ᠨᠠᠮ ᠤᠨ ᠬᠤᠷᠢᠳᠤᠭᠠᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠤ᠂ | ᠨᠠᠮ ᠤᠨ ᠭᠡᠰᠢᠭᠦᠨ ᠺᠠᠳ᠋ᠷ ᠠᠵᠢᠯᠳᠠᠳ ᠤᠨ ᠲᠡᠤᠬᠡ ᠶᠢᠨ ᠡᠭᠦᠷᠭᠡᠲᠦ ᠰᠡᠳᠬᠢᠯ᠂ ᠬᠠᠷᠢᠭᠤᠴᠠᠯᠭᠠᠲᠦ ᠰᠡᠳᠬᠢᠯ ᠪᠠ | ᠰᠠᠨᠠᠭᠠᠴᠢᠯᠭᠠᠲᠦ ᠰᠡᠳᠬᠢᠯ ᠪᠠ ᠬᠠᠷᠢᠭᠤᠴᠠᠯᠭ᠎ᠠ ᠡᠭᠦᠷᠭᠡᠯᠡᠬᠦ ᠤᠬᠠᠮᠰᠠᠷ ᠢ ᠴᠢᠩᠭᠠᠳᠬᠠᠬᠤ ᠶᠢᠨ ᠲᠤᠰᠠᠲᠠ᠂ | ᠬᠤᠰᠢᠭᠤᠨ ᠤ ᠰᠤᠶᠤᠯ ᠤᠨ ᠤᠷᠳᠤᠨ ᠨᠤᠮ ᠤᠨ ᠰᠠᠩ ᠤᠨ ᠬᠤᠯᠪᠤᠭᠠᠳᠤ ᠨᠠᠮ ᠤᠨ ᠡᠭᠦᠷ ᠨᠠᠮ ᠤᠨ ᠬᠤᠷᠢᠳᠤᠭᠠᠷ | ᠶᠡᠭᠡ ᠬᠤᠷᠠᠯ ᠤᠨ ᠵᠤᠷᠢᠭ ᠰᠠᠨᠠᠭ᠎ᠠ ᠶᠢ ᠲᠦᠪᠯᠡᠷᠡᠩᠭᠦᠢ ᠰᠤᠷᠤᠯᠴᠠᠨ ᠲᠤᠤᠱᠯᠠᠭᠤᠯᠬᠤ ᠠᠵᠢᠯᠯᠠᠭ᠎ᠠ ᠦᠷᠨᠢᠭᠦᠯᠪᠡ᠃ | ᠲᠤᠰ ᠤᠳᠠᠭᠠᠨ ᠤ ᠲᠠᠶᠢᠯᠤᠮᠵᠢ ᠶᠢᠨ ᠬᠢᠴᠢᠶᠡᠯ ᠳᠤ᠂ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠤᠨ | ᠲᠠᠶᠢᠯᠪᠤᠷᠢᠯᠠᠬᠤ ᠪᠦᠯᠬᠦᠮ ᠤᠨ ᠭᠡᠰᠢᠭᠦᠨ ᠸᠠᠩ ᠵᠢᠶᠠ ᠶᠢ ᠤᠨᠴᠠᠭᠠᠶᠢᠯᠠᠨ ᠤᠷᠢᠵᠦ ︽ᠠᠭᠤᠤ ᠶᠡᠭᠡ ᠰᠡᠷᠭᠦᠨ | ᠮᠡᠨᠳᠦᠯᠲᠠ ᠶᠢᠨ ᠲᠦᠯᠦᠭᠡ ᠡᠭᠦᠷᠭᠡ ᠬᠠᠷᠢᠭᠤᠴᠠᠯᠭ᠎ᠠ ᠪᠠᠨ ᠡᠭᠦᠷᠭᠡᠯᠡᠵᠤ ᠳᠠᠬᠢᠨ ᠤᠷᠤᠭᠰᠢᠯᠠᠶ᠎ᠠ︾ ᠭᠡᠬᠦ ᠭᠤᠤᠯ | ᠰᠡᠳᠦᠪ ᠢᠶᠠᠷ ᠨᠠᠮ ᠤᠨ ᠬᠤᠷᠢᠳᠤᠭᠠᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠭᠦᠨᠵᠡᠭᠡᠢ ᠲᠠᠶᠢᠯᠪᠤᠷᠢᠯᠠᠵᠤ᠂ | ᠪᠠᠭᠰᠢ ᠶᠢᠨ ᠨᠠᠷᠢᠯᠢᠭ ᠲᠠᠶᠢᠯᠪᠤᠷᠢᠯᠠᠯᠳᠠ ᠪᠠᠷ ᠲᠠᠮᠵᠢᠨ᠂ ᠪᠦᠬᠦ ᠨᠠᠮ ᠤᠨ ᠭᠡᠰᠢᠭᠦᠨ ᠺᠠᠳ᠋ᠷᠴᠤᠳ ᠢᠯᠡᠳᠭᠡᠯ ᠤᠨ | ᠠᠭᠤᠯᠭ᠎ᠠ ᠶᠢ ᠰᠤᠷᠤᠯᠴᠠᠨ ᠡᠵᠡᠮᠰᠢᠵᠤ᠂ ᠨᠠᠷᠢᠨ ᠬᠢᠨᠠᠮᠠᠭᠠᠢ ᠲᠡᠮᠳᠡᠭᠯᠡᠯ ᠬᠢᠴᠡᠭᠡᠪᠡ᠃ ᠤᠯᠠᠨ ᠢᠶᠠᠷ ᠢᠶᠠᠨ᠂ | ᠬᠤᠶᠢᠰᠢᠲᠠ ᠶᠢᠨ ᠠᠵᠢᠯ ᠤᠨ ᠳᠤᠮᠳᠠ ᠪᠠᠨ ᠰᠤᠶᠤᠯ ᠤᠨ ᠤᠷᠳᠤᠨ᠂ ᠨᠤᠮ ᠤᠨ ᠰᠠᠩ ᠤᠨ ᠠᠵᠢᠯ ᠤᠨ ᠪᠤᠳᠠᠳᠤ | ᠪᠠᠶᠢᠳᠠᠯ ᠲᠠᠢ ᠪᠠᠨ ᠤᠶᠠᠯᠳᠤᠭᠤᠯᠤᠨ᠂ ᠪᠦᠬᠦ ᠠᠷᠠᠳ ᠲᠤ ᠤᠷᠠᠯᠢᠭ ᠢ ᠲᠦᠭᠡᠮᠡᠯᠵᠢᠬᠦᠯᠬᠦ ᠠᠵᠢᠯ ᠢ ᠯᠠᠪᠳᠠᠭᠤᠨ ᠢᠶᠠᠷ | ᠲᠦᠯᠬᠢᠨ ᠠᠬᠢᠭᠤᠯᠵᠤ᠂ ᠠᠵᠢᠯ ᠤᠨ ᠪᠠᠶᠢᠷᠢ ᠳᠠᠭᠠᠨ ᠰᠠᠭᠤᠷᠢᠯᠠᠨ ᠰᠢᠯᠢᠳᠡᠭ ᠢ ᠡᠭᠦᠳᠴᠦ᠂ ᠰᠤᠶᠤᠯ ᠢᠶᠠᠷ | ᠠᠷᠠᠳ ᠲᠤ ᠠᠰᠢᠭ ᠬᠦᠷᠲᠡᠭᠡᠬᠦ᠂ ᠰᠤᠶᠤᠯ ᠢᠶᠠᠷ ᠠᠷᠠᠳ ᠤᠨ ᠲᠦᠯᠦᠭᠡ ᠵᠢᠳᠬᠦᠬᠦ᠂ ᠰᠤᠶᠤᠯ ᠢᠶᠠᠷ ᠠᠷᠠᠳ ᠢ | ᠪᠠᠶᠠᠰᠬᠠᠬᠤ ᠪᠠᠷ ᠵᠤᠷᠢᠯᠲᠠ ᠪᠠᠨ ᠪᠤᠯᠭᠠᠵᠤ᠂ ᠤᠳᠤ ᠦᠶ᠎ᠡ ᠶᠢᠨ ᠤᠯᠠᠨ ᠨᠡᠶᠢᠲᠡ ᠶᠢᠨ ᠰᠤᠶᠤᠯ ᠤᠨ | ᠦᠢᠯᠡᠴᠢᠯᠡᠭᠡᠨ ᠤ ᠰᠢᠰᠲ᠋ᠧᠮ ᠢ ᠲᠡᠭᠦᠯᠳᠡᠷᠵᠢᠭᠦᠯᠦᠨ᠂ ᠠᠷᠠᠳ ᠲᠦᠮᠡᠨ ᠤ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ | ᠤᠶᠤᠨ ᠰᠠᠨᠠᠭᠠᠨ ᠤ ᠰᠤᠶᠤᠯ ᠤᠨ ᠬᠡᠷᠡᠭᠴᠡᠭᠡ ᠶᠢ ᠬᠠᠩᠭᠠᠵᠤ᠂ ᠠᠷᠠᠳ ᠤᠯᠠᠨ ᠳᠤ ᠰᠠᠶᠢᠨ ᠰᠠᠶᠢᠬᠠᠨ ᠰᠤᠶᠤᠯ ᠤᠨ | ᠠᠮᠢᠳᠤᠷᠠᠯ ᠢ ᠡᠳ᠋ᠯᠡᠭᠦᠯᠬᠦ ᠪᠠ ᠰᠤᠶᠤᠯ ᠤᠨ ᠦᠷ᠎ᠡ ᠪᠦᠲᠦᠭᠡᠯ ᠢ ᠬᠠᠮᠳᠤᠪᠡᠷ ᠬᠤᠪᠢᠶᠠᠯᠴᠠᠨ᠎ᠠ ᠭᠡᠮᠡᠨ | ᠢᠯᠡᠷᠬᠡᠶᠢᠯᠡᠴᠡᠭᠡᠪᠡ᠃ | ᠬᠤᠰᠢᠭᠤᠨ ᠤ ᠰᠤᠶᠤᠯ ᠤᠨ ᠤᠷᠳᠤᠨ ᠨᠤᠮ ᠤᠨ ᠰᠠᠩ ᠤᠨ ᠬᠤᠯᠪᠤᠭᠠᠳᠤ ᠨᠠᠮ ᠤᠨ ᠡᠭᠦᠷ ᠤᠨ ᠱᠦᠵᠢ | ᠶᠤᠸᠠᠨ ᠳ᠋ᠧ ᠵᠢᠶᠦ᠋ᠨ᠄ ︽ᠨᠠᠮ ᠤᠨ ᠬᠤᠷᠢᠳᠤᠭᠠᠷ ᠶᠡᠭᠡ ᠬᠤᠷᠠᠯ ᠤᠨ ᠢᠯᠡᠳᠭᠡᠯ ᠳᠤ ᠰᠤᠶᠤᠯ ᠤᠨ ᠦᠢᠯᠡᠰ ᠪᠠ | ᠰᠤᠶᠤᠯ ᠤᠨ ᠠᠵᠤ ᠦᠢᠯᠡᠰ ᠢ ᠴᠡᠴᠡᠭᠯᠡᠭᠦᠯᠦᠨ ᠬᠦᠭᠵᠢᠭᠦᠯᠵᠦ᠂ ᠠᠷᠠᠳ ᠢᠶᠠᠷ ᠭᠤᠤᠯ ᠪᠤᠯᠭᠠᠭᠰᠠᠨ ᠵᠤᠬᠢᠶᠠᠨ | ᠪᠦᠲᠦᠭᠡᠬᠦ ᠤᠳᠤᠷᠢᠳᠤᠮᠵᠢ ᠶᠢ ᠪᠠᠷᠢᠮᠲᠠᠯᠠᠨ᠂ ᠨᠡᠩ ᠤᠯᠠᠨ ᠠᠷᠠᠳ ᠤᠨ ᠤᠶᠤᠨ ᠰᠠᠨᠠᠭᠠᠨ ᠤ ᠬᠦᠴᠦᠨ ᠢ | ᠬᠦᠴᠦᠷᠬᠡᠭᠵᠢᠭᠦᠯᠬᠦ ᠰᠤᠳᠤᠨ ᠪᠦᠲᠦᠭᠡᠯ ᠭᠠᠷᠭᠠᠬᠤ ᠶᠢ ᠳᠤᠷᠠᠳᠤᠨ ᠭᠠᠷᠭᠠᠭᠰᠠᠨ ᠪᠠᠶᠢᠨ᠎ᠠ᠂ ᠡᠨᠡᠬᠦ | ᠰᠤᠷᠤᠯᠴᠠᠯᠭ᠎ᠠ ᠪᠠᠷ ᠳᠠᠮᠵᠢᠨ ᠪᠢ ᠲᠤᠶᠢᠯ ᠤᠨ ᠤᠮᠤᠭᠰᠢᠨ ᠵᠤᠷᠢᠭᠵᠢᠵᠤ ᠪᠠᠶᠢᠨ᠎ᠠ᠂ ᠡᠵᠡᠨ᠎ᠡ ᠬᠤᠰᠢᠭᠤᠨ ᠤ ᠨᠢᠭᠡᠨ | ᠦᠨᠳᠦᠰᠦᠨ ᠱᠠᠲᠤᠨ ᠤ ᠰᠤᠶᠤᠯ ᠤᠨ ᠠᠵᠢᠯᠲᠠᠨ ᠪᠤᠯᠤᠭᠰᠠᠨ ᠤ ᠬᠤᠪᠢ ᠳᠤ᠂ ᠨᠡᠩ ᠤᠯᠠᠨ ᠠᠷᠠᠳ ᠲᠦᠮᠡᠨ ᠤ | ᠦᠵᠡᠵᠦ ᠰᠤᠨᠤᠰᠬᠤ ᠳᠤᠷᠠᠲᠠᠢ ᠪᠦᠲᠦᠭᠡᠯ ᠢ ᠴᠢᠷᠮᠠᠶᠢᠨ ᠪᠥᠲᠥᠭᠡᠵᠤ᠂ ᠤᠯᠠᠨ ᠲᠦᠮᠡᠨ ᠤ ᠰᠤᠶᠤᠯ ᠤᠨ | ᠵᠢᠯᠤᠭᠤᠳᠤᠯᠭ᠎ᠠ ᠶᠢᠨ ᠠᠵᠢᠯ ᠢ ᠰᠠᠶᠢᠲᠦᠷ ᠬᠢᠨ᠂ ᠨᠠᠮ ᠤᠨ ᠳᠠᠭᠤ ᠬᠤᠭᠤᠯᠠᠢ ᠶᠢ ᠲᠠᠮᠵᠢᠭᠤᠯᠤᠨ᠂ ᠦᠨᠳᠦᠰᠦᠨ | ᠱᠠᠲᠤᠨ ᠤ ᠰᠤᠶᠤᠯ ᠤᠨ ᠠᠵᠢᠯᠲᠠᠨ ᠤ ᠰᠢᠨ᠎ᠡ ᠡᠭᠦᠷᠭᠡ ᠬᠠᠷᠢᠭᠤᠴᠠᠯᠭ᠎ᠠ ᠶᠢ ᠢᠯᠡᠷᠡᠭᠦᠯᠦᠨ᠎ᠡ︾ ᠭᠡᠪᠡ᠃ | | | |