2 ᠳ᠋ᠤᠭᠠᠷ ᠰᠠᠷ᠎ᠠ ᠶᠢᠨ 21 ᠤ ᠡᠳᠤᠷ᠂ ᠬᠠᠨ ᠪᠣᠣ ᠬᠤᠸᠠ ᠶᠢᠨ ︽ᠨᠤᠳᠤᠭ ᠤᠰᠤᠨ ᠳᠠᠭᠠᠨ ᠲᠠᠯᠠᠷᠬᠠᠶ᠎ᠠ | — ﹇ᠮᠢᠨᠤ ᠨᠣᠲᠤᠭ﹈ ︾ ᠭᠡᠭᠦ ᠬᠡᠷᠡᠯ ᠵᠢᠷᠤᠭ ᠤᠨ ᠴᠤᠮᠤᠭ ᠤᠨ ᠠᠩᠬᠠᠨ ᠤ ᠲᠠᠷᠬᠠᠭᠠᠯᠳᠠ ᠶᠢᠨ ᠶᠤᠰᠤᠯᠠᠯ | ᠮᠠᠨ ᠤ ᠬᠤᠰᠢᠭᠤᠨ ᠳᠤ ᠶᠠᠪᠤᠭᠳᠠᠪᠠ᠃ | ᠤᠶᠢᠯᠠᠭᠠᠭᠰᠠᠨ ᠢᠶᠠᠷ᠂ 20 ᠭᠠᠷᠦᠢ ᠵᠢᠯ ᠤᠨ ᠲᠤᠷᠰᠢ᠂ ᠬᠠᠨ ᠪᠣᠣ ᠬᠤᠸᠠ ᠠᠯᠠᠱᠠ ᠶᠢᠨ ᠨᠤᠳᠤᠭ | ᠤᠰᠤ ᠶᠢᠨ ᠥᠩᠭᠡ ᠥᠵᠡᠮᠵᠢ ᠬᠥᠮᠥᠨ ᠠᠷᠠᠳ ᠤᠨ ᠵᠠᠩ ᠥᠢᠯᠡ ᠶᠢ ᠰᠡᠭᠦᠳᠡᠷᠯᠡᠬᠦ ᠪᠠᠷ ᠭᠤᠤᠯ ᠪᠤᠯᠭᠠᠵᠤ᠂ ᠭᠡᠷᠡᠯ | ᠵᠢᠷᠤᠭ ᠤᠨ ᠤᠷᠠᠯᠢᠭ ᠤᠨ ᠬᠡᠯᠪᠡᠷᠢ ᠪᠠᠷ ᠡᠵᠡᠨ᠎ᠡ ᠶᠢᠨ ᠲᠡᠭᠡᠳᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ | ᠰᠠᠨᠰᠠᠷ ᠤᠨ ᠬᠤᠳᠠ᠂ ᠪᠠᠶᠠᠨᠪᠤᠭᠳᠠ ᠶᠢᠨ ᠨᠤᠭᠤ ᠭᠠᠵᠠᠷ ᠤᠨ ᠲᠤᠤᠷᠠᠢ ᠶᠢᠨ ᠠᠮᠢ ᠠᠬᠤᠢ᠂ ᠬᠠᠷ᠎ᠠ ᠭᠤᠤᠯ᠂ | ᠰᠤᠪᠨᠠᠭᠤᠷ᠂ ᠬᠠᠷ᠎ᠠ ᠬᠤᠳᠠ ᠶᠢᠨ ᠰᠤᠶᠤᠯ᠂ ᠬᠠᠴᠢᠨ ᠲᠤᠤᠷᠠᠢ ᠶᠢᠨ ᠠᠮᠢ ᠠᠬᠤᠢ ᠶᠢᠨ ᠬᠦᠮᠦᠵᠢᠯ ᠤᠨ ᠰᠠᠭᠤᠷᠢᠨ | ᠭᠠᠵᠠᠷ᠂ ᠲᠡᠮᠡᠭᠡᠨ ᠤ ᠤᠷᠤᠰᠢᠨ ᠲᠤᠭᠲᠠᠨᠢᠯ ᠪᠠ ᠥᠷᠡᠵᠢᠯ ᠬᠥᠭᠵᠢᠯ ᠵᠡᠷᠭᠡ ᠶᠢ ᠲᠡᠮᠳᠡᠭᠯᠡᠨ ᠥᠯᠡᠳᠡᠭᠡᠭᠰᠡᠭᠡᠷ | ᠢᠷᠡᠭᠰᠡᠨ ᠶᠤᠮ ᠃ | 1998 ᠤᠨ ᠠᠴᠠ ᠤᠳᠤ ᠪᠤᠯᠳᠠᠯ᠎ᠠ᠂ ᠲᠡᠭᠦᠨ ᠤ ᠪᠦᠳᠦᠭᠡᠯ ︽ᠲᠤᠮᠳᠠᠳᠤ ᠤᠯᠤᠰ ᠤᠨ ᠲᠡᠮᠡᠭᠡᠳᠤ | ᠨᠤᠳᠤᠭ︾᠂ ︽ᠲᠤᠤᠷᠠᠢ ᠶᠢᠨ ᠲᠠᠭᠤᠯᠠᠯ︾᠂ ︽ᠠᠯᠠᠱᠠ ᠶᠢᠨ ᠦᠩᠭᠡ ᠦᠵᠡᠮᠵᠢ︾᠂ ︽ᠠᠯᠠᠱᠠ ᠶᠢᠨ | ᠠᠷᠠᠳ ᠤᠨ ᠵᠠᠩ ᠦᠢᠯᠡ ᠶᠢᠨ ᠴᠤᠭᠯᠠᠷᠠᠯ︾᠂ ︽ᠮᠢᠨᠤ ᠨᠤᠲᠤᠭ︾ ᠵᠡᠷᠭᠡ ᠠᠷᠪᠠᠨ ᠶᠢᠰᠦᠨ ᠲᠡᠪᠳᠡᠷ ᠨᠢ | ᠨᠡᠶᠢᠬᠡᠮ ᠤᠨ ᠪᠤᠳᠠᠳᠤ ᠲᠡᠮᠳᠡᠭᠯᠡᠯ᠂ ᠪᠠᠶᠢᠭᠠᠯᠢ ᠶᠢᠨ ᠤᠷᠴᠢᠨ ᠲᠤᠭᠤᠷᠢᠨ᠂ ᠦᠨᠳᠤᠰᠤᠳᠡᠨ ᠤ ᠪᠡᠶ᠎ᠡ ᠶᠢᠨ ᠲᠠᠮᠢᠷ᠂ | ᠰᠠᠨᠰᠠᠷ ᠤᠨ ᠠᠶᠠᠯᠠᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠂ ᠨᠡᠭᠦᠳᠡᠯ ᠮᠠᠯᠵᠢᠯ ᠤᠨ ᠰᠤᠶᠤᠯ ᠵᠡᠷᠭᠡ | ᠠᠭᠤᠯᠭ᠎ᠠ ᠪᠠᠷ ᠭᠤᠤᠯ ᠪᠤᠯᠭᠠᠵᠤ᠂ ᠡᠳᠡᠭᠡᠷ ᠭᠡᠷᠡᠯ ᠵᠢᠷᠤᠭ ᠤᠨ ᠴᠤᠮᠤᠭ ᠤᠳ ᠨᠢ ᠲᠤᠮᠳᠠᠳᠤ ᠤᠯᠤᠰ ᠤᠨ | ᠦᠨᠳᠤᠰᠤᠳᠡᠨ ᠤ ᠤᠷᠠᠯᠢᠭ ᠤᠨ ᠬᠡᠷᠡᠯ ᠵᠢᠷᠤᠭ ᠤᠨ ᠬᠡᠪᠯᠡᠯ ᠤᠨ ᠬᠤᠷᠢᠶ᠎ᠠ᠂ ᠦᠪᠤᠷ ᠮᠤᠩᠭᠤᠯ ᠤᠨ ᠠᠷᠠᠳ ᠤᠨ | ᠬᠡᠪᠯᠡᠯ ᠤᠨ ᠬᠤᠷᠢᠶ᠎ᠠ᠂ ᠲᠤᠮᠳᠠᠳᠤ ᠤᠯᠤᠰ ᠤᠨ ᠵᠤᠭᠠᠴᠠᠯ ᠤᠨ ᠬᠡᠪᠯᠡᠯ ᠤᠨ ᠬᠤᠷᠢᠶ᠎ᠠ᠂ ᠲᠤᠮᠳᠠᠳᠤ ᠤᠯᠤᠰ ᠤᠨ | ᠦᠨᠳᠤᠰᠤᠳᠡᠨ ᠤ ᠰᠤᠶᠤᠯ ᠤᠨ ᠬᠡᠪᠯᠡᠯ ᠤᠨ ᠬᠤᠷᠢᠶ᠎ᠠ ᠵᠡᠷᠭᠡ ᠠᠴᠠ ᠬᠡᠪᠯᠡᠨ ᠲᠠᠷᠬᠠᠭᠠᠵᠡᠢ᠃ ᠲᠡᠭᠦᠨ ᠤ ᠭᠡᠷᠡᠯ | ᠵᠢᠷᠤᠭ ᠤᠨ ᠪᠦᠳᠦᠭᠡᠯ ᠨᠢ ᠤᠷᠢᠳ ᠬᠤᠵᠢᠳ ᠮᠤᠩᠭᠤᠯ ᠤᠯᠤᠰ᠂ ᠢᠲ᠋ᠠᠯᠢ᠂ ᠹᠷᠠᠨᠼᠢ᠂ ᠨᠤᠷᠸᠠᠢ᠂ ᠢᠰᠫᠠᠨᠢ᠂ | ᠭᠧᠷᠮᠠᠨ ᠵᠡᠷᠭᠡ ᠤᠯᠤᠰ ᠲᠤ ᠲᠡᠯᠭᠡᠭᠳᠡᠵᠤ ᠪᠠᠶᠢᠭᠰᠠᠨ ᠢᠶᠠᠷ ᠪᠠᠷᠠᠬᠤ ᠦᠭᠡᠢ ᠬᠠᠨ ᠪᠣᠣ ᠬᠤᠸᠠ ᠪᠠᠰᠠ ᠤᠯᠠᠨ | ᠤᠯᠤᠰ ᠤᠨ ᠭᠡᠷᠡᠯ ᠵᠢᠷᠤᠭ ᠤᠨ ᠨᠡᠶᠢᠬᠡᠮᠯᠢᠭ ᠤᠨ ︽2016-2017 ᠤᠨ ᠤ ᠪᠦᠬᠦ ᠪᠦᠮᠪᠦᠷᠴᠡᠭ ᠤᠨ | ᠲᠤᠮᠳᠠᠳᠤᠴᠤᠳ ᠤᠨ ᠠᠮᠵᠢᠯᠳᠠ ᠪᠦᠳᠦᠮᠵᠢ ᠶᠢᠨ ᠱᠠᠩᠨᠠᠯ︾ ᠵᠡᠷᠭᠡ ᠠᠯᠢ ᠤᠯᠠᠨ ᠴᠢᠬᠤᠯᠠ ᠶᠡᠭᠡ ᠱᠠᠩᠨᠠᠯ ᠢ | ᠬᠦᠷᠳᠡᠵᠡᠢ᠃ | | | |