ᠤᠶᠢᠷ᠎ᠠ ᠶᠢᠨ ᠡᠳᠤᠷ᠂ ᠮᠠᠨ ᠤ ᠬᠤᠰᠢᠭᠤᠨ ᠤ ᠨᠢᠭᠡᠨ ᠮᠠᠯᠴᠢᠨ 2. 5 ᠮᠧᠲᠷ ᠤᠷᠳᠤ᠂ 45 ᠵᠢᠩ ᠬᠦᠨᠳᠤ | ᠴᠠᠭᠠᠨ ᠭᠤᠶᠤᠣ ᠮᠠᠯᠳᠠᠵᠦ ᠭᠠᠷᠭᠠᠭᠰᠠᠨ ᠪᠠᠶᠢᠨ᠎ᠠ᠃ ᠡᠨᠡ ᠨᠢ ᠮᠥᠨᠴᠣ ᠮᠠᠨ ᠤ ᠬᠤᠰᠢᠭᠤᠨ ᠤ ᠡᠨᠡ ᠵᠢᠯ ᠠᠴᠠ | ᠨᠠᠰᠢ ᠮᠠᠯᠳᠠᠵᠦ ᠭᠠᠷᠭᠠᠭᠰᠠᠨ ᠬᠠᠮᠤᠭ ᠲᠤᠮᠤ ᠴᠠᠭᠠᠨ ᠭᠤᠶᠤᠣ ᠪᠤᠯᠤᠨ᠎ᠠ᠃ | ᠡᠨᠡᠬᠦ ᠴᠠᠭᠠᠨ ᠭᠤᠶᠤᠣ ᠪᠤᠯ ᠮᠠᠨ ᠤ ᠬᠤᠰᠢᠭᠤᠨ ᠤ ᠨᠤᠳᠤᠭ ᠤᠨ ᠤᠨᠴᠠ ᠭᠠᠷᠤᠯᠳᠠ ᠶᠢᠨ ᠡᠵᠡᠩᠨᠡᠨ | ᠪᠤᠷᠤᠯᠠᠭᠤᠯᠬᠤ ᠬᠤᠳᠠᠯᠳᠤᠭᠠᠴᠢᠨ ᠦᠩᠳᠤᠭᠤᠤᠯ ᠰᠤᠮᠤᠨ ᠤ ᠨᠢᠭᠡᠨ ᠮᠠᠯᠴᠢᠨ ᠤ ᠭᠠᠷ ᠠᠴᠠ ᠬᠤᠳᠠᠯᠳᠤᠨ ᠠᠪᠤᠭᠰᠠᠨ | ᠭᠤᠶᠤᠣ ᠪᠠᠶᠢᠵᠤ᠂ ᠬᠡᠮᠵᠢᠯᠳᠡ ᠶᠢ ᠦᠨᠳᠤᠰᠤᠯᠡᠪᠡᠯ᠂ ᠴᠠᠭᠠᠨ ᠭᠤᠶᠤᠣ ᠶᠢᠨ ᠬᠠᠮᠤᠭ ᠥᠷᠭᠡᠨ ᠭᠠᠵᠠᠷ ᠤᠨ | ᠳ᠋ᠢᠶᠠᠮᠧᠲᠷ ᠨᠢ 20 ᠰᠠᠨᠲ᠋ᠢᠮᠧᠲᠷ ᠤᠷᠴᠢᠮ᠂ ᠬᠠᠮᠤᠭ ᠨᠠᠷᠢᠨ ᠭᠠᠵᠠᠷ ᠤᠨ ᠳ᠋ᠢᠶᠠᠮᠧᠲᠷ ᠨᠢ 8 ᠰᠠᠨᠲ᠋ᠢᠮᠧᠲᠷ | ᠤᠷᠴᠢᠮ ᠳᠤ ᠬᠥᠷᠥᠭᠰᠡᠨ ᠪᠠᠶᠢᠨ᠎ᠠ᠃ | ᠨᠤᠳᠤᠭ ᠤᠨ ᠤᠨᠴᠠ ᠭᠠᠷᠤᠯᠳᠠ ᠶᠢᠨ ᠡᠵᠡᠩᠨᠡᠨ ᠪᠤᠷᠤᠯᠠᠭᠤᠯᠬᠤ ᠬᠤᠳᠠᠯᠳᠤᠭᠠᠴᠢᠨ ᠴᠧᠨ ᠬᠠᠢ ᠹᠧᠩ᠄ | ᠨᠠᠮᠤᠷ ᠤᠨ ᠤᠯᠠᠷᠢᠯ ᠳᠤ ᠮᠠᠯᠳᠠᠵᠤ ᠭᠠᠷᠭᠠᠭᠰᠠᠨ ᠡᠶᠢᠮᠦᠷᠬᠦ ᠲᠤᠮᠤ ᠪᠦᠭᠡᠳ ᠤᠷᠳᠤ ᠴᠠᠭᠠᠨ ᠭᠤᠶᠤᠣ ᠶᠢᠨ | ᠤᠷᠭᠤᠯᠳᠠ ᠶᠢᠨ ᠨᠦᠭᠦᠴᠡᠯ ᠨᠢ ᠲᠦᠢᠯ ᠤᠨ ᠪᠡᠷᠬᠡ ᠮᠦᠷᠳᠡᠭᠡᠨ ᠤᠯᠵᠤ ᠮᠠᠯᠳᠠᠬᠤ ᠳᠤ ᠬᠦᠴᠢᠷ ᠪᠠᠶᠢᠵᠤ᠂ ᠪᠠᠷᠤᠭ | ᠲᠠᠭᠠᠨ ᠶᠡᠭᠡ ᠡᠯᠡᠰᠤᠨ ᠴᠦᠯ ᠳᠤ ᠪᠠᠶᠢᠵᠤ᠂ ᠮᠦᠨᠴᠤ ᠤᠶᠢᠷ᠎ᠠ ᠬᠠᠪᠢ ᠳᠤ ᠤᠷᠭᠤᠴᠠ ᠪᠠᠷ ᠨᠡᠯᠢᠶᠡᠳ ᠰᠠᠶᠢᠨ ᠵᠠᠭ | ᠲᠠᠢ ᠪᠠᠶᠢᠪᠠᠯ ᠰᠠᠶ᠋ᠢ ᠡᠶᠢᠮᠤ ᠲᠤᠮᠤ ᠤᠷᠭᠤᠳᠠᠭ ᠭᠡᠵᠦ ᠶᠠᠷᠢᠨ᠎ᠠ᠃ | ᠤᠶᠢᠯᠠᠭᠠᠭᠰᠠᠨ ᠢᠶᠠᠷ᠂ ᠬᠠᠪᠤᠷ ᠨᠠᠮᠤᠷ ᠤᠨ ᠤᠯᠠᠷᠢᠯ ᠪᠤᠯ ᠮᠠᠨ ᠤ ᠬᠤᠰᠢᠭᠤᠨ ᠤ ᠴᠠᠭᠠᠨ ᠭᠤᠶᠤᠣ | ᠮᠠᠯᠳᠠᠬᠤ ᠴᠠᠭ ᠪᠤᠯᠤᠨ᠎ᠠ᠃ ᠡᠨᠡ ᠵᠢᠯ ᠤᠨ ᠲᠦᠷᠪᠡᠨ ᠰᠠᠷ᠎ᠠ ᠳᠤ᠂ ᠴᠧᠨ ᠬᠠᠢ ᠹᠧᠩ 2 ᠮᠧᠲᠷ ᠤᠷᠳᠤ᠂ 40 | ᠵᠢᠩ ᠬᠦᠨᠳᠤ ᠴᠠᠭᠠᠨ ᠭᠤᠶᠤᠣ ᠬᠤᠳᠠᠯᠳᠤᠨ ᠠᠪᠴᠤ᠂ ᠡᠨᠡ ᠨᠢ ᠬᠠᠪᠤᠷ ᠤᠨ ᠤᠠᠯᠷᠢᠯ ᠤᠨ ᠬᠠᠮᠤᠭ ᠤᠨ ᠤᠷᠳᠤ | ᠴᠠᠭᠠᠨ ᠭᠤᠶᠤᠣ ᠪᠤᠯᠵᠡᠢ᠃ ᠭᠡᠳᠡᠯ᠎ᠡ ᠡᠨᠡ ᠤᠳᠠᠭ᠎ᠠ ᠬᠤᠳᠠᠯᠳᠤᠨ ᠠᠪᠤᠭᠰᠠᠨ ᠡᠨᠡᠬᠦ ᠴᠠᠭᠠᠨ ᠭᠤᠶᠤᠣ ᠶᠢᠨ | ᠤᠷᠳᠤ ᠶᠢᠨ ᠬᠡᠮᠵᠢᠶ᠎ᠡ ᠪᠤᠯᠤᠨ ᠬᠦᠨᠳᠤ ᠶᠢᠨ ᠬᠡᠮᠵᠢᠶ᠎ᠡ ᠨᠢ ᠦᠩᠭᠡᠷᠡᠭᠰᠡᠨ ᠤ ᠲᠡᠮᠳᠡᠭᠯᠡᠯ ᠢ ᠰᠢᠨᠡᠳᠬᠡᠵᠤ᠂ ᠴᠢᠨᠠᠷ | ᠰᠠᠶᠢᠳᠠᠢ ᠴᠠᠭᠠᠨ ᠭᠤᠶᠤᠣ ᠪᠤᠯᠵᠤ᠂ ᠡᠨᠡ ᠵᠢᠯ ᠤᠨ ᠮᠠᠯᠳᠠᠵᠤ ᠭᠠᠷᠭᠠᠭᠰᠠᠨ ᠰᠢᠨ᠎ᠡ ︽ᠴᠠᠭᠠᠨ ᠭᠤᠶᠤᠣ ᠶᠢᠨ ᠸᠠᠩ︾ | ᠪᠤᠯᠤᠭᠰᠠᠨ ᠪᠠᠶᠢᠨ᠎ᠠ᠃ | ᠨᠤᠳᠤᠭ ᠤᠨ ᠤᠨᠴᠠ ᠭᠠᠷᠤᠯᠳᠠ ᠶᠢᠨ ᠡᠵᠡᠩᠨᠡᠨ ᠪᠤᠷᠤᠯᠠᠭᠤᠯᠬᠤ ᠬᠤᠳᠠᠯᠳᠤᠭᠠᠴᠢᠨ ᠴᠧᠨ ᠬᠠᠢ ᠹᠧᠩ᠄ | ᠡᠨᠡ ᠪᠤᠯ ᠮᠢᠨᠤ ᠨᠠᠮᠤᠷ ᠤᠨ ᠬᠤᠷᠢᠶᠠᠵᠤ ᠠᠪᠤᠭᠰᠠᠨ ᠬᠠᠮᠤᠭ ᠲᠤᠮᠤ ᠨᠢᠭᠡ ᠲᠤᠰᠤᠨ ᠭᠤᠶᠤᠣ ᠪᠤᠯᠤᠨ᠎ᠠ᠂ ᠡᠭᠦᠨ ᠲᠠᠢ | ᠠᠳᠠᠯᠢ ᠤᠷᠳᠤ ᠴᠠᠭᠠᠨ ᠭᠤᠶᠤᠣ ᠥᠭᠡᠷ᠎ᠡ ᠦᠨᠳᠤᠰᠤᠨ ᠳᠡᠭᠡᠨ ᠪᠠᠶᠢᠬᠤ ᠦᠭᠡᠢ᠂ ᠡᠶᠢᠮᠦᠷᠬᠦ ᠭᠤᠶᠤᠣ ᠨᠠᠮᠤᠷ | ᠲᠦᠢᠯ ᠤᠨ ᠴᠦᠬᠡᠨ ᠭᠠᠷᠳᠠᠭ᠂ ᠲᠦᠢᠯ ᠤᠨ ᠬᠤᠪᠤᠷ ᠶᠤᠮ ᠭᠡᠵᠦ ᠪᠠᠶᠢᠯ᠎ᠠ᠃ | ᠴᠠᠭᠠᠨ ᠭᠤᠶᠤᠣ ᠪᠤᠯ ᠵᠠᠭ ᠤᠨ ᠦᠨᠳᠤᠰᠤᠨ ᠳᠤ ᠤᠷᠭᠤᠳᠠᠭ ᠨᠢᠭᠡ ᠵᠦᠢᠯ ᠤᠨ ᠡᠯᠡᠰᠤᠨ ᠴᠦᠯ ᠤᠨ | ᠤᠷᠭᠤᠮᠠᠯ ᠪᠤᠯᠤᠨ᠎ᠠ᠂ ᠮᠥᠨ ᠴᠣ᠋ ᠡᠯᠡᠰᠤᠨ ᠤ ᠣᠷᠬᠤᠲᠠᠢ ᠭᠡᠳᠡᠭ᠂ ᠡᠨᠡ ᠨᠢ ᠮᠠᠰᠢ ᠦᠨᠳᠤᠷ ᠡᠮ ᠤᠨ ᠦᠨ᠎ᠡ | ᠦᠷᠳᠡᠭ ᠲᠠᠢ᠂ ᠮᠠᠨ ᠤ ᠤᠯᠤᠰ ᠤᠨ ᠤᠯᠠᠮᠵᠢᠯᠠᠯᠳᠤ ᠬᠤᠪᠤᠷ ᠴᠤᠬᠠᠭ ᠬᠢᠳᠠᠳ ᠡᠮ ᠤᠨ ᠮᠠᠲ᠋ᠧᠷᠢᠶᠠᠯ ᠪᠤᠯᠤᠨ᠎ᠠ᠃ | ᠬᠠᠪᠤᠷ ᠨᠠᠮᠤᠷ ᠤᠨ ᠤᠯᠠᠷᠢᠯ ᠨᠢ ᠮᠠᠨ ᠤ ᠬᠤᠰᠢᠭᠤᠨ ᠤ ᠮᠠᠯᠴᠢᠨ ᠲᠠᠷᠢᠶᠠᠴᠢᠳ ᠤᠨ ᠴᠠᠭᠠᠨ ᠭᠤᠶᠤᠣ ᠮᠠᠯᠳᠠᠬᠤ | ᠰᠢᠵᠢᠷ ᠠᠯᠳᠠᠨ ᠤᠯᠠᠷᠢᠯ ᠪᠤᠯᠳᠠᠭ᠂ ᠡᠭᠦᠨ ᠳᠤ ᠬᠤᠰᠢᠭᠤᠨ ᠤ ᠦᠩᠳᠤᠭᠤᠤᠯ ᠰᠤᠮᠤ ᠪᠤᠯᠤᠨ ᠳ᠋ᠦᠩᠹᠧᠩ | ᠪᠠᠯᠭᠠᠰᠤᠨ ᠤ ᠭᠤᠷᠣᠨᠠᠢ ᠭᠠᠴᠠᠭ᠎ᠠ ᠪᠤᠯ ᠴᠠᠭᠠᠨ ᠭᠤᠶᠤᠣ ᠶᠢᠨ ᠭᠤᠤᠯ ᠭᠠᠷᠤᠯᠳᠠ ᠶᠢᠨ ᠤᠷᠤᠨ ᠪᠠᠶᠢᠵᠤ᠂ ᠠᠳᠡ | ᠪᠠᠷᠤᠭ 25.2 ᠲᠦᠮᠡᠨ ᠾᠧᠺᠲ᠋ᠠᠷ ᠪᠠᠶᠢᠭᠠᠯᠢᠯᠢᠭ ᠵᠠᠭ ᠤᠨ ᠤᠢ ᠲᠠᠢ᠂ ᠴᠠᠭᠠᠨ ᠭᠤᠶᠤᠣ ᠶᠢᠨ ᠵᠢᠯ ᠤᠨ | ᠭᠠᠷᠤᠯᠳᠠ ᠨᠢ ᠪᠠᠷᠤᠭ 10 ᠲᠦᠮᠡᠨ ᠺᠢᠯᠤᠭ᠍ᠷᠠᠮ ᠳᠤ ᠬᠦᠷᠳᠡᠭ ᠪᠠᠶᠢᠨ᠎ᠠ᠃ | |