ᠮᠠᠨ ᠤ ᠬᠤᠰᠢᠭᠤᠨ ᠤ 29 ᠰᠠᠶᠢᠨ ᠲᠤᠷᠠᠴᠢᠨ ᠴᠢᠰᠦ ᠪᠦᠲᠦᠭᠡᠬᠦ ᠡᠰ ᠤᠨ ᠬᠠᠨᠳᠢᠪ ᠴᠤᠭᠯᠠᠭᠤᠯᠬᠤ ᠠᠵᠢᠯ ᠢ ᠠᠮᠵᠢᠯᠳᠠ ᠲᠠᠢ ᠪᠡᠶᠡᠯᠡᠭᠦᠯᠪᠡ
ᠨᠡᠶᠢᠲᠡᠯᠡᠭᠰᠡᠨ ᠴᠠᠭ᠄
2022/7/14
     ᠤᠶᠢᠷ᠎ᠠ ᠶᠢᠨ ᠡᠳᠦᠷ᠂ ᠮᠠᠨ ᠤ ᠬᠤᠰᠢᠭᠤᠨ ᠤ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ ᠴᠢᠰᠦ ᠪᠦᠲᠦᠭᠡᠬᠦ ᠡᠰ ᠤᠨ ᠬᠠᠨᠳᠢᠪ ᠴᠤᠭᠯᠠᠭᠤᠯᠬᠤ ᠠᠵᠢᠯᠯᠠᠭ᠎ᠠ ᠶᠢ ᠶᠠᠪᠤᠭᠳᠠᠭᠤᠯᠵᠤ᠂ ᠡᠨᠡᠬᠦ ᠠᠵᠢᠯᠯᠠᠭ᠎ᠠ ᠳᠤ ᠮᠠᠨ ᠤ ᠬᠤᠰᠢᠭᠤᠨ ᠤ 29 ᠰᠠᠶᠢᠨ ᠲᠤᠷᠠᠴᠢᠨ ᠣᠷᠣᠯᠴᠠᠵᠤ᠂ ᠴᠢᠰᠤᠨ ᠤ ᠥᠯᠢᠭᠡᠷ ᠬᠠᠨᠲᠢᠪᠯᠠᠭᠰᠠᠨ ᠪᠠᠶᠢᠨ᠎ᠠ᠃      ᠳᠠᠯᠠᠶᠢᠬᠦ᠋ᠪ ᠪᠠᠯᠭᠠᠰᠤᠨ ᠤ ᠨᠡᠶᠢᠬᠡᠮ ᠲᠤᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠦᠪ ᠲᠤ᠂ ᠴᠢᠰᠦ ᠪᠦᠲᠦᠭᠡᠬᠦ ᠡᠰ ᠤᠨ ᠬᠠᠨᠳᠢᠪᠯᠠᠭᠴᠢ ᠨᠠᠷ ᠠᠬᠤᠢ ᠲᠠᠯᠠᠪᠠᠢ ᠳᠤ ᠴᠠᠭ ᠲᠤ ᠪᠠᠨ ᠢᠷᠡᠴᠡᠭᠡᠵᠤ᠂ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ ᠤᠨ ᠠᠵᠢᠯᠲᠠᠨ ᠤ ᠵᠢᠯᠤᠭᠤᠳᠤᠯᠭ᠎ᠠ ᠲᠤᠤᠷ᠎ᠠ ᠳᠠᠩᠰᠠᠯᠠᠯᠲᠠ ᠬᠢᠨ᠂ ᠬᠦᠰᠦᠨᠦᠭᠲᠦ ᠲᠠᠭᠯᠠᠵᠤ᠂ ᠡᠮᠬᠢ ᠵᠢᠷᠤᠮ ᠲᠠᠢ ᠪᠠᠷ ᠴᠢᠰᠦ ᠪᠠᠨ ᠬᠠᠨᠳᠢᠪᠯᠠᠨ᠂ ᠴᠢᠰᠦ ᠪᠦᠲᠦᠭᠡᠬᠦ ᠡᠰ ᠤᠨ ᠬᠠᠨᠳᠢᠪᠯᠠᠭᠴᠢ ᠶᠢᠨ ᠮᠠᠲ᠋ᠧᠷᠢᠶᠠᠯ ᠤᠨ ᠬᠦᠮᠦᠷᠭᠡ ᠳᠤ ᠰᠢᠨ᠎ᠡ ᠰᠤᠷᠭᠤᠭ ᠴᠢᠰᠦ ᠤᠷᠤᠭᠤᠯᠵᠡᠢ᠃      ᠰᠠᠶᠢᠨ ᠳᠤᠷᠠᠴᠢᠨ ᠶᠤᠸᠠᠨ ᠪᠢᠶᠣᠣ ᠠᠴᠠ  ᠂ ᠵᠠᠯᠠᠭᠤ ᠨᠢᠭᠡ ᠦᠶ᠎ᠡ ᠶᠢᠨ ᠰᠠᠶᠢᠨ ᠳᠤᠷᠠᠴᠢᠨ ᠤ ᠬᠤᠪᠢ ᠳᠤ᠂ ᠴᠢᠰᠦ ᠬᠠᠨᠳᠢᠪᠯᠠᠬᠤ ᠨᠢ ᠪᠢᠳᠠᠨ ᠤ ᠬᠢᠪᠡᠰᠦ ᠵᠤᠬᠢᠬᠤ ᠠᠵᠢᠯ᠂ ᠰᠢᠨ᠎ᠡ ᠡᠷᠡᠨ ᠤ ᠵᠠᠯᠠᠭᠤᠴᠤᠳ ᠪᠢᠳᠠᠨ ᠤ ᠪᠥᠷᠢᠯᠳᠥᠭᠦᠯᠪᠡᠰᠤ ᠵᠤᠬᠢᠬᠤ ᠨᠡᠶᠢᠬᠡᠮ ᠤᠨ ᠬᠠᠷᠢᠭᠤᠴᠠᠯᠭᠠᠲᠤ ᠰᠡᠳᠭᠢᠯᠭᠡ ᠪᠠ ᠡᠭᠦᠷᠭᠡᠲᠦ ᠰᠡᠳᠭᠢᠯᠭᠡ ᠪᠤᠯᠤᠨ᠎ᠠ ᠭᠡᠵᠦ ᠪᠠᠶᠢᠯ᠎ᠠ᠃      ᠲᠤᠰ ᠠᠵᠢᠯᠯᠠᠭ᠎ᠠ ᠶᠢᠨ ᠲᠤᠬᠠᠢ ᠶᠢᠨ ᠲᠠᠯᠠᠪᠤᠷ ᠲᠤ᠂ ᠠᠵᠢᠯᠲᠠᠳ ᠠᠴᠠ ᠴᠢᠰᠦ ᠪᠦᠲᠦᠭᠡᠬᠦ ᠡᠰ ᠤᠨ ᠬᠠᠨᠳᠢᠪᠯᠠᠭᠴᠢ ᠶᠠᠮᠠᠷ ᠡᠷᠡᠭᠦᠯ ᠮᠡᠨᠳᠦ ᠶᠢᠨ ᠪᠠᠷᠢᠮᠵᠢᠶ᠎ᠠ ᠳᠤ ᠬᠥᠷᠥᠭᠰᠡᠨ ᠪᠠᠶᠢᠬᠤ᠂ ᠴᠢᠰᠤ ᠪᠦᠳᠦᠭᠡᠬᠦ ᠡᠰ ᠤᠨ ᠬᠠᠨᠳᠢᠪᠯᠠᠯ ᠨᠢ ᠪᠡᠶ᠎ᠡ ᠶᠢᠨ ᠡᠷᠡᠬᠦᠯ ᠮᠡᠨᠳᠤ ᠶᠢ ᠨᠦᠯᠦᠭᠡᠯᠡᠬᠦ ᠡᠰᠡᠬᠦ ᠵᠡᠷᠭᠡ ᠬᠠᠮᠢᠶ᠎ᠠ ᠪᠦᠬᠦᠢ ᠠᠭᠤᠯᠭ᠎ᠠ ᠶᠢ ᠨᠠᠷᠢᠨ ᠲᠠᠶᠢᠯᠪᠤᠷᠢᠯᠠᠨ ᠥᠭᠴᠦ᠂ ᠦᠯᠢᠬᠡᠷ ᠠᠪᠴᠤ ᠳᠠᠭᠤᠰᠤᠭᠰᠠᠨ ᠤ ᠳᠠᠷᠠᠭ᠎ᠠ᠂ ᠬᠤᠰᠢᠭᠤᠨ ᠤ ᠤᠯᠠᠭᠠᠨ       ᠵᠠᠭᠠᠯᠮᠠᠶᠢᠳᠠᠨ ᠤ ᠨᠡᠶᠢᠬᠡᠮᠯᠢᠭ ᠠᠴᠠ ᠰᠠᠶᠢᠨ ᠲᠤᠷᠠᠴᠢᠨ ᠨᠢᠭᠡᠪᠤᠷᠢ ᠳᠤ ᠢᠷᠠᠭᠤ ᠠᠯᠳᠠᠷ ᠤᠨ ᠦᠨᠡᠮᠯᠡᠯ  ᠤᠯᠭᠤᠪᠠ᠃ ᠤᠶᠢᠯᠠᠭᠭᠠᠰᠠᠨ ᠢᠶᠠᠷ᠂ ᠤᠳᠤᠬᠠᠨ ᠳᠤ ᠴᠢᠰᠦ ᠪᠦᠲᠦᠭᠡᠬᠦ ᠡᠰ ᠢ ᠰᠢᠯᠵᠢᠬᠦᠯᠦᠨ ᠤᠷᠤᠭᠤᠯᠬᠤ ᠪᠤᠯ ᠴᠢᠰᠦ ᠴᠠᠶᠢᠬᠤ ᠡᠪᠡᠳᠴᠢᠨ ᠵᠡᠷᠭᠡ ᠬᠦᠨᠳᠤ ᠴᠢᠰᠤᠨ ᠡᠪᠡᠳᠴᠢᠨ ᠲᠠᠢ ᠡᠪᠡᠳᠴᠢᠲᠡᠨ ᠤ ᠠᠮᠢ ᠨᠠᠰᠤ ᠶᠢ ᠠᠪᠤᠷᠠᠬᠤ ᠳᠤ ᠬᠡᠷᠡᠭᠯᠡᠬᠦ  ᠬᠠᠮᠤᠭ ᠤᠨ ᠪᠦᠲᠦᠮᠵᠢᠲᠠᠢ ᠠᠷᠭ᠎ᠠ ᠪᠠᠷᠢᠯ ᠤᠨ ᠨᠢᠭᠡ ᠪᠤᠯᠤᠨ᠎ᠠ᠃ ᠴᠢᠰᠦᠨ ᠤ ᠦᠯᠢᠭᠡᠷ ᠢ ᠴᠤᠭᠯᠠᠭᠤᠯᠵᠤ᠂ ᠬᠡᠯᠪᠡᠷᠢ ᠬᠤᠪᠢᠶᠠᠨ ᠰᠢᠯᠭᠠᠨ ᠪᠠᠶᠢᠴᠠᠭᠠᠳ ᠬᠢᠷᠢ ᠲᠡᠩᠴᠡᠭᠰᠡᠨ ᠤ ᠳᠠᠷᠠᠭ᠎ᠠ᠂ ᠰᠠᠶᠢᠨ ᠲᠤᠷᠠᠴᠤᠳ ᠤᠨ ᠴᠢᠰᠦᠨ ᠤ       ᠦᠯᠢᠭᠡᠷ ᠤᠨ ᠲᠤᠭ᠎ᠠ ᠪᠠᠷᠢᠮᠲᠠ ᠶᠢ ᠳᠤᠮᠳᠠᠳᠤ ᠶᠢᠨ ᠴᠢᠮᠥᠭᠡ ᠶᠢᠨ ᠬᠥᠮᠥᠷᠭᠡ ᠳᠤ ᠬᠠᠳᠠᠭᠠᠯᠠᠵᠤ᠂       ᠡᠪᠡᠳᠴᠢᠲᠡᠨ ᠲᠠᠢ ᠬᠡᠯᠪᠡᠷᠢ ᠲᠤᠬᠢᠷᠠᠭᠤᠯᠬᠤ ᠶᠢ ᠬᠦᠯᠢᠶᠡᠨ᠎ᠡ᠃ ᠰᠠᠶᠢᠨ ᠳᠤᠷᠠᠴᠢᠨ ᠨᠢᠭᠡᠪᠤᠷᠢ ᠶᠢᠨ ᠲᠠᠳᠠᠭᠰᠠᠨ 6-8 ᠮᠢᠯᠢᠮᠧᠲᠷ ᠴᠢᠰᠦ ᠨᠢ ᠮᠠᠰᠢ ᠤᠯᠠᠨ ᠴᠢᠰᠦᠨ ᠡᠪᠡᠳᠴᠢᠲᠡᠳ ᠤᠨ ᠠᠮᠢ ᠨᠠᠰᠦᠨ ᠳᠤ ᠭᠥᠰᠡᠯ ᠡᠷᠡᠮᠡᠯᠵᠡᠯ ᠣᠯᠭᠤᠬᠤ ᠪᠤᠯᠤᠨ᠎ᠠ᠃
 
ᠢᠷᠡᠯᠲᠡ᠄ ᠡᠵᠡᠨ᠎ᠡ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号