ᠵᠢᠯ ᠴᠠᠭᠠᠨ ᠰᠠᠷ᠎ᠠ ᠶᠢᠨ ᠪᠠᠶᠠᠷ ᠲᠤᠷᠠᠰᠬᠠᠯ ᠤᠨ ᠡᠳᠦᠷ ᠬᠦᠮᠦᠰ ᠭᠡᠷ ᠪᠦᠯᠢ ᠪᠠᠷ ᠪᠠᠨ ᠪᠤᠶᠤ ᠨᠠᠶᠢᠵᠠ | ᠨᠦᠬᠦᠳ ᠲᠠᠢ ᠪᠠᠨ ᠬᠠᠮᠲᠤ ᠺᠢᠨᠤ᠋ ᠦᠵᠡᠬᠦ ᠰᠤᠩᠭᠤᠯᠲᠠ ᠶᠢ ᠬᠢᠵᠦ᠂ ᠲᠤᠤᠷᠠᠢ ᠺᠢᠨᠤ᠋ ᠶᠢᠨ ᠤᠷᠳᠤᠨ ᠨᠢ ᠰᠢᠨ᠎ᠡ | ᠨᠢᠭᠡ ᠵᠢᠯ ᠤᠨ ᠵᠤᠴᠢᠳ ᠢᠶᠠᠨ ᠣᠭᠲᠣᠨ ᠬᠥᠭᠵᠢᠶᠡᠨ ᠨᠠᠷᠭᠢᠶᠠᠨ ᠢᠶᠠᠷ ᠪᠢᠯᠬᠠᠨ᠎ᠠ᠃ | ᠲᠤᠤᠷᠠᠢ ᠺᠢᠨᠤ᠋ ᠶᠢᠨ ᠤᠷᠳᠤᠨ ᠢᠶᠠᠷ ᠤᠷᠤᠬᠤ ᠳᠤ᠂ ᠰᠢᠨ᠎ᠡ ᠵᠢᠯ ᠤᠨ ᠭᠤᠶᠤᠯ ᠴᠢᠮᠡᠭᠯᠡᠯ ᠢᠶᠠᠷ ᠵᠠᠰᠠᠵᠤ | ᠴᠢᠮᠡᠭᠯᠡᠭᠰᠡᠨ ᠴᠡᠪᠡᠷ ᠴᠡᠮᠴᠡᠭᠡᠷ ᠺᠢᠨᠤ᠋ ᠶᠢᠨ ᠲᠢᠩᠬᠢᠮ ᠳᠤ ᠰᠢᠨ᠎ᠡ ᠵᠢᠯ ᠤᠨ ᠰᠢᠨ᠎ᠡ ᠺᠢᠨᠤ᠋ ᠶᠢᠨ ᠵᠠᠷᠯᠠᠯ ᠢ ᠳᠡᠯᠭᠡᠭᠰᠡᠨ | ᠪᠠᠶᠢᠵᠤ᠂ ᠬᠦᠷᠴᠦ ᠢᠷᠡᠭᠰᠡᠨ ᠰᠠᠭᠤᠭᠠᠯᠢ ᠠᠷᠠᠳ ᠪᠦᠬᠦᠶᠢᠯᠡ ᠺᠢᠨᠤ᠋ ᠶᠢᠨ ᠲᠤᠬᠢᠷᠠᠭᠤᠯᠤᠯᠲᠠ ᠳᠤ ᠶᠡᠭᠡ ᠬᠠᠨᠤᠮᠵᠢᠲᠠᠢ | ᠪᠠᠶᠢᠯ᠎ᠠ᠃ | ᠪᠢᠯᠧᠲ ᠬᠤᠳᠠᠯᠳᠤᠭᠴᠢ ᠳ᠋ᠤᠸᠠᠨ ᠶᠢᠨ ᠬᠤᠸᠠ᠄ ︽ᠤᠳᠤᠬᠠᠨ ᠤ ᠪᠠᠶᠢᠳᠠᠯ ᠢᠶᠠᠷ ᠪᠤᠯ ᠨᠤᠲᠤᠭ ᠪᠤᠴᠠᠭᠰᠠᠨ ᠶᠡᠭᠡ | ᠰᠤᠷᠭᠠᠭᠤᠯᠢ ᠶᠢᠨ ᠰᠤᠷᠤᠭᠴᠢ ᠤᠯᠠᠨ ᠪᠠᠶᠢᠨ᠎ᠠ᠂ ᠡᠭᠦᠨ ᠳᠤ ︿ᠮᠠᠨ ᠵᠢᠶᠠᠩ ᠬᠤᠩ﹀ ᠭᠡᠬᠦ ᠺᠢᠨᠤ᠋ ᠨᠢ ᠤᠯᠠᠨ ᠤ | ᠬᠠᠯᠠᠭᠤᠨ ᠬᠦᠷᠢᠶᠡᠯᠡᠯ ᠢ ᠤᠯᠤᠭᠰᠠᠨ ᠺᠢᠨᠤ᠋ ᠪᠠᠶᠢᠵᠤ᠂ ᠮᠦᠨᠴᠦ ᠬᠠᠮᠤᠭ ᠤᠯᠠᠨ ᠬᠦᠮᠦᠨ ᠦᠵᠡᠵᠦ ᠪᠠᠶᠢᠬᠤ ᠺᠢᠨᠤ᠋ | ᠪᠤᠯᠤᠨ᠎ᠠ᠃ ᠡᠨᠡ ᠬᠤᠭᠤᠴᠠᠭᠠᠨ ᠳᠤ ᠺᠢᠨᠤ᠋ ᠶᠢᠨ ᠤᠷᠳᠤᠨ ᠦᠨᠳᠦᠰᠦᠨ ᠳᠡᠭᠡᠨ ᠬᠤᠭᠤᠰᠤᠨ ᠥᠩᠭᠡᠷᠡᠭᠰᠡᠨ ᠦᠭᠡᠢ᠂ | ᠬᠠᠷᠢᠴᠠᠩᠭᠤᠢ ᠪᠠᠷ ᠱᠤᠭ ᠶᠦᠮᠦᠷᠯᠢᠭ᠂ ᠰᠡᠵᠢᠭᠲᠦ ᠹᠢᠯᠢᠮ ᠢ ᠦᠵᠡᠬᠦ ᠳᠤᠷᠠᠲᠠᠢ ᠬᠦᠮᠦᠰ ᠤᠯᠠᠨ ᠰᠢᠭ ᠪᠠᠶᠢᠨ᠎ᠠ︾ | ᠭᠡᠵᠦ ᠪᠠᠶᠢᠯ᠎ᠠ᠃ | ᠶᠡᠭᠡ ᠰᠤᠷᠭᠠᠭᠤᠯᠢ ᠶᠢᠨ ᠰᠤᠷᠤᠭᠴᠢ ᠸᠠᠩ ᠠᠨ ᠴᠢ᠄ ︽ᠡᠨᠡ ᠡᠳᠦᠷ ᠪᠢ ᠬᠤᠶᠠᠳᠠᠭᠢ ᠤᠳᠠᠭ᠎ᠠ ᠪᠠᠨ | ᠢᠷᠡᠵᠦ ᠺᠢᠨᠤ᠋ ᠦᠵᠡᠵᠦ ᠪᠠᠶᠢᠨ᠎ᠠ᠂ ᠲᠤᠤᠷᠠᠢ ᠺᠢᠨᠤ᠋ ᠶᠢᠨ ᠤᠷᠳᠤᠨ ᠤ ᠺᠢᠨᠤ᠋ ᠶᠢᠨ ᠲᠦᠷᠦᠯ ᠤᠯᠠᠨ ᠪᠠᠶᠢᠬᠤ ᠪᠠᠷ | ᠪᠠᠷᠠᠬᠤ ᠦᠭᠡᠢ᠂ ᠺᠢᠨᠤ᠋ ᠨᠢ ᠴᠦ ᠶᠡᠭᠡ ᠰᠠᠶᠢᠬᠠᠨ ᠪᠠᠶᠢᠨ᠎ᠠ︾ ᠭᠡᠪᠡ᠃ | |