ᠳᠤᠷᠭᠤᠳ ᠬᠤᠷᠢᠮ
ᠨᠡᠶᠢᠲᠡᠯᠡᠭᠰᠡᠨ ᠴᠠᠭ᠄
2021/9/6
      ᠡᠵᠡᠨ᠎ᠡ ᠳᠤᠷᠭᠤᠳᠴᠤᠳ ᠪᠤᠯ ᠮᠤᠩᠭᠤᠯ ᠤᠨ ᠡᠷᠳᠡᠨ ᠤ ᠳᠦᠷᠪᠡᠨ ᠥᠢᠷᠠᠳ ᠤᠨ ᠬᠠᠰ ᠰᠠᠯᠠᠭ᠎ᠠ᠂ 1698 ᠤᠨ ᠳᠤ ᠠᠷᠠᠪᠵᠦᠤᠷ ᠢ ᠳᠠᠭᠠᠵᠦ ᠸᠤᠯᠭ᠎ᠠ ᠮᠦᠷᠡᠨ ᠤ ᠮᠠᠨᠤ ᠳᠤᠬᠤᠢ ᠠᠴᠠ ᠮᠤᠷᠳᠠᠵᠦ ᠳᠤᠷᠤᠨᠠᠰᠢ ᠪᠤᠴᠠᠭᠰᠡᠨ ᠳᠤᠷᠭᠤᠳ ᠤᠨ ᠬᠤᠶᠢᠴᠢᠰ ᠪᠤᠯᠤᠨ᠎ᠠ᠃ ᠲᠡᠤᠬᠡ ᠰᠤᠳᠤᠷ ᠲᠤ ᠲᠡᠮᠳᠡᠭᠯᠡᠵᠤ ᠪᠠᠶᠢᠬᠤ ᠪᠠᠷ᠂ 1731 ᠤᠨ ᠳᠤ ᠠᠷᠠᠪᠵᠤᠤᠷ ᠤᠨ ᠬᠦᠪᠡᠬᠦᠨ ᠳ᠋ᠠᠨᠵᠤᠩ ᠬᠠᠷᠢᠶᠠᠳᠤ ᠤᠯᠠᠨ ᠢᠶᠠᠨ ᠲᠠᠭᠠᠭᠤᠯᠤᠨ ᠡᠵᠡᠨ᠎ᠡ ᠭᠤᠥᠯ ᠲᠠᠭᠠᠤ ᠨᠡᠭᠦᠳᠡᠯᠯᠡᠨ ᠢᠷᠡᠵᠤ ᠨᠤᠳᠤᠭᠰᠠᠨ ᠤᠴᠢᠷ ︽ᠡᠵᠡᠨ᠎ᠡ ᠲᠤᠷᠭᠤᠳ︾ ᠭᠡᠮᠡᠨ ᠨᠡᠷᠡᠶᠢᠳᠬᠦ ᠪᠤᠯᠵᠤ᠂ 1753       ᠤᠨ ᠳᠤ ᠡᠵᠡᠨ᠎ᠡ ᠲᠤᠷᠭᠤᠳ ᠬᠤᠰᠢᠭᠤ ᠪᠠᠶᠢᠭᠤᠯᠤᠭᠳᠠᠭᠰᠠᠨ ᠠᠴᠠ ᠨᠠᠰᠢ 250 ᠭᠠᠷᠦᠢ ᠵᠢᠯ ᠤᠨ ᠲᠡᠤᠬᠡᠳᠤ ᠠᠯᠳᠠᠷ ᠲᠠᠢ ᠪᠤᠯᠵᠠᠢ᠃ ᠲᠡᠶᠢᠨᠬᠦ ᠡᠵᠡᠨ᠎ᠡ ᠲᠤᠷᠭᠤᠳᠴᠤᠳ ᠤᠨ ᠤᠷᠤᠭ ᠬᠤᠷᠢᠮ ᠤᠨ ᠶᠤᠰᠤ ᠵᠠᠩᠰᠢᠯ ᠨᠢ ᠴᠦ ᠡᠷᠳᠡᠨ ᠤ ᠤᠶᠢᠷᠠᠳ ᠤᠨ ᠶᠤᠰᠤ ᠵᠠᠩᠰᠢᠯ ᠤᠨ ᠤᠯᠠᠮᠵᠢᠯᠠᠯ ᠪᠤᠢ ᠪᠦᠭᠡᠳ 200 ᠭᠠᠷᠦᠢ ᠵᠢᠯ ᠤᠨ ᠲᠡᠤᠬᠡᠳᠤ ᠴᠠᠭ ᠠᠬᠤᠢ ᠶᠢᠨ ᠲᠤᠮᠳᠠ ᠤᠷᠤᠨ ᠨᠤᠳᠤᠭ ᠤᠨ ᠤᠨᠴᠠᠯᠢᠭ ᠰᠢᠨᠵᠢ ᠪᠦᠬᠦᠢ ᠦᠪᠡᠷᠮᠢᠴᠡ ᠶᠤᠰᠤ ᠢᠷᠭᠡᠨᠰᠢᠯ ᠢ ᠪᠦᠷᠢᠯᠳᠤᠬᠦᠯᠵᠡᠢ᠃      ᠡᠵᠡᠨ᠎ᠡ ᠲᠤᠷᠭᠤᠳᠴᠤᠳ ᠤᠨ ᠬᠤᠷᠢᠮ ᠨᠢ ᠬᠠᠳᠠᠭ ᠲᠠᠯᠪᠢᠬᠤ ᠶᠤᠰᠤ᠂ ᠭᠡᠷ ᠪᠦᠷᠢᠯᠬᠡ ᠶᠢᠨ ᠨᠠᠶᠢᠷ᠂ ᠪᠡᠯᠡᠭ ᠬᠠᠳᠠᠭ ᠲᠠᠯᠪᠢᠬᠤ ᠨᠠᠶᠢᠷ᠂ ᠬᠦᠷᠭᠡᠨ ᠤ ︽ᠡᠷᠬᠢᠯᠳᠡ︾᠂ ᠪᠡᠷᠢ ᠪᠠᠭᠤᠯᠭᠠᠬᠤ ᠶᠤᠰᠤᠯᠠᠯ᠂ ᠰᠢᠨ᠎ᠡ ᠪᠡᠷᠢ ᠢᠯᠡᠴᠢᠯᠡᠬᠦ ᠶᠤᠰᠤᠨ᠂ ᠬᠤᠷᠢᠮ ᠤᠨ ᠶᠡᠭᠡ ᠨᠠᠶᠢᠷ᠂ ᠬᠦᠰᠢᠭᠡ ᠲᠠᠶᠢᠯᠠᠬᠤ ᠶᠤᠰᠤᠨ ᠵᠡᠷᠭᠡ ᠲᠡᠰ ᠲᠠᠷᠠᠭ᠎ᠠ ᠪᠠᠷ ᠶᠠᠪᠤᠭᠳᠠᠳᠠᠭ᠃ ᠡᠬᠦᠨ ᠤ ᠲᠤᠳᠤᠷ᠎ᠠ ᠪᠡᠷᠢ ᠪᠠᠭᠤᠯᠭᠠᠬᠤ ᠶᠤᠰᠤᠯᠠᠯ᠂ ᠰᠢᠨ᠎ᠡ ᠪᠡᠷᠢ ᠢᠯᠡᠴᠢᠯᠡᠬᠦ ᠶᠤᠰᠤᠨ ᠪᠤᠯ ᠲᠤᠷᠭᠤᠳ ᠬᠤᠷᠢᠮ ᠤᠨ ᠦᠪᠡᠷᠮᠢᠴᠡ ᠶᠤᠰᠤ ᠵᠠᠩᠰᠢᠯ ᠤᠨ ᠴᠢᠬᠤᠯᠠ ᠭᠡᠰᠡᠭ ᠪᠦᠭᠡᠳ ᠲᠦᠪ ᠴᠢᠩᠭ᠎ᠠ ᠶᠤᠰᠤ ᠭᠤᠷᠢᠮ ᠲᠠᠢ ᠶᠠᠪᠤᠭᠳᠠᠳᠠᠭ᠃ ᠪᠡᠷᠢ ᠪᠠᠭᠤᠯᠭᠠᠬᠤ ᠶᠤᠰᠤᠯᠠᠯ ᠠᠴᠠ ᠭᠤᠷᠪᠠᠨ ᠬᠤᠨᠤᠭ ᠤᠨ ᠡᠮᠤᠨ᠎ᠡ ᠬᠦᠪᠡᠭᠦᠨ ᠲᠠᠯ᠎ᠠ ᠬᠢᠨ ᠬᠡᠤᠬᠡᠨ ᠤ ᠭᠡᠷ ᠤᠨ ᠤᠶᠢᠷ᠎ᠠ᠂ ᠪᠠᠷᠠᠭᠤᠨ ᠵᠦᠭ ᠢ ᠪᠠᠷᠢᠵᠤ ᠪᠠᠭᠤᠳᠠᠯᠯᠠᠳᠠᠭ᠂ ᠬᠤᠷᠢᠮ ᠬᠢᠬᠦ ᠡᠳᠤᠷ ᠤᠨ ᠦᠷᠯᠦᠬᠡ ᠬᠤᠷᠢᠮ ᠤᠨ ᠶᠤᠰᠤᠯᠠᠯ ᠳᠤ ᠭᠡᠷᠡᠭᠯᠡᠬᠦ ᠵᠤᠶᠢᠯ ᠪᠦᠷᠢᠨ᠂ ᠬᠤᠶᠠᠷ ᠲᠠᠯ᠎ᠠ ᠶᠢᠨ ᠬᠡᠶᠢᠴᠢᠳ ᠴᠤᠭᠯᠠᠷᠠᠭᠰᠠᠨ ᠲᠠᠷᠠᠭ᠎ᠠ ᠰᠠᠩ ᠤᠨ       ᠯᠠᠮ᠎ᠠ ᠠᠴᠠ ︽ᠰᠢᠨ᠎ᠡ ᠪᠡᠷᠢ ᠢᠷᠡᠬᠦ ᠴᠠᠭ ᠪᠤᠯᠤᠯ᠎ᠠ︾ ᠭᠡᠮᠡᠨ ᠵᠠᠷᠯᠠᠨ᠎ᠠ᠃ ᠡᠨᠡ ᠦᠶ᠎ᠡ ᠳᠤ ᠬᠦᠪᠡᠭᠦᠨ ᠲᠠᠯ᠎ᠠ ᠶᠢᠨ ᠭᠡᠳᠤᠨ ᠬᠦᠮᠤᠨ ᠨᠢ ᠬᠡᠤᠬᠡᠨ ᠤ ᠳᠤ ᠤᠴᠢᠵᠤ᠂ ᠬᠡᠤᠬᠡᠨ ᠢ ᠨᠢ ᠪᠡᠷᠬᠡᠨ ᠤ ᠭᠠᠷ ᠠᠴᠠ ︽ᠪᠤᠯᠢᠶᠠᠨ︾ ᠠᠪᠴᠤ᠂ ᠢᠪᠡᠭᠡᠯ ᠵᠢᠯ ᠲᠠᠢ ᠬᠦᠮᠤᠨ ᠬᠡᠤᠬᠡᠨ ᠢ ᠲᠡᠭᠦᠷᠤᠨ ᠲᠦᠷᠭᠦᠮ ᠤᠨ ᠬᠢᠨᠢ ᠭᠡᠷ ᠢ ᠨᠠᠷᠠ ᠵᠦᠪ ᠭᠤᠷᠪᠠ ᠡᠷᠭᠢᠭᠦᠯᠵᠤ᠂ ᠰᠢᠨ᠎ᠡ ᠭᠡᠷ ᠤᠨ ᠭᠠᠳᠠᠭ᠎ᠠ ᠪᠠᠭᠤᠨ᠎ᠠ᠃ ᠡᠭᠦᠳᠡᠨ ᠭᠠᠳᠠᠭ᠎ᠠ ᠲᠡᠪᠢᠰᠤᠭ᠍ᠰᠡᠨ ᠴᠠᠭᠠᠨ ᠰᠢᠷᠳᠡᠭ ᠤᠨ ᠵᠡᠭᠦᠨ       ᠦᠨᠴᠤᠭ᠌ ᠲᠤ ᠰᠢᠨ᠎ᠡ ᠭᠦᠷᠭᠡᠨ ᠢ ᠰᠠᠭᠤᠯᠭᠠᠨ᠂ ᠱᠠᠭ᠎ᠠ ᠴᠢᠮᠤᠬᠡ ᠠᠳᠬᠤᠭᠤᠯᠵᠤ ᠲᠡᠭᠷᠢ ᠪᠤᠷᠬᠠᠨ ᠳᠤ ᠮᠦᠷᠭᠦᠭᠦᠯᠳᠡᠭ᠃ ᠡᠭᠦᠨ ᠤ ᠲᠠᠷᠠᠭ᠎ᠠ ᠪᠡᠷᠢ ᠢᠯᠡᠴᠢᠯᠡᠬᠦ ᠶᠤᠰᠤᠨ ᠬᠦᠷ ᠭᠦᠭᠵᠢᠶᠡᠨ᠂ ᠶᠤᠰᠤ ᠲᠢᠭᠯᠢᠮ ᠲᠠᠢ ᠶᠠᠪᠤᠭᠳᠠᠵᠤ ᠬᠤᠷᠢᠮ ᠤᠨ ᠨᠠᠶᠢᠷ ᠡᠬᠢᠯᠡᠳᠡᠭ᠃      ᠲᠤᠷᠭᠤᠳ ᠬᠤᠷᠢᠮ ᠤᠨ ᠲᠤᠬᠠᠢ ᠪᠠᠳᠤᠴᠢᠯᠠᠭᠤ᠂ ᠬᠠᠨ ᠪᠤᠥ ᠬᠤᠸᠠ ︽ᠠᠯᠠᠱᠠ ᠶᠢᠨ ᠮᠤᠩᠭᠤᠯ ᠦᠨᠳᠦᠰᠤᠳᠡᠨ ᠤ ᠵᠠᠩ ᠤᠶᠢᠯᠡ ᠶᠢᠨ ᠤᠬᠢ ᠰᠤᠳᠤᠨ︾ ᠨᠤᠮ ᠳᠠᠭᠠᠨ ᠲᠤᠷᠭᠤᠳ ᠬᠤᠷᠢᠮ ᠤᠨ ᠪᠦᠬᠦᠶᠢᠯᠡ ᠶᠤᠰᠤ ᠵᠠᠩᠰᠢᠯ ᠢ ᠭᠡᠷᠡᠯ ᠵᠢᠷᠤᠭ ᠢᠶᠠᠷ ᠲᠡᠯᠭᠡᠨ ᠲᠠᠨᠢᠯᠴᠠᠭᠤᠯᠤᠭᠰᠠᠨ ᠶᠤᠮ᠃ ᠡᠨᠡ ᠨᠢ ᠬᠤᠪᠤᠷ ᠨᠠᠨᠳᠢᠨ ᠮᠠᠲ᠋ᠧᠷᠢᠶᠠᠯ       ᠪᠤᠯᠬᠤ ᠨᠢ ᠲᠠᠮᠵᠢᠭ ᠦᠭᠡᠢ᠃ ᠲᠤᠷᠭᠤᠳ ᠬᠤᠷᠢᠮ ᠨᠢ 2007 ᠤᠨ ᠳᠤ ᠤᠷᠤᠨ ᠤ ᠲᠦᠷᠦᠭᠦᠥ ᠪᠦᠯᠤᠭ᠌      ᠪᠤᠳᠠᠰ ᠤᠨ ᠪᠤᠰᠤ ᠰᠤᠶᠤᠯ ᠤᠨ ᠦᠪ ᠲᠤ ᠤᠷᠤᠭᠰᠠᠨ ᠪᠠᠶᠢᠨ᠎ᠠ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号