ᠡᠨᠡ ᠵᠢᠯ ᠤᠨ 4 ᠳ᠋ᠦ᠋ᠭᠡᠷ ᠰᠠᠷ᠎ᠠ ᠶᠢᠨ15 ᠤ ᠡᠳᠤᠷ ᠪᠣᠯ ᠳᠤᠯᠤᠳᠤᠭᠠᠷ ᠪᠦᠬᠦ ᠠᠷᠠᠳ ᠤᠨ ᠤᠯᠤᠰ ᠤᠨ | ᠠᠮᠤᠷ ᠳᠥᠪᠰᠢᠨ ᠤ ᠬᠦᠮᠦᠵᠢᠯ ᠤᠨ ᠡᠳᠤᠷ ᠪᠣᠯᠣᠨ᠎ᠠ᠃ 4 ᠳ᠋ᠦ᠋ᠭᠡᠷ ᠰᠠᠷ᠎ᠠ ᠶᠢᠨ 15 ᠤ ᠡᠳᠤᠷ ᠤᠨ ᠥᠳᠠ ᠶᠢᠨ | ᠡᠮᠣᠨ᠎ᠠ᠂ ᠬᠤᠰᠢᠭᠤᠨ ᠤ ᠰᠤᠶᠤᠯ ᠵᠢᠭᠤᠯᠴᠢᠯᠠᠯ ᠷᠠᠳᠢᠤ᠋ ᠲᠧᠯᠸᠢᠰ ᠳᠣᠪᠴᠢᠶ᠎ᠠ ᠤᠯᠠᠭᠠᠨᠮᠥᠶᠢᠴᠷ ᠢ ᠵᠣᠬᠢᠶᠠᠨ | ᠪᠠᠶᠢᠭᠤᠯᠣᠨ ᠳᠤᠤᠷᠠᠢ ᠶᠢᠨ ᠤᠢ ᠶᠢᠨ ᠥᠵᠡᠮᠵᠢ ᠶᠢᠨ ᠣᠷᠣᠨ ᠳᠤ ᠬᠦᠨᠵᠡᠭᠡᠶᠢᠷᠡᠵᠦ᠂ ︽ᠶᠡᠷᠣᠩᠬᠡᠢ ᠴᠤᠭᠴᠠ ᠶᠢᠨ | ᠤᠯᠤᠰ ᠤᠨ ᠠᠮᠤᠷ ᠳᠥᠪᠰᠢᠨ ᠤ ᠥᠵᠡᠯᠳᠡ ᠶᠢ ᠪᠠᠲᠤ ᠴᠤᠭᠴᠠᠯᠠᠵᠤ᠂ ᠰᠢᠨ᠎ᠡ ᠴᠠᠭ ᠥᠶ᠎ᠠ ᠶᠢᠨ ᠣᠯᠣᠰ ᠤᠨ ᠠᠮᠤᠷ | ᠳᠥᠪᠰᠢᠨ ᠤ ᠠᠮᠵᠢᠯᠲᠠ ᠶᠢ ᠤᠶᠢᠯᠠᠭᠠᠶ᠎ᠠ︾ ᠬᠡᠮᠡᠬᠦ ᠭᠤᠤᠯ ᠰᠡᠳᠦᠪᠳᠤ ᠬᠠᠣᠯᠢ ᠶᠢ ᠳᠥᠭᠡᠮᠡᠯᠵᠢᠯᠡᠬᠦᠯᠬᠦ ᠪᠦᠬᠦ | ᠠᠷᠠᠳ ᠤᠨ ᠣᠯᠣᠰ ᠤᠨ ᠠᠮᠣᠷ ᠳᠥᠪᠰᠢᠨ ᠤ ᠬᠦᠮᠦᠵᠢᠯ ᠤᠨ ᠡᠳᠤᠷ ᠤᠨ ᠤᠬᠠᠭᠤᠯᠭ᠎ᠠ ᠶᠢᠨ ᠠᠵᠢᠯᠯᠠᠭ᠎ᠠ | ᠥᠷᠨᠢᠭᠦᠯᠪᠠ᠃ | ᠲᠤᠰ ᠤᠳᠠᠭᠠᠨ ᠤ ᠤᠬᠠᠭᠤᠯᠭ᠎ᠠ ᠶᠢᠨ ᠠᠵᠢᠯᠯᠠᠭ᠎ᠠ ᠨᠢ ᠤᠬᠠᠭᠤᠯᠭ᠎ᠠ ᠶᠢᠨ ᠳᠡᠪᠲᠡᠷ ᠳᠠᠷᠬᠠᠭᠠᠬᠤ᠂ ᠤᠷᠠᠨ | ᠰᠠᠶᠢᠬᠠᠨ ᠤ ᠳᠤᠭᠯᠠᠯᠳᠠ ᠭᠠᠷᠭᠠᠬᠤ᠂ ᠤᠬᠠᠭᠤᠯᠭ᠎ᠠ ᠶᠢᠨ ᠪᠤᠳᠠᠰ ᠬᠦᠷᠭᠡᠬᠦ ᠵᠡᠷᠭᠡ ᠤᠯᠠᠨ ᠳᠦᠷᠦᠯ ᠤᠨ ᠬᠡᠯᠪᠡᠷᠢ ᠪᠠᠷ | ᠳᠤᠤᠷᠠᠢ ᠶᠢᠨ ᠤᠢ ᠶᠢᠨ ᠥᠵᠡᠮᠵᠢ ᠶᠢᠨ ᠣᠷᠣᠨ ᠤ ᠪᠦᠬᠦ ᠠᠵᠢᠯᠳᠠᠳ ᠲᠤ ᠪᠦᠬᠦ ᠠᠷᠠᠳ ᠤᠨ ᠣᠯᠣᠰ ᠤᠨ ᠠᠮᠣᠷ | ᠳᠥᠪᠰᠢᠨ ᠤ ᠬᠦᠮᠦᠵᠢᠯ ᠤᠨ ᠡᠳᠤᠷ ᠤᠨ ᠤᠬᠠᠭᠤᠯᠭ᠎ᠠ ᠶᠢᠨ ᠠᠵᠢᠯᠯᠠᠭ᠎ᠠ ᠶᠢ ᠥᠷᠨᠢᠬᠦᠯᠵᠦ᠂ ᠳᠠᠳᠡᠨ ᠨᠡᠷ ᠲᠤ | ᠤᠯᠤᠰ ᠤᠨ ᠠᠮᠤᠷ ᠳᠥᠪᠰᠢᠨ ᠤ ᠬᠤᠯᠪᠣᠭᠳᠠᠯ ᠪᠦᠬᠦᠢ ᠬᠠᠣᠯᠢ ᠴᠠᠭᠠᠵᠠ ᠶᠢᠨ ᠮᠡᠳᠡᠯᠭᠡ ᠪᠠ ᠰᠢᠨ᠎ᠡ ᠴᠠᠭ | ᠥᠶ᠎ᠠ ᠶᠢᠨ ᠠᠮᠣᠷ ᠳᠥᠪᠰᠢᠨ ᠤ ᠠᠮᠵᠢᠯᠲᠠ ᠪᠦᠳᠦᠮᠵᠢ ᠶᠢ ᠨᠡᠩ ᠢᠯᠡᠬᠦᠤ ᠤᠶᠢᠯᠠᠭᠠᠭᠤᠯᠵᠤ᠂ ᠡᠬᠦᠨ ᠢᠶᠠᠷ ᠳᠠᠮᠵᠢᠨ᠂ | ᠪᠦᠬᠦ ᠨᠠᠶᠢᠬᠡᠮ ᠤᠨ ᠰᠡᠷᠬᠡᠶᠢᠯᠡᠬᠦ ᠪᠠ ᠪᠦᠬᠦ ᠠᠷᠠᠳ ᠤᠨ ᠣᠯᠤᠰ ᠤᠨ ᠠᠮᠤᠷ ᠳᠥᠪᠰᠢᠨ ᠤ ᠠᠶᠤᠯ ᠳᠦᠭᠰᠢᠬᠦᠷᠢ ᠶᠢ | ᠠᠷᠭᠠᠴᠠᠬᠤ ᠤᠬᠠᠮᠰᠠᠷ ᠪᠠ ᠴᠢᠳᠠᠪᠤᠷᠢ ᠶᠢ ᠨᠢ ᠳᠡᠭᠡᠭᠰᠢᠯᠡᠬᠦᠯᠵᠦ᠂ ᠤᠯᠤᠰ ᠤᠨ ᠠᠮᠤᠷ ᠳᠥᠪᠰᠢᠨ ᠳᠤ ᠬᠦᠮᠦᠨ | ᠪᠦᠬᠦᠨ ᠡᠭᠦᠷᠭᠡ ᠬᠠᠷᠢᠭᠤᠴᠠᠯᠭ᠎ᠠ ᠲᠠᠢ ᠪᠠᠶᠢᠵᠤ᠂ ᠬᠦᠮᠦᠨ ᠪᠦᠬᠦᠨ ᠤᠷᠤᠯᠴᠠᠬᠤ ᠰᠠᠶᠢᠨ ᠰᠠᠶᠢᠬᠠᠨ ᠬᠠᠤᠯᠢᠵᠢᠯ ᠤᠨ | ᠠᠭᠤᠷ ᠠᠮᠢᠰᠬᠤᠯ ᠢ ᠪᠤᠢ ᠪᠤᠯᠭᠠᠪᠠ᠃ | |