3 ᠳ᠋ᠤᠭᠠᠷ ᠰᠠᠷ᠎ᠠ ᠶᠢᠨ 27 ᠤ ᠡᠳᠦᠷ᠂ ᠬᠠᠷᠠᠪᠦ᠋ᠷᠭᠦᠳ ᠤᠨ ᠠᠭᠤᠯᠠ ᠪᠠᠯᠭᠠᠰᠤ ︽ᠨᠠᠮ ᠤᠨ ᠠᠴᠢ ᠳᠤ | ᠲᠠᠯᠠᠷᠬᠠᠵᠤ ᠨᠠᠮ ᠤᠨ ᠦᠭᠡ ᠶᠢ ᠰᠣᠨᠣᠰᠴᠤ ᠨᠠᠮ ᠢᠶᠠᠨ ᠳᠠᠭᠠᠬᠤ︾ ᠣᠯᠠᠨ ᠲᠦᠮᠡᠨᠴᠢ ᠴᠢᠨᠠᠷ ᠤᠨ ᠬᠥᠮᠦᠵᠢᠯ | ᠦᠢᠯᠡᠳᠦᠯᠭᠡ ᠶᠢᠨ ᠠᠵᠢᠯᠯᠠᠭ᠎ᠠ ᠦᠷᠨᠢᠬᠦᠯᠪᠡ᠃ | ᠬᠠᠷᠠᠪᠦ᠋ᠷᠭᠦᠳ ᠤᠨ ᠠᠭᠤᠯᠠ ᠪᠠᠯᠭᠠᠰᠤᠨ ᠤ ᠤᠯᠠᠭᠠᠬᠠᠭᠤᠯᠠ ᠭᠠᠴᠠᠭᠠᠨ ᠤ ᠨᠠᠮ ᠤᠨ ᠭᠡᠰᠢᠭᠦᠨ ᠤ | ᠭᠤᠤᠯᠳᠠᠭᠠᠳᠤ ᠡᠷᠦᠬᠡ ᠵᠢᠷᠭᠠᠯ ᠤᠨ ᠮᠣᠩᠭᠤᠯ ᠭᠡᠷ ᠲᠤ᠂ ᠬᠤᠰᠢᠭᠤᠨ ᠤ ᠨᠠᠮ ᠤᠨ ᠬᠤᠷᠢᠶᠠᠨ ᠤ ᠨᠠᠮ ᠤᠨ | ᠰᠤᠷᠭᠠᠭᠤᠯᠢ ᠶᠢᠨ ᠪᠠᠭᠰᠢ ᠵᠤᠤ ᠬᠠᠢ ᠰᠢᠶᠠ ᠰᠢ ᠶᠢᠨ ᠫᠢᠩ ᠶᠡᠷᠦᠩᠬᠡᠢ ᠱᠦᠵᠢ ᠶᠢᠨ ᠥᠪᠥᠷ ᠮᠣᠩᠭᠤᠯ ᠳᠤ | ᠲᠤᠰᠢᠶᠠᠭᠰᠠᠨ ︽ᠲᠠᠪᠤᠨ ᠶᠡᠭᠡ ᠡᠭᠦᠷᠭᠡ︾ ᠶᠢ ᠨᠠᠶᠢᠳᠠᠪᠤᠷᠢᠵᠢᠭᠤᠯᠬᠤ ᠪᠠ ︽ᠵᠢᠱᠢᠶᠡᠴᠢ ᠥᠪᠡᠷᠲᠡᠭᠡᠨ ᠵᠠᠰᠠᠬᠤ | ᠣᠷᠣᠨ︾ ᠢ ᠪᠦᠬᠦ ᠲᠠᠯ᠎ᠠ ᠪᠠᠷ ᠪᠠᠶᠢᠭᠤᠯᠬᠤ ᠬᠤᠶᠠᠷ ᠶᠡᠭᠡ ᠶᠠᠪᠤᠳᠠᠯ ᠪᠤᠯᠤᠨ 1947 ᠣᠨ ᠤ 5 ᠰᠠᠷ᠎ᠠ ᠶᠢᠨ 1 ᠤ | ᠡᠳᠦᠷ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ ᠠᠴᠠ ︽ᠭᠤᠷᠪᠠᠨ ᠮᠢᠩᠭᠠᠨ | ᠥᠨᠥᠴᠢᠨ ᠬᠡᠦᠬᠡᠳ ᠥᠪᠥᠷ ᠮᠣᠩᠭᠤᠯ ᠳᠤ ᠣᠷᠣᠭᠰᠠᠨ︾ ᠪᠠ ︽ᠬᠠᠮᠤᠭ ᠤᠨ ᠰᠠᠶᠢᠨ ᠮᠠᠯᠵᠢᠯ ᠤᠨ ᠲᠠᠯᠠᠪᠠᠢ ᠪᠠᠨ | ᠰᠠᠨᠰᠠᠷ ᠤᠨ ᠠᠶᠠᠯᠠᠯ ᠳᠤ ᠡᠷᠭᠦᠭᠰᠡᠨ︾ ᠵᠡᠷᠭᠡ ᠦᠯᠢᠭᠡᠷ ᠤᠳ ᠤᠨ ᠲᠤᠭᠤᠷᠢᠨ ᠳᠤ᠂ ︽ᠨᠠᠮ ᠤᠨ ᠠᠴᠢ ᠳᠤ | ᠲᠠᠯᠠᠷᠬᠠᠵᠤ ᠨᠠᠮ ᠤᠨ ᠦᠭᠡ ᠶᠢ ᠰᠣᠨᠣᠰᠴᠤ ᠨᠠᠮ ᠢᠶᠠᠨ ᠳᠠᠭᠠᠬᠤ︾ ᠭᠡᠬᠦ ᠭᠦᠨᠵᠡᠭᠡᠢ ᠤᠷᠢᠶᠠᠯᠠᠯ ᠢᠶᠠᠷ ᠲᠡᠦᠬᠡᠨ | ᠬᠥᠭᠵᠢᠯᠲᠡ ᠶᠢᠨ ᠪᠣᠳᠠᠲᠤ ᠤᠴᠢᠷ ᠶᠣᠰᠣ ᠂ ᠳᠡᠷᠭᠡᠳᠡᠬᠢ ᠭᠤᠶᠤ ᠰᠠᠶᠢᠬᠠᠨ ᠦᠯᠢᠭᠡᠷ ᠤᠳ ᠢ ᠨᠠᠷᠢᠨ ᠶᠠᠷᠢᠪᠠ᠃ | ᠤᠯᠠᠭᠠᠬᠠᠭᠤᠯᠠ ᠭᠠᠴᠠᠭᠠᠨ ᠤ ᠮᠠᠯᠴᠢᠨ ᠭᠤᠣ ᠶᠢᠨ ᠱᠠᠨ᠄ ︽ᠲᠤᠰ ᠤᠳᠠᠭᠠᠨ ᠤ ᠨᠠᠮ ᠤᠨ ᠬᠢᠴᠢᠶᠡᠯ ᠤᠨ | ᠰᠤᠷᠤᠯᠴᠠᠯᠭ᠎ᠠ ᠪᠠᠷ ᠲᠠᠮᠵᠢᠨ᠂ ᠪᠢᠳᠠ ᠨᠠᠮ ᠤᠨ ᠲᠦᠷᠦ ᠶᠢᠨ ᠪᠤᠳᠤᠯᠭ᠎ᠠ ᠵᠢᠴᠢ ᠨᠠᠮ ᠤᠨ ᠦᠨᠳᠤᠰᠤᠨ ᠱᠠᠳᠤᠨ ᠤ | ᠬᠠᠶᠢᠷ᠎ᠠ ᠬᠠᠯᠠᠮᠵᠢᠯᠠᠯ ᠳᠤ ᠨᠡᠩ ᠭᠦᠨ ᠣᠶᠢᠯᠠᠭᠠᠯᠲᠠ ᠲᠠᠢ ᠪᠤᠯᠤᠭᠰᠠᠨ᠂ ᠡᠨᠡ ᠨᠢ ᠪᠢᠳᠠᠨ ᠤ ᠡᠯ᠎ᠡ ᠲᠦᠷᠦᠯ ᠤᠨ | ᠠᠷᠠᠳ ᠲᠤ ᠠᠰᠢᠭ ᠬᠦᠷᠳᠡᠭᠡᠬᠦ ᠲᠦᠷᠦ ᠶᠢᠨ ᠪᠤᠳᠤᠯᠭ᠎ᠠ ᠶᠢ ᠰᠠᠶᠢᠳᠤᠷ ᠠᠰᠢᠭᠯᠠᠬᠤ ᠳᠤ ᠲᠤᠰᠠ ᠪᠤᠯᠵᠤ᠂ | ᠤᠨᠴᠠᠯᠢᠭᠳᠤ ᠲᠠᠷᠢᠶᠠᠯᠠᠩ ᠮᠠᠯ ᠠᠵᠤ ᠠᠬᠤᠢ ᠶᠢᠨ ᠦᠢᠯᠡᠰ ᠢ ᠬᠦᠭᠵᠢᠬᠦᠯᠵᠤ᠂ ᠤᠷᠤᠯᠭ᠎ᠠ ᠪᠠᠨ ᠨᠡᠮᠡᠭᠳᠡᠬᠦᠯᠦᠨ | ᠪᠠᠶᠠᠵᠢᠨ ᠴᠢᠨᠡᠭᠡᠯᠢᠭᠵᠢᠬᠦ ᠳᠤ ᠲᠡᠮᠵᠢᠯᠭᠡ ᠦᠵᠡᠬᠦᠯᠵᠡᠢ︾ ᠭᠡᠵᠦ ᠪᠠᠶᠢᠯ᠎ᠠ᠃ | ᠲᠠᠶᠢᠯᠤᠮᠵᠢ ᠶᠢᠨ ᠶᠠᠪᠤᠴᠠ ᠳᠤ᠂ ᠠᠵᠢᠯᠲᠠᠳ ᠮᠠᠯᠴᠢᠨ ᠲᠦᠮᠡᠨ ᠳᠤ ᠬᠠᠷᠠᠪᠦ᠋ᠷᠭᠦᠳ ᠤᠨ ᠠᠭᠤᠯᠠ | ᠪᠠᠯᠭᠠᠰᠤᠨ ᠤ ᠠᠷᠠᠳ ᠲᠤ ᠠᠰᠢᠭ ᠬᠦᠷᠲᠡᠭᠡᠬᠦ ᠢᠨᠵᠧᠨᠧᠷᠢᠩ ᠤᠨ ᠠᠬᠢᠴᠠ ᠶᠢᠨ ᠪᠠᠶᠢᠳᠠᠯ ᠢ ᠲᠠᠨᠢᠯᠴᠠᠭᠤᠯᠵᠤ᠂ | ᠭᠤᠣᠯᠳᠠᠭᠤ ᠤᠰᠤ᠂ ᠴᠠᠬᠢᠯᠭᠠᠨ᠂ ᠵᠠᠮ᠂ ᠴᠢᠮᠡᠭᠡ ᠨᠡᠪᠲᠡᠷᠡᠭᠦᠯᠭᠡ᠂ ᠨᠡᠶᠢᠭᠡᠮ ᠤᠨ ᠵᠠᠰᠠᠯᠲᠠ᠂ ᠰᠡᠯᠡᠭᠦᠴᠡᠯ ᠤᠨ | ᠰᠣᠶᠣᠯ ᠵᠡᠷᠭᠡ ᠲᠠᠯ᠎ᠠ ᠪᠠᠷ᠂ ᠣᠶᠢᠷ᠎ᠠ ᠶᠢᠨ ᠵᠢᠯ ᠢᠯᠠᠩᠭᠤᠶ᠎ᠠ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ | ᠰᠢᠪᠲᠤᠯᠬᠤ ᠠᠵᠢᠯ ᠢ ᠪᠦᠬᠦ ᠲᠠᠯ᠎ᠠ ᠪᠠᠷ ᠡᠮᠬᠢᠯᠡᠨ ᠳᠢᠭᠯᠡᠭᠰᠡᠨ ᠠᠴᠠ ᠨᠠᠰᠢ᠂ ᠤᠯᠠᠭᠠᠬᠠᠭᠤᠯᠠ ᠭᠠᠴᠠᠭ᠎ᠠ ᠡᠯ᠎ᠡ | ᠲᠥᠷᠥᠯ ᠤᠨ ᠲᠥᠷᠥᠯ ᠵᠦᠢᠯ ᠳᠤ ᠲᠦᠰᠢᠭᠯᠡᠨ᠂ ᠬᠠᠷᠢᠶᠠᠳᠤ ᠣᠷᠣᠨ ᠤ ᠰᠠᠭᠤᠷᠢ ᠲᠥᠬᠦᠭᠡᠷᠦᠮᠵᠢ ᠶᠢᠨ ᠪᠦᠲᠦᠭᠡᠨ | ᠪᠠᠶᠢᠭᠤᠯᠤᠯᠲᠠ ᠶᠢᠨ ᠨᠥᠬᠦᠴᠡᠯ ᠢ ᠠᠯᠬᠤᠮ ᠠᠯᠬᠤᠮ ᠢᠶᠠᠷ ᠰᠠᠶᠢᠵᠢᠷᠠᠭᠤᠯᠵᠤ᠂ ᠮᠠᠯᠴᠢᠳ ᠲᠤ ᠨᠠᠮ ᠤᠨ ᠬᠠᠶᠢᠷ᠎ᠠ | ᠬᠠᠯᠠᠮᠵᠢ ᠪᠠ ᠠᠰᠢᠭ ᠬᠦᠷᠲᠡᠭᠡᠬᠦ ᠡᠯ᠎ᠡ ᠳᠦᠷᠦᠯ ᠤᠨ ᠲᠥᠷᠥ ᠶᠢᠨ ᠪᠣᠳᠣᠯᠭ᠎ᠠ ᠶᠢ ᠬᠦᠷᠳᠡᠭᠡᠨ᠂ ᠤᠷᠢᠳ ᠬᠤᠵᠢᠳ | ᠤᠰᠤ ᠬᠠᠳᠠᠭᠠᠯᠠᠬᠤ ᠵᠣᠭᠤᠷᠢ ᠶᠢᠨ ᠪᠦᠲᠦᠭᠡᠨ ᠪᠠᠶᠢᠭᠤᠯᠤᠯᠲᠠ᠂ ᠲᠣᠮᠣ ᠬᠡᠯᠪᠡᠷᠢ ᠶᠢᠨ ᠤᠰᠤ ᠴᠡᠪᠡᠷᠰᠢᠭᠦᠯᠬᠦ | ᠲᠥᠬᠦᠭᠡᠷᠦᠮᠵᠢ ᠶᠢ ᠢᠵᠢ ᠪᠦᠷᠢᠳᠦᠬᠦᠯᠬᠦ᠂ ᠲᠢᠶᠠᠨ ᠹᠧᠩ ᠬᠠᠷᠪᠤᠯ ᠤᠨ ᠰᠠᠯᠬᠢᠨ ᠬᠦᠴᠦ ᠪᠠᠷ ᠴᠠᠬᠢᠯᠭᠠᠨ ᠭᠠᠷᠭᠠᠬᠤ | ᠲᠠᠯᠠᠪᠠᠢ ᠪᠠᠷ ᠴᠡᠪᠡᠷ ᠡᠨᠧᠷᠭᠢ ᠶᠢᠨ ᠰᠤᠷᠪᠤᠯᠵᠢ ᠶᠢ ᠬᠦᠭᠵᠢᠬᠦᠯᠬᠦ ᠶᠢ ᠤᠷᠤᠭᠤᠯᠬᠤ᠂ ᠬᠠᠷ᠎ᠠ ᠪᠦᠷᠭᠦᠳ ᠤᠨ | ᠠᠭᠤᠯᠠᠨ ᠤ ᠴᠠᠬᠢᠯᠭᠠᠨ ᠬᠠᠩᠭᠠᠬᠤ ᠦᠷᠳᠡᠭᠡ ᠶᠢᠨ ᠥᠨᠳᠥᠷ ᠪᠦᠲᠦᠮᠵᠢᠲᠡᠢ ᠪᠠᠲᠤᠯᠠᠪᠤᠷᠢ ᠶᠢᠨ ᠴᠠᠬᠢᠯᠭᠠᠨ | ᠬᠠᠩᠭᠠᠯᠭ᠎ᠠ ᠶᠢ ᠶᠡᠬᠡᠪᠡᠷ ᠬᠦᠭᠵᠢᠬᠦᠯᠬᠦ᠂ ᠪᠡᠭᠡᠵᠢᠩ ᠠᠴᠠ ᠰᠢᠨᠵᠢᠶᠠᠩ ᠬᠦᠷᠬᠦ ᠲᠦᠷᠭᠡᠨ ᠤ ᠵᠠᠮ ᠢ ᠵᠠᠰᠠᠬᠤ᠂ | ᠰᠢᠶᠠᠩ ᠳᠤ ᠨᠡᠪᠲᠡᠷᠡᠬᠦ ᠴᠠᠷᠳᠠᠮᠠᠯ ᠵᠠᠮ ᠢ ᠳᠡᠪᠢᠰᠬᠦ᠂ ᠴᠢᠮᠡᠭᠡ ᠨᠡᠪᠲᠡᠷᠡᠭᠦᠯᠭᠡ ᠶᠢᠨ ᠰᠠᠭᠤᠷᠢ ᠦᠷᠳᠡᠭᠡ ᠪᠣᠯᠣᠨ | ᠲᠤᠬᠢᠶᠠᠨ ᠤ ᠰᠤᠪᠤᠷᠭ᠎ᠠ ᠶᠢ ᠪᠠᠶᠢᠭᠤᠯᠬᠤ ᠵᠡᠷᠭᠡ ᠲᠦᠷᠦᠯ ᠵᠦᠢᠯ ᠢ ᠬᠡᠷᠡᠭᠵᠢᠬᠦᠯᠵᠤ᠂ ︽ᠬᠤᠪᠢᠰᠬᠠᠯ ᠤᠨ ᠣᠷᠣᠯᠠᠨ | ᠭᠦᠢᠴᠡᠳᠭᠡᠭᠴᠢ︾᠂ ︽ᠬᠤᠪᠢᠰᠬᠠᠯ ᠤᠨ ᠪᠢᠴᠢᠯ ᠲᠣᠣᠷᠵᠢᠯ︾ ᠤᠨ ᠬᠠᠮᠢᠶᠠᠷᠤᠯᠲᠠ ᠶᠢᠨ ᠦᠢᠯᠡᠴᠢᠯᠡᠭᠡ ᠶᠢ | ᠦᠷᠬᠦᠯᠵᠢᠬᠦᠶᠢᠴᠡ ᠦᠷᠨᠢᠬᠦᠯᠦᠨ᠂ ᠨᠠᠮ ᠤᠯᠠᠨ ᠲᠦᠮᠡᠨᠴᠢ ᠪᠦᠯᠬᠦᠮ ᠤᠨ ᠦᠢᠯᠡᠴᠢᠯᠡᠭᠡᠨ ᠤ ᠲᠥᠪ᠂ ᠰᠢᠨ᠎ᠡ ᠴᠠᠭ | ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠭᠠᠵᠠᠷ ︵ᠦᠷᠳᠡᠭᠡ︶᠂ ᠠᠵᠢᠯᠲᠠᠨ ᠠᠵᠢᠯᠴᠢᠨ ᠤ ᠭᠡᠷ᠂ ᠲᠠᠯ᠎ᠠ | ᠨᠤᠲᠤᠭ ᠤᠨ ᠨᠣᠮ ᠤᠨ ᠦᠷᠦᠭᠡ᠂ ᠡᠳᠦᠷ ᠲᠤᠳᠤᠮ ᠤᠨ ᠬᠠᠷᠠᠭᠠᠯᠵᠠᠯ ᠤᠨ ᠦᠷᠦᠬᠡ ᠵᠡᠷᠭᠡ ᠵᠢᠭᠰᠠᠭᠠᠯ ᠤᠨ | ᠭᠠᠵᠠᠷ ᠤᠨ ᠪᠠᠶᠢᠳᠠᠯ ᠵᠢᠴᠢ ᠭᠠᠴᠠᠭᠠᠨ ᠤ ᠯᠤᠲᠤ ᠶᠡᠭᠡ ᠬᠤᠪᠢᠷᠠᠯᠲᠠ ᠶᠢ ᠨᠢᠭᠡ ᠴᠣᠭᠴᠠᠵᠢᠭᠤᠯᠤᠨ ᠪᠠᠶᠢᠭᠤᠯᠵᠤ᠂ | ᠦᠷᠭᠡᠨ ᠤᠯᠠᠨ ᠮᠠᠯᠴᠢᠳ ᠲᠤ ᠨᠠᠮ ᠤᠨ ᠠᠷᠠᠳ ᠲᠤ ᠠᠰᠢᠭ ᠬᠦᠷᠳᠡᠭᠡᠭᠦ ᠤᠭ ᠰᠠᠨᠠᠭ᠎ᠠ ᠶᠢ ᠭᠦᠨᠵᠡᠭᠡᠢ | ᠤᠶᠢᠯᠠᠭᠠᠭᠤᠯᠤᠭᠰᠠᠨ ᠪᠠᠶᠢᠨ᠎ᠠ᠃ | ᠤᠯᠠᠭᠠᠬᠠᠭᠤᠯᠠ ᠭᠠᠴᠠᠭᠠᠨ ᠤ ᠮᠠᠯᠴᠢᠨ ᠪᠠᠢ ᠪᠦᠬᠡ᠄ ︽ᠬᠠᠷᠠᠪᠦ᠋ᠷᠭᠦᠳ ᠤᠨ ᠠᠭᠤᠯᠠ ᠪᠠᠯᠭᠠᠰᠤᠨ ᠤ | ᠵᠠᠰᠠᠭ ᠤᠨ ᠣᠷᠳᠣᠨ ᠡᠨᠡ ᠤᠰᠤᠨ ᠵᠣᠭᠤᠷᠢ ᠶᠢ ᠪᠠᠶᠢᠭᠤᠯᠤᠭᠰᠠᠨ ᠠᠴᠠ ᠨᠠᠰᠢ᠂ ᠮᠠᠨ ᠤ ᠮᠠᠯᠴᠢᠳ ᠲᠤ ᠲᠤᠶᠢᠯ ᠤᠨ | ᠶᠡᠭᠡ ᠲᠦᠭᠦᠮ ᠦᠵᠡᠭᠦᠯᠵᠡᠢ᠂ ᠥᠩᠭᠡᠷᠡᠭᠰᠡᠨ ᠳᠤ ᠪᠢᠳᠡ ᠬᠤᠰᠢᠭᠤᠨ ᠠᠴᠠ ᠤᠰᠤ ᠲᠠᠲᠠᠵᠤ ᠪᠠᠶᠢᠭᠰᠠᠨ᠂ ᠨᠢᠭᠡ | ᠤᠳᠠᠭ᠎ᠠ ᠤᠰᠤ ᠲᠠᠳᠠᠬᠤ ᠳᠤ ᠨᠡᠯᠢᠶᠡᠳ ᠶᠡᠬᠡᠪᠡᠷ ᠲᠠᠳᠠᠳᠠᠭ᠂ ᠭᠡᠳᠡᠯ᠎ᠡ ᠬᠤᠶᠠᠷ ᠭᠤᠷᠪᠠᠨ ᠰᠠᠷ᠎ᠠ ᠶᠢᠨ | ᠬᠤᠭᠤᠴᠠᠭᠠᠨ ᠳᠤ ᠤᠰᠤᠨ ᠤ ᠴᠢᠨᠠᠷ ᠨᠢ ᠪᠠᠰᠠ ᠮᠠᠭᠤᠳᠠᠨ᠎ᠠ ᠪᠠᠭ᠎ᠠ ᠲᠠᠳᠠᠪᠠᠯ ᠡᠳᠦᠷ ᠪᠦᠷᠢ ᠨᠠᠰᠢ ᠴᠠᠰᠢ | ᠶᠠᠪᠤᠬᠤ ᠳᠤ ᠵᠠᠷᠤᠳᠠᠯ ᠨᠢ ᠳᠡᠩᠳᠡᠭᠦᠦ ᠶᠡᠭᠡ ᠮᠦᠷᠳᠡᠭᠡᠨ 600 ᠭᠠᠷᠤᠢ ᠺᠢᠯᠤᠮᠧᠲᠷ ᠲᠤ ᠬᠦᠷᠳᠡᠭ︾ ᠭᠡᠵᠦ | ᠪᠠᠶᠢᠯ᠎ᠠ᠃ | ᠠᠯᠠᠱᠠ ᠴᠠᠬᠢᠯᠭᠠᠨ ᠬᠠᠩᠭᠠᠬᠤ ᠺᠤᠮᠫᠠᠨᠢ ᠶᠢᠨ ᠡᠵᠡᠨ᠎ᠡ ᠴᠠᠬᠢᠯᠭᠠᠨ ᠬᠠᠩᠭᠠᠬᠤ ᠬᠤᠪᠢᠶᠠᠷᠢ ᠺᠤᠮᠫᠠᠨᠢ ᠶᠢᠨ | ᠬᠠᠷ᠎ᠠ ᠪᠦᠷᠭᠦᠳ ᠤᠨ ᠠᠭᠤᠯᠠ ᠶᠢᠨ ᠴᠠᠬᠢᠯᠭᠠᠨ ᠬᠠᠩᠭᠠᠬᠤ ᠦᠷᠳᠡᠭᠡᠨ ᠤ ᠠᠵᠢᠯ ᠤᠨ ᠲᠤᠬᠢᠷᠠᠭᠤᠯᠤᠭᠴᠢ ᠰᠢᠶᠠ | ᠠᠢ ᠵᠢᠶᠦ᠋ᠨ᠄ ︽ᠪᠢ ᠬᠠᠷᠠᠪᠦ᠋ᠷᠭᠦᠳ ᠤᠨ ᠠᠭᠤᠯᠠ ᠪᠠᠯᠭᠠᠰᠤᠨ ᠳᠤ ᠬᠠᠭᠠᠰ ᠨᠠᠰᠤ ᠪᠠᠷ ᠢᠶᠠᠨ ᠠᠮᠢᠳᠤᠷᠠᠭᠰᠠᠨ ᠶᠤᠮ᠂ | ᠥᠩᠭᠡᠷᠡᠭᠰᠡᠨ ᠳᠤ ᠪᠦᠷ ᠯᠠ ᠠᠰᠠᠭᠠᠵᠤ ᠪᠠᠶᠢᠭᠰᠠᠨ᠂ ᠤᠳᠤ ᠪᠠᠶᠢᠩᠭᠤ ᠶᠢᠨ ᠴᠠᠬᠢᠯᠭᠠᠨ ᠲᠠᠢ ᠪᠤᠯᠤᠭᠰᠠᠨ ᠳᠤ ᠪᠠᠨ | ᠲᠦᠢᠯ ᠤᠨ ᠶᠡᠬᠡᠪᠡᠷ ᠪᠠᠶᠠᠷᠯᠠᠵᠤ ᠪᠠᠶᠢᠨ᠎ᠠ︾ ᠭᠡᠪᠡ᠃ | |