ᠲᠣᠣᠷᠠᠶᠢᠲᠤ ᠨᠤᠲᠤᠭ ᠤᠨ ᠵᠠᠯᠠᠭᠤ ᠳᠡᠮᠡᠭᠡᠴᠢᠨ ᠳᠣᠯᠬᠢᠶᠠᠨ ᠤᠯᠠᠮᠵᠢᠯᠠᠯᠳᠤ ᠮᠠᠯ ᠠᠵᠤ ᠠᠬᠤᠢ ᠪᠠᠨ | ᠤᠯᠠᠮᠵᠢᠯᠠᠨ ᠬᠥᠭᠵᠢᠭᠦᠯᠬᠦ ᠶᠢᠨ ᠬᠠᠮᠲᠤ ᠰᠢᠨ᠎ᠡ ᠴᠠᠭ ᠥᠶ᠎ᠡ ᠶᠢᠨ ᠮᠠᠯᠵᠢᠯ ᠤᠨ ᠠᠷᠭ᠎ᠠ ᠵᠠᠮ ᠢ ᠵᠤᠷᠢᠭᠲᠠᠢ | ᠡᠷᠢᠯᠬᠢᠯᠡᠨ᠂ ᠳᠡᠮᠡᠭᠡᠨ ᠤ ᠠᠵᠤ ᠤᠶᠢᠯᠠᠰ ᠢᠶᠠᠨ ᠬᠦᠭᠵᠢᠬᠦᠯᠵᠦ᠂ ᠬᠥᠳᠡᠭᠡ ᠳᠣᠰᠬᠤᠨ ᠢ ᠬᠦᠭᠵᠢᠬᠦᠯᠦᠨ | ᠮᠠᠨᠳᠣᠭᠤᠯᠬᠤ ᠳᠤ ᠬᠦᠴᠦᠨ ᠨᠠᠮᠡᠷᠢᠯᠡᠨ᠎ᠡ᠃ | ᠵᠠᠯᠠᠭᠤ ᠳᠡᠮᠡᠭᠡᠴᠢᠨ ᠲᠤᠯᠬᠢᠶᠠᠨ ᠡᠮᠨᠡᠯᠭᠡ ᠶᠢᠨ ᠮᠡᠷᠭᠡᠵᠢᠯ ᠤᠨ ᠰᠤᠷᠭᠠᠭᠤᠯᠢ ᠳᠤ ᠰᠤᠷᠤᠯᠴᠠᠵᠤ᠂ ᠴᠡᠷᠢᠭ ᠤᠨ | ᠠᠯᠪᠠ ᠬᠠᠭᠠᠵᠤ ᠭᠠᠳᠠᠷ ᠣᠷᠣᠨ ᠳᠤ ᠨᠡᠯᠢᠶᠡᠳ ᠬᠡᠲᠦᠨ ᠵᠢᠯ ᠶᠠᠪᠤᠵᠤ᠂ 2012 ᠤᠨ ᠳᠤ ᠨᠤᠳᠤᠭ ᠲᠠᠭᠠᠨ | ᠬᠠᠷᠢᠵᠤ ᠢᠷᠡᠭᠡᠳ ᠲᠡᠮᠡᠬᠡᠴᠢᠨ ᠤ ᠠᠮᠢᠳᠤᠷᠠᠯ ᠢᠶᠠᠨ ᠡᠬᠢᠯᠡᠬᠦᠯᠵᠡᠢ᠃ ᠡᠳᠡᠨ ᠤ ᠬᠢᠨ ᠥᠵᠡᠰᠭᠦᠯᠡᠩᠲᠤ ᠰᠠᠶᠢᠬᠠᠨ | ᠲᠤᠤᠷᠠᠢ ᠶᠢᠨ ᠤᠢ ᠳᠠᠬᠢ ᠲᠦᠮᠡ ᠭᠠᠷᠤᠢ ᠮᠤ᠋ ᠪᠡᠯᠴᠢᠬᠡᠷ ᠲᠤ ᠪᠠᠨ ᠲᠡᠮᠡᠭᠡ ᠮᠠᠯ ᠮᠠᠯᠵᠢᠨ ᠰᠠᠭᠤᠷᠢᠰᠢᠵᠤ ᠪᠠᠶᠢᠵᠠᠢ᠃ | ᠳᠤᠯᠭᠢᠶᠠᠨ ᠬᠠᠷᠢᠵᠤ ᠢᠷᠡᠭᠡᠳ ᠲᠡᠮᠡᠭᠡ ᠪᠠᠨ ᠭᠤᠣᠯ ᠬᠥᠭᠵᠢᠭᠦᠯᠥᠭᠰᠡᠨ ᠠᠴᠠ ᠣᠳᠣ ᠲᠡᠳᠡᠨ ᠤ ᠬᠢᠨ ᠵᠠᠭᠤᠭᠠᠳ | ᠲᠡᠮᠡᠭᠡ ᠲᠠᠢ ᠪᠤᠯᠵᠠᠢ᠃ | ᠠᠩᠬ᠎ᠠ ᠡᠬᠢᠨ ᠳᠡᠭᠡᠨ ᠲᠡᠷᠡ ᠪᠠᠷ ᠡᠮᠨᠡᠭ ᠲᠡᠮᠡᠭᠡ ᠰᠤᠷᠭᠠᠬᠤ᠂ ᠪᠦᠢᠯᠡ ᠬᠢᠬᠦ᠂ ᠪᠤᠷᠠᠨᠳᠠᠭ ᠲᠠᠮᠤᠬᠤ ᠵᠡᠷᠭᠡ | ᠠᠵᠢᠯ ᠢ ᠬᠢᠵᠤ ᠴᠢᠳᠠᠬᠤ ᠦᠭᠡᠢ ᠪᠠᠶᠢᠭᠰᠠᠨ ᠪᠦᠭᠡᠳ ᠤᠷᠤᠯᠳᠤᠭᠠᠨ ᠤ ᠲᠡᠮᠡᠭᠡ ᠰᠤᠶᠢᠬᠤ᠂ ᠤᠷᠤᠯᠳᠤᠭᠤᠯᠬᠤ | ᠲᠠᠯ᠎ᠠ ᠪᠠᠷ ᠤᠯᠠᠨ ᠬᠥᠴᠢᠷ ᠪᠡᠷᠭᠡᠰᠢᠶᠡᠯ ᠢ ᠥᠩᠭᠡᠷᠡᠭᠦᠯᠵᠠᠢ᠃ ᠣᠳᠣ ᠪᠣᠯᠬᠤ ᠳᠤ ᠳᠤᠯᠬᠢᠶᠠᠨ ᠨᠣᠳᠤᠭ | ᠣᠷᠣᠨ ᠳᠠᠭᠠᠨ ᠨᠠᠶᠢᠷ ᠨᠠᠭᠠᠳᠣᠮ ᠡᠭᠦᠰᠬᠡᠨ ᠪᠠᠶᠢᠭᠤᠯᠵᠤ᠂ ᠵᠠᠯᠠᠭᠤ ᠨᠢᠭᠡ ᠥᠶ᠎ᠠ ᠶᠢᠨ ᠬᠢᠨ ᠳᠤ ᠪᠠᠨ ᠥᠯᠢᠭᠡᠷ | ᠳᠠᠭᠤᠷᠢᠶᠠᠯ ᠪᠣᠯᠵᠤ ᠶᠠᠪᠣᠨ᠎ᠠ ᠃ | ᠰᠢᠨ᠎ᠡ ᠥᠶ᠎ᠠ ᠶᠢᠨ ᠵᠠᠯᠠᠭᠤ ᠳᠡᠮᠡᠭᠡᠴᠢᠨ ᠳᠣᠯᠬᠢᠶᠠᠨ᠂ ᠥᠪᠡᠷ ᠤᠨ ᠠᠵᠢᠯ ᠬᠥᠳᠡᠯᠮᠤᠷᠢ ᠪᠠᠷ ᠢᠶᠠᠨ ᠤᠯᠠᠨ ᠳᠤ | ᠮᠡᠳᠡᠷᠡᠭᠳᠡᠨ᠂ ᠵᠢᠯ ᠠᠴᠠ ᠵᠢᠯ ᠳᠤᠭ᠎ᠠ ᠳᠤᠯᠤᠭᠠᠢ ᠴᠥᠭᠡᠷᠡᠵᠦ ᠪᠠᠶᠢᠭ᠎ᠠ ᠲᠡᠮᠡᠭᠡ ᠪᠠᠨ ᠬᠥᠭᠵᠢᠭᠦᠯᠥᠨ᠂ ᠲᠡᠮᠡᠭᠡᠨ ᠤ | ᠴᠠᠭᠠᠨ ᠢᠳᠡᠭᠡᠨ ᠤ ᠥᠢᠯᠡᠰ ᠢ ᠵᠣᠭᠠᠴᠠᠯ ᠲᠠᠢ ᠤᠶᠠᠯᠳᠤᠭᠤᠯᠤᠨ ᠡᠵᠡᠩᠨᠡᠵᠦ ᠥᠷ᠎ᠠ ᠠᠰᠢᠭ ᠢᠶᠠᠨ ᠨᠡᠮᠡᠭᠳᠡᠬᠦᠯᠦᠨ᠂ | ᠰᠡᠳᠬᠢᠯ ᠳᠡᠨᠢᠬᠦᠨ ᠳᠡᠮᠡᠭᠡ ᠪᠡᠨᠥᠷᠡᠵᠢᠭᠦᠯᠵᠤ ᠲᠡᠮᠡᠭᠡᠨ ᠤ ᠥᠢᠯᠡᠰ ᠢᠶᠠᠨ ᠬᠥᠭᠵᠢᠭᠦᠯᠵᠤ ᠶᠠᠪᠣᠨ᠎ᠠ᠃ | ᠲᠤᠯᠬᠢᠶᠠᠨ᠄ ︽ᠣᠯᠣᠰ ᠠᠴᠠ ᠬᠥᠳᠡᠭᠡ ᠳᠣᠰᠬᠤᠨ ᠢ ᠬᠦᠭᠵᠢᠬᠦᠯᠦᠨ ᠮᠠᠨᠳᠣᠭᠤᠯᠣᠭᠰᠠᠨ ᠠᠴᠠ ᠮᠠᠯᠴᠢᠨ | ᠪᠢᠳᠠᠨ ᠤ ᠠᠮᠢᠳᠤᠷᠠᠯ ᠶᠡᠭᠡ ᠰᠠᠶᠢᠬᠠᠨ ᠪᠣᠯᠣᠭᠰᠠᠨ ᠪᠠᠶᠢᠨ᠎ᠠ᠃ ᠨᠢᠭᠡ ᠵᠠᠯᠠᠭᠤ ᠳᠡᠮᠡᠭᠡᠴᠢᠨ ᠪᠣᠯᠣᠭᠰᠠᠨ ᠤ ᠬᠤᠪᠢ ᠳᠤ | ᠳᠡᠮᠡᠭᠡᠨ ᠤ ᠤᠶᠢᠡᠯᠰ ᠢᠶᠠᠨ ᠨᠡᠩ ᠰᠠᠶᠢᠨ ᠬᠠᠮᠠᠭᠠᠯᠠᠵᠤ᠂ ᠤᠯᠠᠮᠵᠢᠯᠠᠵᠦ ᠬᠦᠭᠵᠢᠬᠦᠯᠵᠦ ᠶᠠᠪᠣᠨ᠎ᠠ ᠭᠡᠵᠦ ᠪᠤᠳᠤᠵᠤ | ᠪᠠᠶᠢᠨ᠎ᠠ︾ ᠭᠡᠪᠡ᠃ | |