠢᠨ ᠬᠢᠵᠢᠭ ᠡᠪᠡᠳᠴᠢᠨ ᠪᠢᠳᠠᠨᠠᠷ ᠲᠤ ᠰᠤᠴᠢᠷᠳᠠᠯ᠂ ᠬᠡᠯᠮᠡᠭᠳᠡᠯ᠂ | ᠠᠶᠤᠮᠰᠢᠭ ᠢ ᠠᠪᠴᠢᠷᠠᠭᠰᠠᠨ ᠪᠤᠯᠪᠠᠴᠤ ᠬᠦᠮᠦᠰ ᠤᠨ ᠰᠡᠳᠬᠢᠯ ᠢ ᠪᠦᠯᠬᠦᠮᠳᠡᠬᠦᠯᠤᠨ ᠨᠢᠭᠳᠠᠷᠠᠭᠤᠯᠵᠦ᠂ ᠲᠤᠩ ᠤᠯᠠᠨ | ᠨᠡᠷ᠎ᠡ ᠶᠢ ᠨᠢ ᠮᠡᠳᠡᠬᠦ ᠦᠭᠡᠢ᠂ ᠵᠢᠰᠤ ᠨᠢ ᠲᠠᠨᠢᠭᠳᠠᠬᠤ ᠦᠭᠡᠢ ᠪᠠᠭᠠᠳᠤᠷᠴᠤᠳ ᠬᠦᠮᠦᠰ ᠤᠨ ᠬᠠᠷᠠᠭᠠᠨ ᠳᠤ | ᠲᠤᠳᠤᠷᠠᠵᠦ᠂ ᠤᠯᠠᠨ ᠲᠦᠮᠡᠨ ᠤ ᠰᠡᠳᠬᠢᠯ ᠢ ᠲᠤᠯᠠᠭᠠᠴᠠᠭᠤᠯᠤᠭᠰᠠᠭᠠᠷ ᠢᠷᠡᠭᠰᠡᠨ ᠪᠠᠶᠢᠨ᠎ᠠ᠃ | ︽ᠬᠦᠮᠦᠨ ᠪᠤᠯᠭᠠᠨ ᠠᠮᠢ ᠨᠠᠰᠤᠨ ᠳᠠᠭᠠᠨ ᠬᠠᠶᠢᠷᠠᠳᠠᠢ᠃ ᠬᠡᠨ ᠴᠤ ᠬᠡᠰᠡᠨ ᠦᠪᠡᠷ ᠤᠨ ᠪᠡᠶ᠎ᠡ ᠪᠠᠨ | ᠪᠤᠳᠤᠭᠠᠳ ᠭᠠᠷᠴᠤ ᠢᠷᠡᠬᠦ ᠦᠭᠡᠢ ᠪᠤᠯ ᠡᠨᠡ ᠠᠵᠢᠯ ᠢ ᠬᠢᠬᠦ ᠬᠦᠮᠦᠨ ᠦᠭᠡᠢ ᠪᠤᠯᠤᠨ᠎ᠠ︾ ᠬᠡᠵᠦ ᠲᠠᠪᠠᠯᠭᠠᠨ ᠶᠠᠷᠢᠵᠦ | ᠪᠠᠶᠢᠯ᠎ᠠ᠃ ᠤᠯᠠᠨ ᠬᠦᠮᠦᠰ ᠲᠠᠪᠠᠯᠭᠠᠨ ᠤ ᠵᠢᠰᠦ ᠴᠢᠷᠠᠢ ᠶᠢ ᠨᠢ ᠤᠯᠵᠦ ᠦᠵᠡᠭᠰᠡᠨ ᠦᠭᠡᠢ᠂ ᠲᠠᠭ ᠲᠠᠨᠢᠬᠤ ᠦᠭᠡᠢ | ᠵᠠᠯᠠᠭᠤ ᠪᠠᠶᠢᠨ᠎ᠠ ᠬᠡᠮᠡᠨ ᠶᠠᠷᠢᠵᠦ ᠪᠠᠶᠢᠭᠰᠠᠨ ᠬᠡᠬᠦ ᠶᠢ ᠰᠤᠨᠤᠰᠤᠯ᠎ᠠ᠃ ᠲᠠᠪᠠᠯᠭᠠᠨ ᠤ ᠬᠤᠪᠢ ᠳᠤ ᠤᠳᠤᠬᠠᠨ ᠤ | ᠬᠠᠮᠤᠭ ᠤᠨ ᠶᠡᠭᠡ ᠬᠦᠰᠡᠯ ᠪᠤᠯ ᠬᠢᠵᠢᠭ ᠡᠪᠡᠳᠴᠢᠨ ᠡᠷᠳᠡ ᠨᠢᠭᠡᠨ ᠡᠳᠦᠷ ᠦᠩᠭᠡᠷᠡᠵᠦ᠂ ᠬᠦᠮᠦᠰ | ᠲᠤᠰᠠᠭᠠᠷᠯᠠᠯ ᠠᠴᠠ ᠭᠠᠷᠴᠤ᠂ ᠬᠦᠯ ᠬᠤᠷᠢᠭ᠎ᠠ ᠲᠠᠶᠢᠯᠤᠭᠳᠠᠬᠤ ᠳᠤ ᠬᠦᠦ᠂ ᠬᠡᠤᠬᠡᠨ ᠢᠶᠠᠨ ᠲᠠᠭᠠᠭᠤᠯᠤᠭᠠᠳ ᠬᠦᠳᠡᠭᠡ | ᠨᠤᠳᠤᠭ ᠭᠤᠷᠪᠠᠨᠬᠤᠳᠳᠤᠭ ᠲᠠᠭᠠᠨ ᠬᠠᠷᠢᠵᠦ ᠴᠡᠪᠡᠷ ᠴᠡᠩᠭᠡᠭ ᠠᠭᠠᠷ ᠠᠮᠢᠰᠬᠤᠯᠯᠠᠨ᠂ ᠮᠠᠯ ᠠᠬᠤᠢ ᠪᠠᠨ ᠡᠷᠬᠢᠵᠦ | ᠦᠵᠡᠬᠦ ᠪᠤᠯᠤᠨ᠎ᠠ᠃ ᠡᠨᠡ ᠨᠢ ᠡᠵᠡᠨ᠎ᠡ ᠶᠢᠨ ᠬᠡᠴᠢᠨᠡᠨ ᠴᠤ ᠤᠯᠠᠨ ᠮᠠᠯᠴᠢᠨ ᠲᠦᠮᠡᠨ ᠤ ᠬᠦᠰᠡᠯ ᠪᠤᠯᠤᠭᠰᠠᠨ ᠪᠤᠯ︖ | |