ᠬᠦᠬᠦᠤᠷ᠄ ᠲᠤᠷᠭᠤᠳ ᠬᠦᠮᠦᠰ ᠬᠦᠬᠦᠤᠷ ᠭᠡᠵᠦ᠂ ᠬᠠᠯᠬ᠎ᠠ ᠬᠦᠮᠦᠰ ᠬᠥᠬᠡᠷᠬᠡ ᠭᠡᠳᠡᠭ᠃ ᠪᠤᠯᠤᠷ᠂ | ᠨᠤᠭᠤᠭᠠᠨ ᠴᠠᠭᠠᠨ ᠬᠠᠰᠢ᠂ ᠤᠨᠳᠤᠷᠠᠭ᠎ᠠ᠂ ᠮᠠᠨᠤ᠂ ᠱᠠᠭᠠᠵᠠᠩ᠂ ᠬᠤᠪᠠ᠂ ᠰᠢᠯ᠂ ᠮᠤᠳᠤ᠂ ᠡᠪᠡᠷ ᠪᠦᠳᠦᠴᠡ ᠲᠠᠢ᠂ | ᠱᠢᠷᠦ᠂ ᠬᠤᠪᠠᠨ ᠲᠠᠭᠯᠠᠭ᠎ᠠ ᠲᠠᠢ ᠬᠦᠬᠦᠤᠷ ᠠᠷᠪᠢᠨ ᠪᠠᠶᠢᠳᠠᠭ ᠪᠠᠶᠢᠭᠰᠠᠨ ᠪᠦᠭᠡᠳ ᠪᠦᠷ ᠬᠤᠳᠠᠯᠳᠤᠭ᠎ᠠ ᠢᠷᠡᠳᠡᠭ | ᠪᠠᠶᠢᠵᠠᠢ᠃ ᠡᠳᠡᠭᠡᠷ ᠠᠴᠠ ᠰᠢᠯ᠂ ᠱᠠᠭᠠᠵᠠᠩ ᠬᠦᠬᠦᠤᠷ ᠢ ᠤᠯᠠᠩᠬᠢ ᠬᠠᠷᠠᠴᠤ ᠠᠷᠠᠳ ᠬᠡᠷᠡᠭᠯᠡᠬᠦ ᠠᠴᠠ | ᠪᠤᠰᠤᠳ ᠢ ᠨᠢ ᠪᠠᠶᠠᠳ ᠨᠤᠶᠠᠳ ᠰᠠᠶᠢᠳ ᠲᠦᠰᠢᠮᠡᠳ ᠬᠡᠷᠡᠭᠯᠡᠵᠦ᠂ ᠯᠠᠮᠠ ᠨᠠᠷ ᠭᠤᠤᠯᠳᠠᠭᠤ ᠡᠪᠡᠷ ᠬᠦᠬᠦᠤᠷ | ︵ᠤᠰᠤᠨ ᠦᠬᠡᠷ ᠤᠨ ᠡᠪᠡᠷ᠂ ᠰᠠᠷᠯᠤᠭ ᠤᠨ ᠡᠪᠡᠷ ᠢᠶᠠᠷ ᠬᠢᠭᠰᠡᠨ︶᠂ ᠬᠤᠪᠠ᠂ ᠮᠤᠳᠤᠨ ᠬᠦᠬᠦᠤᠷ ᠬᠡᠷᠡᠭᠯᠡᠳᠡᠭ᠃ | ᠬᠦᠬᠦᠤᠷ ᠢᠶᠠᠨ ᠡᠷᠡᠭᠳᠡᠶᠢᠴᠦᠳ ᠬᠦᠬᠦᠤᠷ ᠤᠨ ᠲᠠᠯᠢᠩ ᠳᠠᠭᠠᠨ᠂ ᠪᠦᠰᠡᠭᠦᠶᠢᠴᠦᠳ ᠬᠡᠳᠡᠪᠴᠢ ᠳᠡᠭᠡᠨ ᠬᠢᠵᠦ | ᠬᠡᠵᠢᠶᠡᠳᠡ ᠪᠡᠶᠡᠨ ᠳᠡᠭᠡᠨ ᠠᠪᠴᠤ ᠶᠠᠪᠤᠬᠤ ᠶᠤᠰᠤ ᠲᠠᠢ᠃ ᠬᠦᠬᠦᠤᠷ ᠲᠡᠭᠡᠨ ᠬᠤᠳᠠᠯᠳᠤᠭ᠎ᠠ ᠢᠷᠡᠳᠡᠭ ᠰᠢᠷ᠎ᠠ | ᠲᠠᠮᠠᠬᠢ᠂ ᠠᠽᠤᠤ ᠲᠠᠮᠠᠬᠢ ᠶᠢ ᠦᠪᠡᠷᠰᠡᠳ ᠢᠶᠠᠨ ᠨᠠᠶᠢᠷᠠᠭᠤᠯᠤᠭᠠᠳ ᠬᠢᠵᠦ ᠲᠠᠳᠠᠳᠠᠭ᠂ ᠠᠽᠤᠤ ᠲᠠᠮᠠᠬᠢ ᠭᠡᠵᠦ | ᠨᠠᠷᠢᠨ ᠮᠤᠳᠤᠯᠢᠭ ᠵᠦᠢᠯ᠂ ᠲᠡᠭᠦᠨ ᠢᠶᠠᠨ ᠤᠭᠤᠷ ᠨᠦᠳᠦᠭᠦᠷ ᠲᠤ ᠬᠢᠭᠡᠳ ᠨᠦᠳᠦᠵᠦ ᠲᠠᠯᠬᠠᠯᠠᠵᠤ᠂ ᠭᠡᠭᠡᠷ᠎ᠡ | ᠭᠤᠪᠢ ᠶᠢᠨ ᠵᠡᠭᠡᠷᠭᠡᠨ᠎ᠡ ᠲᠡᠭᠦᠵᠦ ᠲᠦᠯᠡᠵᠦ ᠰᠢᠭᠰᠢᠭᠡᠳ ᠲᠠᠯᠬᠠᠯᠠᠭᠰᠠᠨ ᠠᠽᠤᠤ ᠲᠠᠢ ᠪᠠᠨ ᠨᠡᠶᠢᠯᠡᠭᠦᠯᠵᠦ ᠮᠤᠩᠭᠤᠯ | ᠠᠷᠢᠬᠢ ᠪᠠᠷ ᠨᠤᠬᠤᠵᠤ ᠨᠠᠶᠢᠷᠠᠭᠤᠯᠳᠠᠭ ᠪᠠᠶᠢᠵᠠᠢ᠃ | ᠭᠡᠳᠡ ᠬᠢᠳᠤᠭ᠎ᠠ᠄ ᠭᠡᠳᠡ ᠭᠡᠵᠦ ᠪᠤᠯᠢᠭᠠᠷᠢ᠂ ᠮᠦᠩᠭᠦ᠂ ᠫᠤᠯᠢᠶᠠᠰᠤ᠂ ᠭᠠᠤᠯᠢ ᠪᠤᠶᠤ ᠲᠡᠮᠦᠷ᠂ ᠭᠠᠩ ᠢᠶᠠᠷ | ᠪᠦᠷᠢᠯᠳᠦᠳᠡᠭ ᠵᠢᠵᠢᠭ ᠡᠳ᠋ᠯᠡᠯ᠃ ᠡᠬᠡ ᠪᠡᠶ᠎ᠡ ᠶᠢ ᠨᠢ ᠪᠤᠯᠢᠭᠠᠷᠢ ᠪᠠᠷ᠂ ᠦᠨᠴᠦᠭ ᠬᠦᠪᠡᠭᠡ ᠶᠢ ᠨᠢ ᠮᠦᠩᠭᠦ᠂ | ᠫᠤᠯᠢᠶᠠᠰᠤ ᠪᠤᠶᠤ ᠭᠠᠤᠯᠢ ᠪᠠᠷ ᠬᠢᠳᠡᠭ᠂ ᠭᠡᠳᠡ ᠬᠢᠳᠤᠭ᠎ᠠ ᠶᠢᠨ ᠬᠤᠢ᠂ ᠬᠢᠳᠤᠭ᠎ᠠ ᠶᠢᠨ ᠳ᠋ᠤᠭ᠂ ᠪᠠᠯ ᠢ ᠠᠳᠠᠯᠢ ᠡᠳ᠋ | ︵ᠮᠦᠩᠭᠦ ᠪᠤᠯ ᠪᠦᠷ ᠮᠦᠩᠭᠦ︶ ᠪᠠᠷ ᠬᠢᠬᠦ ᠶᠢ ᠡᠷᠬᠢᠮᠯᠡᠳᠡᠭ ᠪᠠᠶᠢᠵᠠᠢ᠃ ᠬᠤᠶᠠᠷ ᠪᠠᠯ ᠬᠢᠭᠡᠳ ᠬᠡᠳᠡ ᠬᠢᠳᠤᠭ᠎ᠠ ᠶᠢ | ᠬᠤᠯᠪᠤᠬᠤ ᠲᠤᠰᠬᠠᠢ ᠤᠭᠤᠰᠤᠷ ᠲᠠᠢ᠂ ᠡᠨᠡᠬᠦ ᠤᠭᠤᠰᠤᠷ ᠨᠢ ᠮᠦᠩᠭᠦ᠂ ᠰᠤᠷ ᠪᠤᠶᠤ ᠭᠦᠷᠦᠮᠡᠯ ᠤᠳᠠᠰᠤᠨ | ᠤᠭᠤᠰᠤᠷ ᠪᠦᠳᠦᠴᠡ ᠲᠠᠢ ᠪᠦᠷ ᠪᠠᠶᠢᠳᠠᠭ᠃ ᠭᠡᠳᠡ ᠳᠤ ᠴᠠᠬᠢᠭᠤᠷ ᠴᠢᠯᠠᠭᠤ ᠪᠠ ᠪᠢᠰᠢᠭ ᠢᠶᠠᠨ ᠬᠢᠳᠡᠭ᠂ ᠴᠠᠭᠢᠭᠤᠷ | ᠴᠢᠯᠠᠭᠤ ᠪᠠᠨ ᠭᠡᠳᠡ ᠶᠢᠨ ᠭᠠᠩ ᠳᠤ ᠬᠠᠪᠠᠷᠴᠤ ᠴᠤᠬᠢᠭᠰᠠᠭᠠᠷ ᠭᠠᠯ ᠭᠠᠷᠤᠨ᠎ᠠ᠂ ᠲᠡᠷᠡ ᠭᠠᠯ ᠢᠶᠠᠷ ᠲᠤᠤᠷᠠᠢ ᠶᠢᠨ | ᠪᠢᠰᠢᠭ ᠢᠶᠠᠨ ᠨᠤᠴᠤᠭᠠᠵᠤ ᠲᠠᠭᠢᠭᠠᠳ ᠨᠤᠴᠤᠭᠠᠭᠰᠠᠨ ᠪᠢᠰᠢᠭ ᠢᠶᠠᠷ ᠢᠶᠠᠨ ᠲᠦᠯᠡᠭᠡ ᠪᠠᠨ ᠠᠰᠠᠭᠠᠨ᠎ᠠ᠃ ᠴᠠᠬᠢᠭᠤᠷ | ᠴᠢᠯᠠᠭᠤ᠂ ᠪᠢᠰᠢᠭ ᠲᠠᠢ ᠯᠠ ᠪᠤᠯ ᠬᠦᠳᠡᠭᠡ ᠭᠠᠵᠠᠭ᠎ᠠ ︵ᠭᠠᠳᠠᠭ᠎ᠠ︶ ᠭᠠᠯ ᠦᠭᠡᠢ ᠬᠤᠨᠤᠬᠤ ᠤᠴᠢᠷ ᠦᠭᠡᠢ᠃ | ᠤᠨᠴᠠ ᠵᠠᠷᠢᠮ ᠨᠢ ᠮᠦᠩᠭᠦᠨ ᠤ ᠲᠠᠷᠬᠠᠨ ᠢᠶᠠᠷ ᠬᠢᠯᠭᠡᠬᠦ ᠠᠴᠠ ᠤᠯᠠᠩᠬᠢ ᠨᠢ ᠬᠤᠳᠠᠯᠳᠤᠭ᠎ᠠ ᠭᠡᠳᠡ ᠬᠢᠳᠤᠭ᠎ᠠ | ᠬᠡᠷᠡᠭᠯᠡᠵᠦ᠂ ᠴᠠᠬᠢᠭᠤᠷ ᠴᠢᠯᠠᠭᠤ ᠪᠠ ᠪᠢᠰᠢᠭ ᠢᠶᠠᠨ ᠬᠠᠷᠢᠨ ᠦᠪᠡᠷᠰᠡᠳ ᠢᠶᠠᠨ ᠪᠡᠯᠡᠳᠳᠡᠭ ᠪᠠᠶᠢᠵᠠᠢ᠂ | ᠦᠩᠭᠡᠷᠡᠭᠰᠡᠨ ᠳᠤ ᠡᠷᠡᠭᠳᠡᠶᠢᠴᠦᠳ ᠠᠶᠢᠯ ᠳᠤ ᠤᠷᠤᠬᠤ ᠳ᠋ᠠᠭᠠᠨᠬᠢᠳᠤᠭᠠ ᠪᠠᠨ ᠵᠠᠪᠠᠯ ᠪᠠᠭᠤᠯᠭᠠᠵᠤ ᠤᠷᠤᠬᠤ ᠶᠤᠰᠤ | ᠲᠠᠢ ᠪᠠᠶᠢᠭᠰᠠᠨ᠃ | ᠪᠠᠯ᠄ ᠬᠠᠰᠢ᠂ ᠮᠦᠩᠭᠦ᠂ ᠫᠤᠯᠢᠶᠠᠰᠤ᠂ ᠭᠠᠤᠯᠢ ᠪᠤᠶᠤ ᠲᠡᠮᠦᠷ ᠢᠶᠠᠷ ᠬᠢᠭᠰᠡᠨ ᠡᠳ᠋ᠯᠡᠯ᠃ ᠡᠷᠡᠭᠳᠡᠶᠢᠴᠦᠳ | ᠪᠦᠰᠡᠭᠦᠶᠢᠴᠦᠳ ᠦᠭᠡᠢ ᠲᠤᠭᠤᠢ ᠪᠡᠯ ︵ᠲᠠᠪᠤᠨ ᠲᠠᠷᠢᠶ᠎ᠠ ᠲᠠᠢ ᠲᠤᠭᠤᠢ ᠪᠡᠯ ᠪᠠᠰᠠ ᠪᠠᠶᠢᠵᠤ᠂ ᠲᠡᠭᠦᠨ ᠢ ᠪᠦᠰᠡᠭᠦᠢ | ᠬᠦᠮᠦᠨ ᠵᠡᠭᠦᠳᠡᠭ ᠪᠠᠶᠢᠵᠠᠢ︶ ᠢ ᠶᠡᠭᠡ ᠵᠡᠭᠦᠵᠡᠭᠡᠵᠦ᠂ ᠡᠷᠡᠴᠦᠳ ᠤᠨ ᠵᠠᠷᠢᠮ ᠨᠢ ᠪᠠᠰᠠ ᠰᠠᠷᠠᠨ ᠬᠡᠯᠪᠡᠷᠢᠳᠦ ᠪᠡᠯ᠂ | ᠬᠦᠬᠦᠤᠷ ᠬᠡᠯᠪᠡᠷᠢᠳᠦ ᠪᠡᠯ ᠵᠡᠭᠦᠵᠦ᠂ ᠪᠦᠰᠡᠭᠦᠢ ᠶᠢᠨ ᠵᠠᠷᠢᠮ ᠨᠢ ᠪᠠᠰᠠ ᠡᠷᠭᠢᠭᠦᠯᠭᠡᠨ ᠪᠡᠯ ᠵᠡᠭᠦᠳᠡᠭ ᠪᠠᠶᠢᠭᠰᠠᠨ | ᠪᠦᠭᠡᠳ ᠨᠢᠭᠤᠷ ᠲᠠᠯ᠎ᠠ ᠳᠤᠨᠢ ᠪᠦᠷ ᠬᠡ ᠰᠢᠭᠢᠳᠭᠡᠷᠢ ᠲᠠᠢ᠂ ᠵᠠᠷᠢᠮ ᠤᠨ ᠬᠢᠨᠢ ᠰᠡᠮᠵᠢᠨ ᠳᠤᠨᠢ ᠬᠦᠷᠳᠡᠯ᠎ᠡ ᠵᠢᠵᠢᠭ | ᠰᠢᠭᠢᠳᠬᠡᠷᠢ ᠲᠠᠢ᠃ ᠤᠯᠠᠩᠬᠢ ᠨᠢ ᠬᠤᠳᠠᠯᠳᠤᠭ᠎ᠠ ᠪᠡᠯ ᠵᠡᠭᠦᠵᠦ᠂ ᠵᠠᠷᠢᠮ ᠨᠢ ᠪᠠᠰᠠ ᠮᠦᠩᠭᠦ᠂ ᠭᠠᠤᠯᠢ ᠪᠠᠨ | ᠦᠭᠭᠦᠭᠡᠳ ᠮᠦᠩᠭᠦᠨ ᠤ ᠲᠠᠷᠬᠠᠨ ᠢᠶᠠᠷ ᠬᠢᠯᠭᠡᠳᠡᠭ ᠪᠠᠶᠢᠵᠠᠢ᠃ ᠡᠷᠡᠭᠳᠡᠶᠢᠴᠦᠳ ᠪᠦᠰᠡ ᠪᠠᠨ ᠪᠤᠯᠢᠭᠠᠷᠢ ᠪᠠᠷ ᠬᠢᠭᠰᠡᠨ | ᠪᠢᠳᠡᠭᠦᠦ ᠭᠤᠭᠴᠤᠭ᠎ᠠ ᠳᠠᠭᠠᠨ ᠰᠦᠪᠡᠯᠡᠵᠦ᠂ ᠦᠨᠦ ᠭᠤᠭᠴᠤᠭ᠎ᠠ ᠠᠴᠠ ᠪᠠᠨ ᠬᠤᠶᠠᠷ ᠪᠡᠯ ᠢᠶᠠᠨ ᠵᠡᠭᠦᠨ᠎ᠡ᠂ ᠵᠡᠭᠦᠨ | ᠲᠠᠰᠢᠶᠠᠨ ᠳᠠᠬᠢ ᠪᠡᠯ ᠠᠴᠠ ᠪᠠᠨ ᠬᠡᠳᠡ᠂ ᠪᠠᠷᠠᠭᠤᠨ ᠲᠠᠰᠢᠶᠠᠨ ᠳᠠᠬᠢ ᠪᠡᠯ ᠠᠴᠠ ᠪᠠᠨ ᠬᠢᠳᠤᠭ᠎ᠠ ᠪᠠᠨ ᠵᠡᠭᠦᠳᠡᠭ᠃ | ᠪᠦᠰᠡᠭᠦᠢ ᠬᠦᠮᠦᠨ ᠪᠡᠯ ᠢᠶᠠᠨ ᠬᠤᠷᠮᠤᠢ ᠲᠠᠢ ᠲᠡᠪᠡᠯ᠂ ᠪᠧᠱᠮᠤᠳ ᠪᠤᠶᠤ ᠦᠴᠢ ᠶᠢᠨ ᠬᠤᠶᠠᠷ ᠰᠤᠭᠤᠨ ᠳᠠᠬᠢ | ᠲᠡᠪᠢᠴᠡ ᠶᠢᠨ ᠭᠤᠭᠴᠤᠭ᠎ᠠ ᠠᠴᠠ ᠵᠡᠭᠦᠳᠡᠭ ᠪᠦᠭᠡᠳ ᠪᠠᠷᠠᠭᠤᠨ ᠰᠤᠭᠤᠨ ᠳᠠᠬᠢ ᠪᠡᠯ ᠠᠴᠠ ᠬᠡᠳᠡᠪᠴᠢ ᠪᠠᠨ ᠵᠡᠭᠦᠵᠦ᠂ | ᠵᠡᠭᠦᠨ ᠰᠤᠭᠤᠨ ᠳᠠᠬᠢ ᠪᠡᠯ ᠠᠴᠠ ᠬᠤᠪᠤᠯᠠ᠂ ᠲᠦᠷᠦᠭᠡ ᠬᠤᠷᠤᠭᠤᠪᠴᠢ ᠪᠠᠨ ᠵᠡᠭᠦᠳᠡᠭ᠂ ᠵᠠᠷᠢᠮ ᠪᠦᠰᠡᠭᠦᠢ | ᠪᠡᠯ ᠠᠴᠠ ᠪᠠᠨ ᠪᠠᠰᠠ ᠤᠯᠠᠨ ᠵᠦᠢᠯ ᠤᠨ ᠠᠯᠴᠢᠭᠤᠷ ᠤᠶᠠᠵᠤ ᠭᠡᠭᠡᠷᠡᠳᠡᠭ ᠪᠠᠶᠢᠵᠠᠢ᠃ | ᠭᠠᠩᠰᠠ᠄ ᠭᠠᠩᠰᠠ ᠶᠢ ᠡᠵᠡᠨ᠎ᠡ ᠲᠤᠷᠭᠤᠳ ᠭᠠᠩᠵᠠ ᠭᠡᠳᠡᠭ ᠪᠠᠶᠢᠵᠠᠢ᠂ ᠭᠠᠩᠰᠠ ᠭᠡᠳᠡᠭ ᠪᠤᠯ ᠭᠠᠩᠰᠠᠨ ᠤ | ᠲᠤᠯᠤᠭᠠᠢ᠂ ᠭᠠᠩᠰᠠᠨ ᠭᠤᠤᠯ ᠪᠠ ᠰᠤᠷᠤᠭᠤᠯ ᠤᠨ ᠶᠡᠷᠦᠩᠬᠡᠢ ᠨᠡᠷ᠎ᠡ᠃ ᠭᠠᠩᠰᠠᠨ ᠤ ᠲᠤᠯᠤᠭᠠᠢ ᠶᠢᠨ ᠤᠯᠠᠩᠬᠢ ᠨᠢ | ᠲᠡᠮᠦᠷ ᠪᠠᠶᠢᠳᠠᠭ᠂ ᠫᠤᠯᠢᠶᠠᠰᠤ᠂ ᠮᠦᠩᠭᠦᠨ ᠤ ᠪᠠᠰᠠ ᠪᠠᠶᠢᠳᠠᠭ᠂ ᠭᠠᠩᠰᠠᠨ ᠤ ᠲᠤᠯᠤᠭᠠᠢ ᠶᠢᠨ ᠲᠡᠪ ᠢ ᠵᠠᠪᠠᠯ | ᠬᠠᠳᠠᠭᠤᠯᠢᠭ ᠲᠡᠮᠦᠷ ᠢᠶᠠᠷ ᠬᠢᠳᠡᠭ᠂ ᠮᠦᠩᠭᠦ ᠪᠠᠷ ᠬᠢᠪᠡᠯ ᠲᠡᠰᠳᠡᠭ ᠦᠭᠡᠢ ᠪᠠᠶᠢᠵᠠᠢ᠃ ᠰᠤᠷᠤᠭᠤᠯ ᠨᠢ ᠨᠤᠭᠤᠭᠠᠨ᠂ | ᠴᠠᠭᠠᠨ ᠬᠠᠰᠢ᠂ ᠮᠠᠨᠤ᠂ ᠱᠠᠭᠠᠵᠠᠩ᠂ ᠰᠢᠯ᠂ ᠴᠠᠭᠠᠨ ᠭᠠᠤᠯᠢ᠂ ᠬᠤᠪᠠ ᠪᠦᠳᠦᠴᠡ ᠲᠠᠢ ᠪᠦᠷ ᠪᠠᠶᠢᠵᠠᠢ᠂ | ᠡᠳᠡᠭᠡᠷ ᠤᠨ ᠲᠤᠳᠤᠷ᠎ᠠ ᠠᠴᠠ ᠬᠠᠰᠢ ᠰᠤᠷᠤᠭᠤᠯ ᠶᠡᠭᠡ ᠡᠳ᠋ᠯᠡᠳᠡᠭ᠃ ᠭᠠᠩᠰᠨ ᠪᠠᠨ ᠤᠯᠠᠩᠬᠢ ᠨᠢ ᠭᠤᠳᠤᠯ ᠤᠨ | ᠲᠦᠷᠡᠢ ᠳᠡᠭᠡᠨ ᠰᠢᠷᠭᠤᠭᠤᠯᠵᠤ᠂ ᠤᠨᠴᠠ ᠵᠠᠷᠢᠮ ᠨᠢ ᠪᠦᠰᠡᠨ ᠳᠡᠭᠡᠨ ᠬᠠᠪᠴᠢᠭᠤᠯᠬᠤ ᠪᠤᠶᠤ ᠡᠪᠦᠷᠳᠦᠯᠡᠳᠡᠭ᠃ | ᠭᠠᠩᠰᠠᠨ ᠤ ᠲᠤᠯᠤᠭᠠᠢ᠂ ᠭᠤᠤᠯ᠂ ᠰᠤᠷᠤᠭᠤᠯ ᠲᠤᠰ ᠲᠤᠰ ᠲᠠᠭᠠᠨ ᠬᠤᠳᠠᠯᠳᠤᠭ᠎ᠠ ᠢᠷᠡᠵᠦ᠂ ᠦᠪᠡᠷᠰᠡᠳ ᠢᠶᠠᠨ | ᠲᠠᠭᠠᠷᠠᠭᠤᠯᠵᠤ ᠤᠭᠯᠠᠵᠤ ᠠᠪᠳᠠᠭ ᠪᠠᠶᠢᠭᠰᠠᠨ ᠪᠦᠭᠡᠳ ᠭᠤᠤᠯᠳᠠᠭᠤ ᠨᠠᠰᠤᠨ ᠳᠤ ᠬᠦᠷᠦᠭᠰᠡᠨ ᠡᠷᠡᠴᠦᠳ ᠲᠠᠳᠠᠵᠤ᠂ | ᠨᠡᠯᠢᠶᠡᠳ ᠨᠠᠰᠤᠵᠢᠭᠰᠠᠨ ᠡᠮᠡᠭᠡᠳ ᠠᠴᠠ ᠵᠠᠷᠢᠮ ᠨᠢ ᠪᠠᠰᠠ ᠲᠠᠳᠠᠳᠠᠭ ᠪᠠᠶᠢᠵᠠᠢ᠃ ᠭᠠᠩᠰᠠᠨ ᠳᠠᠭᠠᠨ ᠬᠤᠳᠠᠯᠳᠤᠭ᠎ᠠ | ᠢᠷᠡᠳᠡᠭ ᠲᠦᠩᠰᠡᠨ ᠲᠠᠮᠠᠬᠢ ︵ᠲᠠᠷᠤᠢ ᠨᠠᠪᠴᠢᠨ ᠲᠠᠮᠠᠬᠢ︶ ᠬᠢᠵᠦ ᠲᠠᠳᠠᠵᠠᠭᠠᠳᠠᠭ᠂ ᠭᠠᠩᠰᠠ ᠲᠠᠳᠠᠬᠤ ᠳᠤ | ᠮᠦᠩᠭᠦ᠂ ᠫᠤᠯᠢᠶᠠᠰᠤ ᠪᠤᠶᠤ ᠲᠡᠮᠦᠷ ᠢᠶᠠᠷ ᠬᠢᠭᠰᠡᠨ ᠴᠤᠬᠢᠯᠠᠭᠤᠷ᠂ ᠰᠡᠳᠬᠡᠭᠦᠷ ᠬᠡᠷᠡᠭᠯᠡᠳᠡᠭ᠃ ᠴᠤᠬᠢᠯᠠᠭᠤᠷ ᠭᠡᠵᠦ | ᠵᠢᠵᠢᠭ ᠬᠤᠨᠳᠠᠭ᠎ᠠ ᠬᠡᠪᠳᠡᠢ ᠶᠠᠭᠤᠮ᠎ᠠ᠂ ᠭᠠᠩᠰᠠᠨ ᠤ ᠲᠤᠯᠤᠭᠠᠢ ᠳᠠᠬᠢ ᠦᠨᠡᠰᠦ ᠶᠢ ᠴᠤᠬᠢᠵᠤ ᠭᠠᠷᠭᠠᠬᠤ ᠦᠢᠯᠡᠳᠦᠯ | ᠲᠠᠢ᠂ ᠰᠡᠳᠬᠡᠭᠦᠷ ᠭᠡᠵᠦ ᠨᠠᠷᠢᠨ ᠭᠤᠬᠢᠭᠠᠷ ᠶᠠᠭᠤᠮ᠎ᠠ᠂ ᠭᠠᠩᠰᠠᠨ ᠤ ᠲᠤᠯᠤᠭᠠᠢ ᠳᠠᠬᠢ ᠪᠤᠬᠢ ᠮᠠᠯᠳᠠᠨ ᠭᠠᠷᠭᠠᠬᠤ | ᠦᠢᠯᠡᠳᠦᠯ ᠦᠵᠡᠭᠦᠯᠦᠨ᠎ᠡ᠃ | ᠭᠠᠤ᠄ ᠡᠮᠡᠭᠳᠡᠶᠢᠴᠦᠳ ᠤᠨ ᠬᠦᠵᠦᠭᠦᠨ ᠳᠡᠭᠡᠨ ᠤᠭᠤᠰᠤᠷᠯᠠᠨ ᠵᠡᠭᠦᠳᠡᠭ ᠮᠦᠩᠭᠦᠨ ᠡᠳ᠋ᠯᠡᠯ᠃ | ᠬᠤᠷᠯᠤ ᠭᠠᠤ ᠪᠠ ᠪᠤᠷᠬᠠᠳᠤ ᠭᠠᠤ ᠬᠡᠵᠦ ᠪᠠᠶᠢᠳᠠᠭ᠂ ᠪᠤᠷᠬᠠᠳᠤ ᠭᠠᠤ ᠨᠢ ᠬᠠᠪᠳᠠᠭᠠᠶᠢᠳᠠᠭᠤ ᠲᠤᠭᠤᠢ ᠬᠡᠯᠪᠡᠷᠢ ᠲᠠᠢ᠂ | ᠲᠤᠳᠤᠷ᠎ᠠ ᠪᠠᠨ ᠬᠦᠨᠳᠡᠢ ᠪᠠᠶᠢᠳᠠᠭ᠂ ᠬᠦᠨᠳᠡᠢ ᠲᠤᠳᠤᠷ᠎ᠠ ᠤᠯᠠᠩᠬᠢ ᠨᠢ ᠪᠤᠷᠬᠠᠨ ᠰᠠᠬᠢᠭᠤᠯᠰᠤᠨ ᠤ ᠴᠠᠭᠠᠰᠤᠨ ᠪᠠᠷ | ᠵᠢᠷᠤᠭ ᠬᠢᠳᠡᠭ᠂ ᠠᠮᠢ ᠨᠠᠰᠤ ᠬᠠᠮᠠᠭᠠᠯᠠᠵᠤ ᠭᠠᠢ ᠪᠡᠷᠴᠢᠳ ᠠᠷᠢᠯᠭᠠᠬᠤ ᠦᠢᠯᠡᠳᠦᠯ ᠲᠠᠢ ᠭᠡᠮᠡᠨ ᠦᠵᠡᠳᠡᠭ ᠪᠠᠶᠢᠵᠠᠢ᠃ | | ᠰᠦᠢᠬᠡ ︵ᠡᠭᠡᠮᠦᠭ︶᠄ ᠰᠦᠢᠬᠡ᠂ ᠡᠭᠡᠮᠦᠭ ᠢ ᠭᠤᠤᠯᠳᠠᠭᠤ ᠮᠦᠩᠭᠦᠨ ᠤ ᠲᠠᠷᠬᠠᠨ ᠳᠤ ᠮᠦᠩᠭᠦ᠂ ᠭᠠᠤᠯᠢ᠂ | ᠬᠤᠷᠭᠤᠯᠵᠢ ᠪᠠᠨ ᠦᠭᠭᠦᠭᠡᠳ ᠬᠢᠯᠭᠡᠳᠡᠭ ᠪᠠᠶᠢᠭᠰᠠᠨ ᠪᠦᠭᠡᠳ ᠤᠯᠠᠩᠬᠢ ᠨᠢ ᠮᠦᠩᠭᠦᠨ ᠤ ᠬᠢ ᠶᠢ ᠵᠡᠭᠦᠳᠡᠭ | ᠪᠠᠶᠢᠵᠠᠢ᠃ ᠡᠮᠡᠭᠳᠡᠶᠢᠴᠦᠳ ᠴᠢᠬᠢ ᠮᠤᠬᠤᠷ ᠪᠠᠶᠢᠯᠭᠠᠬᠤ ᠶᠤᠰᠤ ᠦᠭᠡᠢ᠂ ᠵᠠᠪᠠᠯ ᠰᠦᠢᠬᠡ ᠡᠭᠡᠮᠦᠭ ᠵᠡᠭᠦᠳᠡᠭ᠃ | ᠬᠡᠦᠬᠡᠨ ᠬᠡᠦᠬᠡᠰ ᠢ ᠠᠷᠪᠠ ᠬᠦᠷᠦᠭᠰᠡᠭᠡᠷ ᠴᠢᠬᠢ ᠶᠢ ᠨᠢ ᠴᠤᠭᠤᠯᠤᠨ ᠡᠭᠡᠮᠦᠭ ᠵᠡᠭᠦᠯᠭᠡᠨ᠎ᠡ᠃ ᠰᠦᠢᠬᠡ ᠡᠭᠡᠮᠦᠭ ᠲᠤ | ᠫᠠᠶᠢᠽᠢ ᠰᠦᠢᠬᠡ᠂ ᠪᠦᠭᠡᠷ᠎ᠡ ᠰᠦᠢᠬᠡ᠂ ᠰᠠᠨᠵᠢᠯᠭ᠎ᠠ ᠰᠦᠢᠬᠡ᠂ ᠭᠠᠷᠠᠬᠠᠨ ᠡᠭᠡᠮᠦᠭ᠂ ᠰᠡᠭᠦᠵᠢᠨ ᠡᠭᠡᠮᠦᠭ᠂ ᠸᠴᠢᠷ | ᠡᠭᠡᠮᠦᠭ᠂ ᠬᠤᠷᠯᠤ ᠡᠭᠡᠮᠦᠭ᠂ ᠽᠡᠨᠳᠡ ᠡᠭᠡᠮᠦᠭ᠂ ᠽᠡᠨᠳᠡ ᠬᠤᠷᠯᠤ ᠡᠭᠡᠮᠦᠭ ︵ᠲᠤᠮᠳᠠ ᠪᠠᠨ ᠵᠠᠯᠭᠠᠭᠠᠰᠤ ᠲᠠᠢ︶᠂ | ᠮᠦᠩᠭᠦᠨ ᠤᠳᠠᠰᠤᠨ ᠡᠭᠡᠮᠦᠭ ᠵᠡᠷᠭᠡ ᠪᠠᠶᠢᠳᠠᠭ᠂ ᠡᠳᠡᠭᠡᠷ ᠤᠨ ᠲᠤᠳᠤᠷ᠎ᠠ ᠠᠴᠠ ᠽᠠᠨᠳᠠ᠂ ᠽᠠᠨᠳᠠ ᠬᠤᠷᠯᠤ ᠡᠭᠡᠮᠦᠭ᠂ | ᠮᠦᠩᠭᠦᠨ ᠤᠳᠠᠰᠤᠨ ᠡᠭᠡᠮᠦᠭ ᠢ ᠨᠡᠯᠢᠶᠠᠳ ᠬᠤᠵᠢᠭᠤ ᠵᠡᠭᠦᠬᠦ ᠪᠤᠯᠵᠠᠢ᠃ ᠫᠠᠶᠢᠽᠢ ᠰᠦᠢᠬᠡ ᠪᠦᠳᠦᠭᠦᠨ ᠪᠠᠭᠠᠴᠠᠷ | ᠬᠤᠶᠠᠷ ᠵᠦᠢᠯ ᠶᠤᠮ᠂ ᠪᠦᠰᠡᠭᠦᠶᠢᠴᠦᠳ ᠭᠤᠤᠯᠳᠠᠭᠤ ᠨᠠᠶᠢᠷ ᠨᠠᠭᠠᠳᠤᠮ ᠤᠨ ᠴᠠᠭ ᠲᠤ ᠵᠡᠭᠦᠵᠡᠭᠡᠨᠡ᠂ ᠲᠤᠰ | ᠰᠦᠢᠬᠡ ᠬᠠᠪᠳᠠᠭᠠᠢ ᠬᠡᠯᠪᠡᠷᠢ ᠲᠠᠢ᠂ ᠵᠠᠷᠢᠮ ᠨᠢ ᠭᠤᠤᠯ ᠲᠤᠮᠳᠠ ᠪᠠᠨ ᠭᠠᠭᠴᠠ ᠪᠦᠳᠦᠭᠦᠨ ᠰᠢᠭᠢᠳᠬᠡᠷᠢ ᠲᠠᠢ᠂ | ᠵᠠᠷᠢᠮ ᠨᠢ ᠭᠤᠤᠯ ᠳᠠᠭᠠᠨ ᠪᠦᠳᠦᠭᠦᠨ ᠰᠢᠭᠢᠳᠬᠡᠷᠢ ᠲᠠᠢ ᠪᠠᠷ ᠦᠯᠦ ᠪᠠᠷᠠᠮ ᠡᠷᠭᠢᠨ ᠲᠤᠭᠤᠷᠢᠨ ᠵᠢᠵᠢᠭ ᠰᠢᠭᠢᠳᠬᠡᠭᠡ | ᠲᠠᠢ᠂ ᠰᠢᠭᠢᠳᠬᠡᠷᠢ ᠨᠢ ᠤᠯᠠᠭᠠᠨ᠂ ᠨᠤᠭᠤᠭᠠᠨ ᠱᠢᠷᠦ ᠤᠭ᠍ᠶᠤ ᠪᠠᠶᠢᠳᠠᠭ ᠪᠠᠶᠢᠵᠠᠢ᠂ ᠫᠠᠶᠢᠽᠢ ᠰᠦᠢᠬᠡ ᠶᠢᠨ | ᠬᠠᠪᠳᠠᠭᠠᠢ ᠶᠢᠨ ᠲᠤᠤᠷ᠎ᠠ ᠨᠢ ᠭᠤᠷᠪᠠᠨ ᠮᠦᠩᠭᠦᠨ ᠤᠳᠠᠰᠤᠨ ᠰᠠᠨᠵᠢᠯᠭ᠎ᠠ ᠲᠠᠢ᠂ ᠵᠠᠷᠢᠮ ᠨᠢ ᠪᠠᠰᠠ ᠲᠠᠪᠤᠨ ᠲᠠᠷᠢᠶᠠᠨ | ᠰᠠᠨᠵᠢᠯᠭ᠎ᠠ ᠲᠠᠢ᠂ ᠰᠠᠨᠵᠢᠯᠭ᠎ᠠ ᠶᠢᠨ ᠲᠤᠤᠷ᠎ᠠ ᠨᠢ ᠵᠢᠵᠢᠭ ᠪᠦᠨᠵᠢᠭᠢᠨᠡᠭᠦᠷ ᠲᠠᠢ᠂ ᠵᠠᠷᠢᠮ ᠨᠢ ᠪᠠᠰᠠ ᠵᠢᠵᠢᠭ ᠬᠤᠩᠬᠤ | ᠲᠠᠢ ᠪᠠᠶᠢᠳᠠᠭ ᠪᠠᠶᠢᠵᠠᠢ᠃ ᠬᠠᠪᠳᠠᠭᠠᠢ ᠰᠦᠢᠬᠡ ᠪᠠ ᠰᠠᠨᠵᠢᠯᠭ᠎ᠠ ᠶᠢ ᠬᠤᠯᠪᠤᠬᠤ᠂ ᠰᠠᠨᠵᠢᠯᠭ᠎ᠠ ᠪᠠ ᠪᠦᠨᠵᠢᠭᠢᠨᠡᠭᠦᠷ ᠢ | ᠬᠤᠯᠪᠤᠬᠤ ᠰᠡᠭᠦᠵᠢᠨ ᠬᠡᠯᠪᠡᠷᠢ ᠲᠠᠢ ᠭᠠᠷᠠᠬ᠎ᠠ ᠲᠠᠢ᠃ ᠬᠤᠵᠢᠭᠤ ᠪᠤᠯᠵᠤ ᠢᠷᠡᠭᠡᠳ ᠪᠦᠳᠦᠭᠦᠨ ᠪᠦᠭᠡᠳ ᠬᠦᠨᠳᠦ | ᠰᠦᠢᠬᠡ ᠡᠭᠡᠮᠦᠭ ᠢ ᠲᠡᠭᠡᠭᠰᠢ ᠲᠠᠳᠠᠵᠤ ᠦᠭᠬᠦ ᠦᠢᠯᠡᠳᠦᠯ ᠦᠵᠡᠭᠦᠯᠬᠦ ᠡᠭᠡᠮᠦᠭ ᠤᠨ ᠲᠠᠳᠠᠭᠤᠷ ᠭᠡᠭᠴᠢ ᠶᠢ | ᠬᠡᠷᠡᠭᠯᠡᠳᠡᠭ ᠪᠤᠯᠵᠤ᠂ ᠬᠤᠶᠠᠷ ᠡᠭᠡᠮᠦᠭ ᠢ ᠬᠤᠯᠪᠤᠬᠤ ᠡᠭᠡᠮᠦᠭ ᠤᠨ ᠬᠤᠯᠪᠤᠭ᠎ᠠ ᠶᠢ ᠴᠤ ᠬᠡᠷᠡᠭᠯᠡᠳᠡᠭ ᠪᠤᠯᠵᠠᠢ᠂ | ᠡᠭᠡᠮᠦᠭ ᠤᠨ ᠲᠠᠳᠠᠭᠤᠷ ᠪᠤᠯᠤᠨ ᠬᠤᠯᠪᠤᠭ᠎ᠠ ᠶᠢ ᠪᠠᠶᠠᠨ ᠴᠢᠨᠡᠭᠡᠯᠢᠭ ᠨᠢ ᠮᠦᠩᠭᠦᠨ ᠤᠳᠠᠰᠤ ᠪᠠᠷ᠂ ᠶᠠᠳᠠᠭᠤ ᠨᠢ | ᠪᠦᠰ ᠢᠶᠠᠷ ᠬᠢᠳᠡᠭ ᠪᠠᠶᠢᠵᠠᠢ᠃ | ᠪᠦᠯᠡᠵᠡᠭ᠄ ᠪᠦᠯᠡᠵᠡᠭ ᠢ ᠡᠵᠡᠨ᠎ᠡ ᠲᠤᠷᠭᠤᠳ ᠪᠡᠯᠵᠡᠭ ᠪᠤᠶᠤ ᠪᠡᠯᠰᠡᠭ ᠭᠡᠳᠡᠭ ᠪᠠᠶᠢᠭᠰᠠᠨ᠃ ᠠᠯᠳᠠ᠂ | ᠬᠠᠰᠢ᠂ ᠮᠦᠩᠭᠦ᠂ ᠭᠠᠤᠯᠢ᠂ ᠵᠡᠰ᠂ ᠬᠤᠪᠠ ᠪᠦᠳᠦᠴᠡ ᠲᠠᠢ᠂ ᠠᠯᠳᠠ᠂ ᠮᠦᠩᠭᠦ᠂ ᠭᠠᠤᠯᠢ ᠪᠠᠷ ᠮᠦᠩᠭᠦᠨ ᠤ | ᠲᠠᠷᠬᠠᠳ ᠬᠢᠵᠦ᠂ ᠵᠡᠰ᠂ ᠬᠤᠪᠠ ᠪᠦᠯᠡᠵᠡᠭ ᠬᠤᠳᠠᠯᠳᠤᠭ᠎ᠠ ᠢᠷᠡᠳᠡᠭ ᠪᠠᠶᠢᠭᠰᠠᠨ ᠪᠦᠭᠡᠳ ᠤᠯᠠᠩᠬᠢ ᠨᠢ ᠮᠦᠩᠭᠦᠨ | ᠪᠦᠯᠡᠵᠡᠭ ᠵᠡᠭᠦᠳᠡᠭ ᠪᠠᠶᠢᠵᠠᠢ᠃ ᠪᠦᠯᠡᠵᠡᠭ ᠲᠤ ᠬᠠᠵᠢ ᠲᠠᠢ ᠪᠦᠯᠡᠵᠡᠭ ︵ᠲᠠᠷᠤᠢ ᠬᠤᠤᠰ ᠪᠦᠯᠡᠵᠡᠭ︶᠂ | ᠪᠦᠭᠡᠷᠡᠩᠬᠡᠢ ᠪᠦᠯᠡᠵᠡᠭ᠂ ᠸᠴᠢᠷ ᠲᠠᠢ ᠪᠦᠯᠡᠵᠡᠭ᠂ ᠰᠢᠭᠢᠳᠬᠡᠷᠢ ᠲᠠᠢ ᠪᠦᠯᠡᠵᠡᠭ ︵ᠰᠡᠭᠦᠯ ᠳᠤ ᠭᠠᠷᠤᠭᠰᠠᠨ︶ ᠭᠡᠵᠦ | ᠪᠠᠶᠢᠵᠠᠢ᠃ ᠡᠳᠡᠭᠡᠷ ᠢᠶᠠᠨ ᠡᠮᠡᠭᠳᠡᠶᠢᠴᠦᠳ ᠰᠠᠶᠢᠨ ᠬᠤᠷᠤᠭᠤ᠂ ᠴᠡᠪᠡᠷᠬᠡᠨ ᠬᠤᠷᠤᠭᠤ ᠭᠡᠮᠡᠨ ᠦᠵᠡᠳᠡᠭ ᠨᠡᠷ᠎ᠡ ᠦᠭᠡᠢ | ᠬᠤᠷᠤᠭᠤ ︵ᠲᠠᠷᠤᠢ ᠢᠳᠠᠮ ᠬᠤᠷᠤᠭᠤ︶ ᠳᠠᠭᠠᠨ ᠵᠡᠭᠦᠵᠡᠭᠡᠵᠦ᠂ ᠵᠡᠭᠦᠬᠦ ᠪᠦᠯᠡᠵᠡᠭ ᠤᠯᠠᠨ ᠪᠤᠯ ᠡᠷᠡᠬᠡᠢ᠂ | ᠲᠤᠯᠢᠶᠠᠪᠤᠷ ᠬᠤᠷᠤᠭᠤ ᠪᠠ ᠴᠢᠭᠡᠴᠢ ᠬᠤᠷᠤᠭᠤᠨ ᠳᠠᠭᠠᠨ ᠪᠠᠰᠠ ᠵᠡᠭᠦᠳᠡᠭ᠃ ᠬᠡᠦᠬᠡᠨ ᠬᠡᠦᠬᠡᠰ ᠢ ᠠᠷᠪᠠ | ᠬᠦᠷᠦᠭᠰᠡᠭᠡᠷ ᠬᠤᠷᠤᠭᠤᠨ ᠳᠤᠨᠢ ᠪᠦᠯᠡᠵᠡᠭ ᠵᠡᠭᠦᠵᠦ ᠦᠭᠭᠦᠨ᠎ᠡ᠂ ᠡᠮᠡᠭᠳᠡᠶᠢᠴᠦᠳ ᠬᠤᠷᠤᠭᠤ ᠮᠤᠬᠤᠷ ︵ᠲᠤᠮᠳᠠ | ᠬᠤᠷᠤᠭᠤ ᠠᠴᠠ ᠪᠤᠰᠤᠳ︶ ᠪᠠᠶᠢᠵᠤ ᠪᠤᠯᠳᠠᠭ ᠦᠭᠡᠢ ᠶᠤᠰᠤ ᠲᠠᠢ᠃ ᠡᠷᠡᠭᠳᠡᠶᠢᠴᠦᠳ ᠤᠨ ᠤᠯᠠᠩᠬᠢ ᠨᠢ ᠪᠦᠯᠡᠵᠡᠭ | ᠵᠡᠬᠦᠭᠦ ᠦᠭᠡᠢ᠂ ᠵᠡᠭᠦᠬᠦ ᠨᠢᠭᠡ ᠨᠢ ᠨᠡᠷ᠎ᠡ ᠦᠭᠡᠢ ᠬᠤᠷᠤᠭᠤᠨ ᠳᠠᠭᠠᠨ ᠵᠡᠭᠦᠳᠡᠭ᠃ ᠡᠷᠡᠭᠳᠡᠢ ᠡᠮᠡᠭᠳᠡᠢ ᠭᠡᠯ ᠦᠭᠡᠢ | ᠲᠤᠮᠳᠠ ᠬᠤᠷᠤᠭᠤᠨ ᠳᠠᠭᠠᠨ ᠬᠠᠷᠢᠨ ᠵᠡᠭᠦᠬᠦ ᠶᠤᠰᠤ ᠦᠭᠡᠢ᠂ ᠲᠤᠮᠳᠠ ᠬᠤᠷᠤᠭᠤᠨ ᠳᠤ ᠪᠦᠯᠡᠵᠡᠭ ᠵᠡᠭᠦᠪᠡᠯ | ᠪᠡᠯᠪᠡᠰᠦᠷᠡᠬᠦ ᠶᠢᠨ ᠲᠡᠮᠳᠡᠭ ᠭᠡᠳᠡᠭ᠃ ᠮᠦᠩᠭᠦᠨ ᠸᠴᠢᠷ ᠲᠠᠢ ᠵᠡᠰ ᠪᠦᠯᠡᠵᠡᠭ ᠭᠦᠮᠪᠦᠮ ᠳᠤ ᠪᠠᠶᠢᠳᠠᠭ ᠪᠦᠭᠡᠳ | ᠲᠥᠢᠩᠬᠦᠷ ᠤᠨ ᠪᠠᠩ ᠳᠤ ᠰᠠᠭᠤᠭᠰᠠᠨ ᠬᠦᠮᠦᠨ ᠯᠠ ᠵᠡᠭᠦᠳᠡᠭ ᠪᠠᠶᠢᠵᠠᠢ᠃ | ᠪᠠᠭᠤᠪᠴᠢ᠄ ᠠᠯᠳ᠋ᠨ᠂ ᠬᠠᠰᠢ᠂ ᠮᠦᠩᠭᠦ᠂ ᠫᠤᠯᠢᠶᠠᠰᠤ᠂ ᠭᠠᠤᠯᠢ᠂ ᠵᠡᠰ᠂ ᠬᠤᠪᠠ ᠪᠦᠳᠦᠴᠡ ᠲᠠᠢ ᠪᠠᠭᠤᠪᠴᠢ | ᠪᠠᠶᠢᠳᠠᠭ᠂ ᠮᠦᠩᠭᠦ᠂ ᠭᠠᠤᠯᠢ᠂ ᠵᠡᠰ ᠢᠶᠠᠷ ᠮᠦᠩᠭᠦᠨ ᠤ ᠲᠠᠷᠬᠠᠳ ᠤᠷᠠᠯᠠᠵᠤ᠂ ᠬᠠᠰᠢ᠂ ᠫᠤᠯᠢᠶᠠᠰᠤ᠂ ᠬᠤᠪᠠ | ᠪᠠᠭᠤᠪᠴᠢ ᠬᠤᠳᠠᠯᠳᠤᠭ᠎ᠠ ᠢᠷᠡᠳᠡᠭ ᠪᠠᠶᠢᠭᠰᠠᠨ ᠪᠦᠭᠡᠳ ᠤᠯᠠᠩᠬᠢ ᠨᠢ ᠮᠦᠩᠭᠦᠨ ᠪᠠᠭᠤᠪᠴᠢ ︵ᠴᠤᠯᠤ᠂ ᠬᠦᠨᠳᠡᠢ | ᠬᠤᠶᠠᠷ ᠵᠦᠢᠯ ᠪᠠᠶᠢᠳᠠᠭ︶ ᠵᠡᠭᠦᠳᠡᠭ᠃ ᠬᠤᠪᠠ ᠪᠠᠭᠤᠪᠴᠢ ᠰᠢᠷ᠎ᠠ᠂ ᠤᠯᠠᠭᠠᠨ᠂ ᠨᠤᠭᠤᠭᠠᠨ᠂ ᠴᠤᠬᠤᠷ ᠤᠯᠠᠨ | ᠦᠩᠭᠡ ᠲᠠᠢ᠂ ᠰᠢᠭᠢᠳᠬᠡᠷᠢ ᠲᠠᠢ ᠪᠠᠭᠤᠪᠴᠢ ᠪᠠᠶᠢᠳᠠᠭ ᠦᠭᠡᠢ᠃ ᠡᠮᠡᠭᠳᠡᠶᠢᠴᠦᠳ ᠬᠤᠶᠠᠷ ᠭᠠᠷ ᠲᠠᠭᠠᠨ ᠵᠡᠭᠦᠵᠦ | ᠡᠰᠡ ᠴᠢᠳᠠᠭᠰᠠᠨ ᠴᠤ ᠨᠢᠭᠡ ᠭᠠᠷ ᠲᠠᠭᠠᠨ ᠵᠠᠪᠠᠯ ᠵᠡᠭᠦᠬᠦ ᠶᠤᠰᠤ ᠲᠠᠢ᠂ ᠡᠷᠡᠭᠳᠡᠶᠢᠴᠦᠳ ᠤᠨ ᠤᠯᠠᠩᠬᠢ ᠨᠢ | ᠪᠠᠭᠤᠪᠴᠢ ᠵᠡᠭᠦᠳᠡᠭ ᠦᠭᠡᠢ ᠪᠠᠶᠢᠵᠠᠢ᠃ | ᠬᠤᠪᠤᠯᠠ᠄ ᠬᠤᠪᠤᠯᠠ ᠭᠡᠵᠦ ᠲᠡᠭᠡᠳᠦ ᠲᠠᠯ᠎ᠠ ᠨᠢ ᠨᠠᠷᠢᠨ ᠰᠢᠭ᠋᠂ ᠲᠤᠤᠷᠠᠳᠤ ᠲᠠᠯ᠎ᠠ ᠨᠢ ᠦᠷᠭᠡᠨ ᠰᠢᠭ | ᠱᠠᠳᠤᠯᠵᠢᠨ ᠬᠡᠯᠪᠡᠷᠢ ᠲᠠᠢ ᠵᠡᠭᠦᠦ ᠬᠢᠬᠦ ᠬᠠᠪᠳᠠᠭᠠᠢ ᠡᠳ᠋ᠯᠡᠯ᠃ ᠪᠦᠰᠡᠭᠦᠶᠢᠴᠦᠳ ᠵᠡᠭᠦᠨ ᠰᠤᠭᠤᠨ ᠳᠠᠬᠢ | ᠪᠠᠯ ᠠᠴᠠ ᠪᠠᠨ ᠵᠡᠭᠦᠨ᠎ᠡ᠂ ᠬᠤᠪᠤᠯᠠ ᠮᠦᠩᠭᠦ ᠪᠤᠶᠤ ᠭᠠᠤᠯᠢ ᠶᠢᠨ ᠪᠦᠳᠦᠴᠡ ᠲᠠᠢ᠂ ᠬᠤᠳᠠᠯᠳᠤᠭ᠎ᠠ ᠢᠷᠡᠳᠡᠭ | ᠪᠠᠶᠢᠭᠰᠠᠨ ᠪᠦᠭᠡᠳ ᠵᠠᠷᠢᠮ ᠨᠢ ᠮᠦᠩᠭᠦ᠂ ᠭᠠᠤᠯᠢ ᠪᠠᠨ ᠦᠭᠴᠦ ᠮᠦᠩᠭᠦᠨ ᠤ ᠲᠠᠷᠬᠠᠨ ᠢᠶᠠᠷ ᠬᠢᠯᠭᠡᠳᠡᠭ ᠴᠤ | ᠪᠠᠶᠢᠵᠠᠢ᠃ ᠬᠤᠪᠤᠯᠠ ᠶᠢᠨ ᠨᠢᠭᠤᠷ ᠲᠠᠯ᠎ᠠ ᠨᠢ ᠲᠠᠷᠤᠢ ᠬᠠᠯᠢᠪ ᠤᠨ ᠦᠢᠯᠡᠳᠦᠯ ᠦᠵᠡᠭᠦᠯᠳᠡᠭ᠂ ᠬᠤᠪᠤᠯᠠ ᠶᠢᠨ | ᠲᠤᠤᠷᠠᠳᠤ ᠲᠠᠯ᠎ᠠ ᠠᠴᠠ ᠬᠠᠯᠢᠪ ᠢ ᠨᠠᠭᠠᠰᠢ ᠴᠠᠭᠠᠰᠢ ᠲᠦᠯᠬᠢᠵᠦ ᠨᠡᠭᠡᠭᠡᠵᠦ ᠬᠠᠭᠠᠭᠠᠨᠠ᠂ ᠬᠤᠪᠤᠯᠠ ᠭᠤᠤᠯ | ᠲᠤᠮᠳᠠ ᠪᠠᠨ ᠮᠦᠩᠭᠦᠨ ᠰᠢᠬᠠᠯᠠᠭᠤᠷ ᠲᠠᠢ᠂ ᠰᠢᠬᠠᠯᠠᠭᠤᠷ ᠤᠨ ᠬᠤᠶᠠᠷ ᠲᠠᠯ᠎ᠠ ᠳᠤ ᠬᠤᠶᠠᠷ ᠰᠡᠨᠵᠢ ᠲᠠᠢ᠂ | ᠰᠡᠨᠵᠢ ᠠᠴᠠ ᠨᠢ ᠲᠤᠷᠭᠠᠨ ᠤᠳᠠᠰᠤᠨ ᠰᠠᠴᠤᠭ ᠪᠤᠶᠤ ᠮᠦᠩᠭᠦᠨ ᠤᠳᠠᠰᠤᠨ ᠰᠠᠴᠤᠭ ᠵᠡᠭᠦᠳᠡᠭ᠃ ᠪᠦᠰᠡᠭᠦᠶᠢᠴᠦᠦᠯ | ᠠᠵᠤ ᠠᠮᠢᠳᠤᠷᠠᠯ ᠤᠨ ᠪᠠᠶᠢᠳᠠᠯ ᠠᠴᠠ ᠪᠠᠨ ᠪᠤᠯᠵᠤ ᠴᠢᠳᠠᠯ ᠲᠠᠢ ᠨᠢ ᠵᠡᠭᠦᠵᠦ᠂ ᠴᠢᠳᠠᠯ ᠦᠭᠡᠢ ᠨᠢ ᠵᠡᠭᠦᠬᠦ | ᠦᠭᠡᠢ ᠴᠤ ᠬᠡᠰᠡᠨ ᠪᠤᠯᠳᠠᠭ ᠪᠠᠶᠢᠵᠠᠢ᠃ | ᠬᠦᠬᠦᠤᠷ ᠤᠨ ᠲᠠᠯᠢᠩ᠄ ᠲᠤᠷᠭᠤᠳ ᠡᠷᠡᠭᠳᠡᠢ ︵ᠭᠡᠷᠯᠡᠭᠰᠡᠨ︶ ᠠᠩᠬᠠᠨ ᠳᠠᠭᠠᠨ ᠪᠠᠷᠤᠭ ᠬᠤᠶᠠᠷ ᠲᠤᠬᠤᠢ | ᠬᠢᠷᠢᠳᠡᠢ ᠤᠷᠳᠤ᠂ ᠲᠦᠭᠡ ᠭᠠᠷᠤᠢ ᠦᠷᠭᠡᠨ ᠬᠡᠮᠵᠢᠶ᠎ᠡ ᠲᠠᠢ᠂ ᠨᠢᠭᠤᠷ ᠲᠠᠯ᠎ᠠ ᠳᠤᠨᠢ ᠲᠠᠪᠤᠨ ᠲᠠᠪᠤ ᠶᠢᠨ ᠲᠤᠷᠭᠠᠨ | ᠤᠳᠠᠰᠤ ᠪᠠᠷ ᠵᠢᠭᠠᠰᠤᠨ ᠨᠢᠷᠤᠭᠤ᠂ ᠵᠡᠭᠡᠭ ᠨᠢᠷᠤᠭᠤ᠂ ᠰᠤᠮᠤᠨ ᠨᠢᠷᠤᠭᠤ ᠵᠡᠷᠭᠡ ᠨᠢᠷᠤᠭᠤ ᠶᠢ ᠬᠠᠳᠬᠤᠭᠰᠠᠨ | ᠨᠢᠷᠤᠭᠤ ᠲᠠᠢ ᠳᠠᠯᠢᠩ ᠪᠠ ᠮᠤᠬᠤᠷ ᠰᠦᠭᠡᠮ ᠬᠢᠷᠢᠳᠡᠢ ᠬᠤᠷᠭᠤᠢ ᠶᠢᠨ ᠪᠤᠯᠤᠩ ᠭᠠᠷᠭᠠᠭᠰᠠᠨ ᠪᠤᠯᠤᠩ ᠲᠠᠢ ᠲᠠᠯᠢᠩ ᠢ | ᠶᠡᠬᠡᠳᠡ ᠬᠢᠵᠦ ᠭᠡᠷᠡᠭᠯᠡᠳᠡᠭ ᠪᠠᠶᠢᠵᠠᠢ᠃ ᠬᠤᠷᠢᠳᠤᠭᠠᠷ ᠵᠠᠭᠤᠨ ᠤ ᠭᠤᠴᠢ᠂ ᠲᠦᠴᠢᠭᠡᠳ ᠤᠨ ᠪᠤᠯᠵᠤ ᠢᠷᠡᠭᠡᠳ | ᠬᠠᠯᠬᠠᠴᠤᠳ ᠤᠨ ᠨᠦᠯᠦᠭᠡ ᠶᠢ ᠶᠡᠬᠡᠳᠡ ᠬᠦᠷᠳᠡᠵᠦ᠂ ᠠᠬᠠᠷ ᠮᠦᠷᠳᠡᠭᠡᠨ ᠨᠠᠷᠢᠨ ᠬᠡᠮᠵᠢᠶ᠎ᠡ ᠲᠠᠢ᠂ ᠦᠨᠴᠦᠭ ᠪᠤᠯᠤᠩ | ᠳᠤᠨᠢ ᠪᠦᠰ ᠬᠠᠶᠢᠴᠢᠯᠠᠵᠤ ᠭᠢᠭᠰᠡᠨ ᠵᠢᠷᠢᠮ ᠤᠭᠠᠯᠵᠠ᠂ ᠴᠦᠳᠡᠨᠵᠡ ᠶᠢᠨ ᠪᠤᠯᠤᠩ᠂ ᠶᠢᠰᠦᠨ ᠨᠦᠬᠡ ᠨᠠᠭᠠᠵᠤ᠂ | ᠲᠡᠭᠡᠭᠦᠷ ᠨᠢ ᠰᠢᠭᠯᠠᠵᠤ᠂ ᠬᠦᠪᠡᠭᠡ ᠶᠢ ᠨᠢ ᠬᠤᠷᠭᠤᠢ ᠪᠤᠶᠤ ᠲᠤᠷᠭ᠎ᠠ ︵ᠡᠬᠡ ᠪᠡᠶ᠎ᠡ ᠶᠢᠨ ᠦᠩᠭᠡ ᠠᠴᠠ ᠦᠭᠡᠷ᠎ᠡ | ᠦᠩᠭᠡ︶ ᠪᠠᠷ ᠡᠮᠵᠢᠵᠦ ᠬᠢᠭᠰᠡᠨ ᠬᠠᠯᠵᠠ ᠲᠠᠢ ᠳᠠᠯᠢᠩ ᠪᠠ ᠰᠦᠯᠵᠢᠶ᠎ᠡ ᠲᠠᠢ ᠳᠠᠯᠢᠩ ᠡᠳ᠋ᠯᠡᠬᠦ ᠪᠤᠯᠵᠠᠢ᠂ | ᠡᠷᠡᠭᠳᠡᠶᠢᠴᠦᠳ ᠳᠠᠯᠢᠩ ᠤᠨ ᠢᠶᠠᠨ ᠨᠢᠭᠡ ᠦᠵᠦᠭᠦᠷ ᠲᠤ ᠬᠦᠬᠦᠤᠷ ᠢᠶᠠᠨ ᠬᠢᠵᠦ᠂ ᠨᠦᠭᠦᠭᠡ ᠦᠵᠦᠭᠦᠷ ᠲᠤᠨᠢ | ᠡᠪᠬᠡᠭᠡᠰᠦ ᠲᠠᠢ ᠬᠢᠳᠤᠭ᠎ᠠ᠂ ᠲᠦᠯᠬᠢᠭᠦᠷ ᠢᠶᠠᠨ ᠬᠢᠭᠡᠳ ᠪᠡᠶ᠎ᠡ ᠶᠢᠨ ᠵᠡᠭᠦᠨ ᠲᠠᠰᠢᠶᠠᠨ ᠳᠤ ᠪᠦᠰᠡᠨ ᠳᠡᠭᠡᠨ | ᠬᠠᠪᠴᠢᠭᠤᠯᠳᠠᠭ᠃ ᠡᠮᠡᠭᠳᠡᠶᠢᠴᠦᠳ ᠭᠠᠷ ᠤᠷ᠎ᠠ ᠪᠠᠨ ᠭᠠᠷᠭᠠᠵᠤ᠂ ᠬᠦᠬᠦᠤᠷ ᠤᠨ ᠳᠠᠯᠢᠩ ᠢ ᠤᠷᠠᠯᠠᠨ ᠢᠨᠠᠭ | ᠬᠠᠶᠢᠷ᠎ᠠ ᠪᠠᠨ ᠢᠯᠡᠳᠭᠡᠬᠦ ᠪᠡᠯᠡᠭ ᠪᠤᠯᠭᠠᠳᠠᠭ ᠪᠠᠶᠢᠵᠠᠢ᠃ | ᠲᠠᠮᠠᠬᠢᠨ ᠲᠦᠩᠭᠦᠷᠴᠡᠭ᠄ ᠬᠦᠬᠦᠤᠷ ᠤᠨ ᠲᠠᠯᠢᠩ ᠢ ᠪᠤᠳᠤᠪᠠᠯ ᠠᠷᠠᠢ ᠪᠠᠭᠠᠴᠠᠷ ᠭᠤᠤᠯ ᠲᠤᠮᠳᠠ ᠪᠠᠨ ᠠᠮᠠᠰᠠᠷ | ᠲᠠᠢ ᠤᠷᠳᠤ ᠲᠦᠷᠪᠡᠯᠵᠢᠨ ᠰᠠᠪᠠ᠃ ᠲᠤᠳᠤᠷ᠎ᠠ ᠨᠢ ᠲᠦᠩᠰᠡᠨ ᠲᠠᠮᠠᠬᠢ ᠪᠠᠨ ᠬᠢᠭᠡᠳ ᠨᠢᠷᠤᠭᠤᠨ ᠤ ᠪᠠᠨ ᠵᠡᠭᠦᠨ | ᠪᠡᠶ᠎ᠡ ᠤᠷᠴᠢᠮ ᠠᠴᠠ ᠪᠦᠰᠡᠨ ᠳᠡᠭᠡᠨ ᠬᠠᠪᠴᠢᠭᠤᠯᠵᠤ ᠵᠡᠭᠦᠨ᠎ᠡ᠂ ᠮᠦᠨ ᠲᠤᠷᠭ᠎ᠠ᠂ ᠴᠢᠰᠴᠠᠤ ᠪᠤᠶᠤ ᠰᠠᠶᠢᠨ | ᠡᠳ᠋ ᠢᠶᠠᠷ ᠭᠠᠳᠠᠷᠯᠠᠨ ᠲᠠᠪᠤᠤ ᠪᠠᠷ ᠲᠤᠳᠤᠷᠯᠠᠵᠤ ᠬᠢᠳᠡᠭ᠂ ᠲᠦᠩᠭᠦᠷᠴᠡᠭ ᠤᠨ ᠲᠡᠭᠡᠳᠦ ᠲᠠᠯ᠎ᠠ ᠶᠢᠨ ᠦᠨᠴᠦᠭ ᠢ | ᠬᠤᠶᠠᠷ ᠲᠠᠯ᠎ᠠ ᠠᠴᠠ ᠨᠢ ᠲᠤᠰ ᠪᠦᠷᠢ ᠨᠢᠭᠡ ᠨᠤᠭᠤᠯᠤᠭᠠᠳ ᠬᠤᠮᠢᠨ ᠦᠭᠴᠦ᠂ ᠲᠤᠮᠳᠠ ᠨᠢ ᠤᠭᠤᠰᠤᠷ ᠭᠠᠷᠭᠠᠵᠤ᠂ | ᠤᠭᠤᠰᠤᠷ ᠠᠴᠠ ᠨᠢ ᠴᠤᠬᠢᠯᠠᠭᠤᠷ ᠰᠡᠳᠬᠡᠭᠦᠷ ᠢᠶᠠᠨ ᠵᠡᠭᠦᠳᠡᠭ᠃ ᠲᠦᠩᠭᠦᠷᠴᠡᠭ ᠤᠨ ᠨᠢᠭᠤᠷ ᠲᠠᠯ᠎ᠠ ᠶᠢᠨ ᠭᠤᠤᠯ | ᠵᠢᠴᠢ ᠬᠦᠪᠡᠭᠡ ᠪᠠᠷ ᠵᠢᠭᠠᠰᠤᠨ ᠨᠢᠷᠤᠭᠤ᠂ ᠬᠤᠨᠢᠨ ᠬᠤᠯᠪᠤᠭ᠎ᠠ᠂ ᠵᠠᠭᠤᠷᠠᠪᠴᠢ ᠶᠢ ᠤᠯᠠᠨ ᠦᠩᠭᠡ ᠶᠢᠨ | ᠤᠳᠠᠰᠤ ᠪᠠᠷ ᠬᠠᠳᠬᠤᠵᠤ ᠭᠤᠶᠤᠯᠠᠳᠠᠭ᠂ ᠵᠠᠷᠢᠮ ᠨᠢ ᠪᠠᠰᠠ ᠲᠤᠷᠭᠠᠨ ᠤᠳᠠᠰᠤ ᠪᠠᠷ ᠰᠠᠴᠤᠭ ᠬᠢᠵᠦ ᠢᠷᠤᠭᠠᠷ | ᠲᠤᠨᠢ ᠬᠠᠳᠠᠵᠤ ᠦᠭᠳᠡᠭ ᠪᠠᠶᠢᠵᠠᠢ᠃ | ᠠᠶᠠᠭᠠᠨ ᠤ ᠬᠠᠪᠳᠠᠭ᠎ᠠ ︵ᠠᠶᠠᠭᠠᠨ ᠤ ᠭᠡᠷ︶᠄ ᠤᠷᠳᠤ ᠲᠦᠷᠪᠡᠯᠵᠢᠨ᠂ ᠭᠤᠤᠯ ᠲᠤᠮᠳᠠ ᠪᠠᠨ ᠠᠮᠠᠰᠠᠷ ᠲᠠᠢ | ᠠᠶᠠᠭ᠎ᠠ ᠬᠢᠬᠦ ᠰᠠᠪᠠ᠃ ᠠᠩᠬᠠᠨ ᠳᠠᠭᠠᠨ ᠪᠠᠷᠤᠭ ᠭᠤᠷᠪᠠᠨ ᠲᠤᠬᠤᠢ ᠪᠠᠶᠢᠳᠠᠭ ᠪᠠᠶᠢᠵᠠᠢ᠂ ᠬᠠᠪᠳᠠᠭ᠎ᠠ ᠶᠢᠨ ᠲᠤᠤᠷᠠᠳᠤ | ᠬᠦᠪᠡᠭᠡ ᠠᠴᠠ 2~3 ᠬᠤᠷᠤᠭᠤ ᠵᠠᠶᠢᠳᠠᠢ ᠭᠠᠵᠠᠷ ᠲᠤ ᠲᠤᠳᠤᠷ ᠲᠠᠯ᠎ᠠ ᠠᠴᠠ ᠨᠢ ᠲᠠᠯᠳᠠ ᠪᠢᠳᠡᠭᠦᠯᠡᠵᠦ ᠦᠭᠳᠡᠭ | ᠪᠦᠭᠡᠳ ᠲᠤᠤᠷᠠᠳᠤ ᠬᠦᠪᠡᠭᠡ ᠶᠢ ᠡᠷᠭᠢᠨ ᠲᠤᠭᠤᠷᠢᠨ ᠵᠠᠳᠠᠭᠠᠢ ᠪᠠᠶᠢᠯᠭᠠᠬᠤ ᠶᠤᠰᠤ ᠲᠠᠢ᠃ ᠠᠶᠠᠭᠠᠨ ᠤ | ᠬᠠᠪᠳᠠᠭ᠎ᠠ ᠶᠢ ᠰᠠᠶᠢᠳ ᠲᠦᠰᠢᠮᠡᠳ᠂ ᠬᠢᠶ᠎ᠠ ᠨᠠᠷ ᠭᠢᠭᠡᠳ ᠲᠠᠪᠬᠤᠷᠭᠠᠳᠠᠨ ᠯᠠᠮᠠ ᠨᠠᠷ ᠬᠡᠷᠡᠭᠯᠡᠳᠡᠭ᠂ | ᠨᠢᠷᠤᠭᠤᠨ ᠤ ᠪᠠᠨ ᠪᠠᠷᠠᠭᠤᠨ ᠪᠡᠶ᠎ᠡ ᠤᠷᠴᠢᠮ ᠠᠴᠠ ᠪᠦᠰᠡᠨ ᠳᠡᠭᠡᠨ ᠬᠠᠪᠴᠢᠭᠤᠯᠵᠤ ᠵᠡᠭᠦᠨ᠎ᠡ᠂ ᠡᠬᠡ ᠪᠡᠶ᠎ᠡ ᠶᠢ ᠨᠢ | ᠲᠤᠷᠭ᠎ᠠ᠂ ᠴᠢᠰᠴᠠᠤ ᠪᠠᠷ ᠬᠢᠭᠡᠳ ᠨᠢᠭᠤᠷ ᠲᠠᠯ᠎ᠠ ᠪᠠ ᠬᠦᠪᠡᠭᠡ ᠳᠤᠨᠢ ᠠᠩᠬᠠᠨ ᠳᠠᠭᠠᠨ ᠤᠯᠠᠨ ᠦᠩᠭᠡ ᠶᠢᠨ | ᠤᠳᠠᠰᠤ ᠪᠠᠷ ᠵᠢᠭᠠᠰᠤᠨ ᠨᠢᠷᠤᠭᠤ᠂ ᠰᠢᠭᠯᠠᠭᠠᠰᠤ᠂ ᠵᠠᠭᠤᠷᠠᠪᠴᠢ ᠪᠤᠶᠤ ᠰᠢᠷᠭᠤᠭᠤᠯᠭᠠ ᠬᠠᠳᠬᠤᠵᠤ ᠭᠤᠶᠤᠯᠠᠳᠠᠭ | ᠪᠠᠶᠢᠭᠠᠳ ᠰᠡᠭᠦᠯᠳᠡᠵᠦ ᠢᠷᠡᠭᠡᠳ ᠶᠢᠰᠦᠨ ᠨᠦᠬᠡ᠂ ᠦᠯᠵᠡᠢ ᠤᠳᠠᠰᠤ᠂ ᠴᠦᠳᠡᠨᠵᠡ ᠶᠢᠨ ᠪᠤᠯᠤᠩ ᠭᠠᠷᠭᠠᠳᠠᠭ | ᠪᠤᠯᠵᠠᠢ᠃ ᠬᠠᠪᠳᠠᠭ᠎ᠠ ᠶᠢᠨ ᠲᠡᠭᠡᠳᠦ ᠲᠠᠯ᠎ᠠ ᠶᠢ ᠲᠤᠷᠭ᠎ᠠ᠂ ᠬᠤᠷᠭᠤᠢ ᠪᠤᠶᠤ ᠨᠢᠮᠭᠡᠨ ᠪᠦᠰ ᠢᠶᠠᠷ ᠬᠢᠭᠰᠡᠨ | ᠤᠭᠤᠰᠤᠷ ᠢᠶᠠᠷ ᠬᠤᠮᠢᠨ ᠦᠭᠴᠦ᠂ ᠤᠭᠤᠰᠤᠷ ᠤᠨ ᠦᠵᠦᠭᠦᠷ ᠲᠤᠨᠢ ᠵᠢᠵᠢᠭ ᠲᠤᠩ ᠪᠤᠶᠤ ᠶᠠᠩᠴᠢᠶᠠᠨ ᠢᠶᠠᠷ | ᠬᠢᠭᠰᠡᠨ ᠲᠡᠭᠡᠭ ᠲᠠᠢ᠂ ᠡᠨᠡᠬᠦ ᠲᠡᠭᠡᠭ ᠨᠢ ᠠᠶᠠᠭᠠᠨ ᠤ ᠬᠠᠪᠳᠠᠭ᠎ᠠ ᠶᠢ ᠪᠦᠰᠡᠨ ᠠᠴᠠ ᠲᠡᠭᠡᠭᠯᠡᠭᠦᠯᠬᠦ ᠦᠢᠯᠡᠳᠦᠯ ᠲᠠᠢ᠃ | ᠪᠠᠰᠠ ᠨᠤᠭᠤᠭᠠᠨ ᠴᠠᠭᠠᠨ ᠬᠠᠰᠢ ᠪᠤᠶᠤ ᠮᠦᠩᠭᠦ ᠪᠠᠷ ᠬᠢᠭᠰᠡᠨ ᠰᠢᠬᠠᠯᠠᠭᠤᠷ ᠲᠠᠢ᠂ ᠴᠠᠢ ᠤᠤᠭᠤᠵᠤ ᠬᠤᠭᠤᠯᠠ | ᠢᠳᠡᠬᠦ ᠦᠶ᠎ᠡ ᠳᠡᠭᠡᠨ ᠪᠦᠰᠡᠨ ᠠᠴᠠ ᠪᠠᠨ ᠲᠡᠭᠡᠭ ᠢᠶᠠᠨ ᠠᠯᠳᠠᠷᠠᠭᠠᠵᠤ᠂ ᠠᠶᠠᠭᠠᠨ ᠤ ᠬᠠᠪᠳᠠᠭ᠎ᠠ ᠪᠠᠨ ᠡᠮᠦᠨ᠎ᠡ ᠪᠠᠨ | ᠠᠪᠴᠢᠷᠠᠭᠠᠳ ᠰᠢᠬᠠᠯᠠᠭᠤᠷ ᠢᠶᠠᠨ ᠲᠡᠭᠡᠭᠰᠢ ᠨᠢ ᠭᠦᠶᠦᠯᠭᠡᠵᠦ ᠠᠶᠠᠭ᠎ᠠ ᠪᠠᠨ ᠭᠠᠷᠭᠠᠵᠤ ᠠᠪᠤᠨ᠎ᠠ᠂ ᠬᠤᠭᠤᠯᠠ | ᠢᠳᠡᠵᠦ ᠪᠠᠷᠠᠭᠠᠳ ᠠᠶᠠᠭ᠎ᠠ ᠪᠠᠨ ᠭᠡᠷ ᠲᠤᠨᠢ ᠲᠦᠷᠢᠭᠰᠡᠨ ᠤ ᠲᠠᠷᠠᠭ᠎ᠠ ᠰᠢᠬᠠᠯᠠᠭᠤᠷ ᠢᠶᠠᠨ ᠲᠤᠭᠤᠭᠰᠢ ᠭᠦᠶᠦᠯᠭᠡᠨ | ᠠᠶᠠᠭᠠᠨ ᠤ ᠬᠠᠪᠳᠠᠭ᠎ᠠ ᠶᠢᠨ ᠠᠮᠠᠰᠠᠷ ᠢ ᠬᠠᠭᠠᠨ᠎ᠠ᠃ ᠬᠠᠪᠳᠠᠭᠠᠨ ᠳᠠᠭᠠᠨ ᠮᠦᠩᠭᠦᠨ ᠠᠶᠠᠭ᠎ᠠ ᠪᠤᠶᠤ ᠮᠤᠳᠤᠨ | ᠠᠶᠠᠭ᠎ᠠ ᠬᠢᠵᠦ ᠶᠠᠪᠤᠳᠠᠭ ᠪᠠᠶᠢᠭᠰᠠᠨ ᠪᠦᠭᠡᠳ ᠨᠤᠶᠠᠨ ᠬᠠᠳᠤᠨ ᠬᠢᠭᠡᠳ ᠡᠵᠡᠢ ᠯᠠᠮᠠ ᠶᠢᠨ ᠠᠶᠠᠭ᠎ᠠ ᠴᠦᠬᠦᠴᠡ ᠶᠢ | ᠬᠢᠬᠦ ᠪᠦᠷᠰᠢᠳ ᠭᠡᠬᠦ ᠰᠠᠪᠠ ᠶᠢ ᠪᠡᠷ᠎ᠡ ᠪᠤᠯᠤᠭᠴᠢ ᠬᠢᠶ᠎ᠠ ᠪᠠ ᠡᠵᠡᠢ ᠯᠠᠮᠠ ᠶᠢᠨ ᠰᠦᠢᠪᠦᠨᠡᠭᠡᠮᠴᠢᠯᠡᠵᠦ ᠶᠠᠪᠤᠳᠠᠭ | ᠪᠠᠶᠢᠵᠠᠢ᠂ ᠯᠠᠮᠠ ᠨᠠᠷ ᠤᠯᠠᠩᠬᠢ ᠳᠠᠭᠠᠨ ᠮᠤᠳᠤᠨ ᠠᠶᠠᠭ᠎ᠠ ᠬᠡᠷᠡᠭᠯᠡᠵᠦ᠂ ᠲᠡᠭᠦᠨ ᠢᠶᠠᠨ ᠡᠪᠦᠷᠳᠦᠯᠡᠵᠦ ᠶᠠᠪᠤᠳᠠᠭ᠂ | ᠠᠶᠢᠯ ᠳᠤ ᠤᠴᠢᠵᠤ ᠴᠠᠢ ᠬᠤᠭᠤᠯᠠ ᠢᠳᠡᠬᠦ ᠪᠤᠯᠬᠤ ᠳᠤ ᠠᠶᠢᠯ ᠤᠨ ᠡᠵᠡᠨ ︽ᠠᠯᠢ᠂ ᠲᠠ ᠴᠦᠬᠦᠴᠡ ᠪᠠᠨ︕︾ | ᠭᠡᠬᠦ ᠳᠤ ᠡᠪᠦᠷ ᠠᠴᠠ ᠪᠠᠨ ᠠᠶᠠᠭ᠎ᠠ ᠪᠠᠨ ᠭᠠᠷᠭᠠᠵᠤ ᠦᠭᠭᠦᠭᠡᠳ ᠴᠠᠢ ᠬᠤᠭᠤᠯᠠ ᠠᠶᠠᠭᠠᠯᠠᠭᠤᠯᠤᠨᠠ᠃ | |