2022 ᠤᠨ ᠤ 2 ᠳ᠋ᠤᠭᠠᠷ ᠰᠠᠷ᠎ᠠ ᠶᠢᠨ 27 ᠤ ᠡᠳᠦᠷ ᠤᠨ 7 ᠴᠠᠭ 44 ᠮᠢᠨᠦ᠋ᠲ ᠳᠤ᠂ ᠮᠠᠨ ᠤ | ᠤᠯᠤᠰ ᠤᠨ ᠵᠢᠤᠴᠢᠤᠸᠠᠨ ᠤ ᠳᠠᠭᠠᠭᠤᠯᠢ ᠣᠳᠣᠨ ᠤ ᠬᠠᠷᠪᠤᠯᠲᠠ ᠶᠢᠨ ᠲᠥᠪ ᠠᠴᠠ ᠴᠠᠩ ᠵᠧᠩ ᠳᠦᠷᠪᠡᠳᠦᠭᠡᠷ ᠤᠨ | ᠭᠤᠳᠠᠭᠠᠷ ᠲᠡᠰ ᠤᠨ ᠲᠡᠶᠢᠷᠦᠯᠲᠦ ᠰᠤᠮᠤ ᠪᠠᠷ L-SAR 01 ᠳᠤᠭᠤᠶᠢᠯᠠᠩ ᠤᠨ B ᠲᠠᠭᠠᠭᠤᠯᠢ ᠤᠳᠤ ᠶᠢ | ᠤᠭᠲᠠᠷᠭᠤᠢ ᠳᠤ ᠠᠮᠵᠢᠯᠲᠠᠢ ᠬᠠᠷᠪᠤᠨ ᠭᠠᠷᠭᠠᠪᠠ᠃ ᠳᠠᠭᠠᠭᠤᠯᠢ ᠤᠳᠤ ᠵᠢᠱᠢᠭᠰᠡᠨ ᠲᠤᠭᠤᠷᠢᠯᠲᠡ ᠶᠢᠨ ᠵᠠᠮ ᠳᠠᠭᠠᠨ | ᠤᠷᠤᠭᠰᠢᠲᠠᠢ ᠤᠷᠤᠵᠤ᠂ ᠬᠠᠷᠪᠤᠯᠲᠠ ᠶᠢᠨ ᠡᠭᠦᠷᠭᠡ ᠲᠡᠭᠦᠰ ᠠᠮᠵᠢᠯᠲᠠᠢ ᠪᠤᠯᠵᠠᠢ᠃ ᠲᠤᠰ ᠳᠠᠭᠠᠭᠤᠯᠢ ᠤᠳᠤ ᠨᠢ | ᠭᠤᠤᠯᠳᠠᠭᠤ ᠭᠠᠵᠠᠷ ᠰᠢᠨᠵᠢᠯᠡᠭᠡᠨ ᠤ ᠤᠷᠴᠢᠨ ᠲᠤᠭᠤᠷᠢᠨ᠂ ᠠᠭᠤᠯᠠ ᠨᠤᠷᠠᠬᠤ ᠪᠠ ᠭᠠᠵᠠᠷ ᠬᠦᠳᠡᠯᠦᠯᠲᠡ ᠶᠢᠨ | ᠭᠠᠮᠰᠢᠭ ᠵᠡᠷᠭᠡ ᠳᠤ ᠪᠦᠲᠦᠮᠵᠢᠲᠠᠢ ᠬᠢᠨᠠᠨ ᠬᠡᠮᠵᠢᠯᠲᠡ ᠬᠢᠵᠤ ᠴᠢᠳᠠᠨ᠎ᠠ᠃ | ᠲᠤᠰ ᠤᠳᠠᠭᠠᠨ ᠤ ᠡᠭᠦᠷᠭᠡ ᠪᠤᠯ ᠴᠠᠩ ᠵᠧᠩ ᠰᠢᠷᠢᠰ ᠲᠡᠶᠢᠷᠦᠯᠲᠦ ᠰᠤᠮᠤ ᠶᠢᠨ 408 ᠳ᠋ᠤᠭᠠᠷ ᠤᠳᠠᠭᠠᠨ ᠤ | ᠨᠢᠰᠦᠯᠲᠡ ᠪᠤᠯᠤᠨ᠎ᠠ᠃ |