5 ᠰᠠᠷ᠎ᠠ ᠶᠢᠨ 18 ᠤ ᠡᠳᠦᠷ ᠪᠤᠯ 47 ᠳ᠋ᠤᠭᠠᠷ ᠳᠡᠯᠡᠬᠡᠢ ᠶᠢᠨ ᠮᠦᠽᠸᠢ ᠶᠢᠨ ᠡᠳᠦᠷ ᠪᠤᠯᠤᠨ᠎ᠠ᠂ | ᠬᠤᠰᠢᠭᠤᠨ ᠤ ᠲᠡᠤᠬᠡ ᠶᠢᠨ ᠳᠤᠷᠠᠰᠬᠠᠯᠲᠦ ᠵᠦᠢᠯᠡᠰ ᠢ ᠬᠠᠮᠠᠭᠠᠯᠠᠬᠤ ᠲᠦᠪ ᠪᠠ ᠵᠠᠯᠠᠭᠤᠴᠤᠳ ᠪᠠᠭᠠᠴᠤᠳ ᠤᠨ | ᠬᠦᠳᠡᠯᠭᠡᠭᠡᠨ ᠤ ᠲᠦᠪ ᠬᠤᠯᠪᠤᠭᠠᠯᠠᠨ ᠭᠤᠤᠯ ᠰᠡᠳᠦᠪᠲᠦ ᠲᠡᠤᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠬᠤ | ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠠᠵᠢᠯᠯᠠᠭ᠎ᠠ ᠦᠷᠨᠢᠭᠦᠯᠪᠡ᠃ | ᠬᠤᠰᠢᠭᠤᠨ ᠤ ᠮᠤᠩᠭᠤᠯ ᠰᠤᠷᠭᠠᠭᠤᠯᠢ ᠶᠢᠨ ᠲᠠᠪᠤᠳᠤᠭᠠᠷ ᠤᠨ ᠤ ᠬᠤᠶᠠᠳᠤᠭᠠᠷ ᠠᠩᠬᠢ ᠶᠢᠨ ᠰᠤᠷᠤᠭᠴᠢᠳ | ᠮᠦᠽᠸᠢ ᠶᠢᠨ ᠨᠢᠭᠤᠴᠠ ᠤᠷᠴᠢᠨ ᠤ ᠭᠠᠶᠢᠬᠠᠮᠰᠢᠭᠲᠤ ᠦᠵᠡᠮᠵᠢ᠂ ᠵᠢᠦᠢ ᠶᠠᠨ ᠤ ᠬᠠᠪᠤᠷ ᠨᠠᠮᠤᠷ᠂ | ᠦᠨᠳᠦᠰᠦᠲᠡᠨ ᠤ ᠵᠠᠩ ᠦᠢᠯᠡ ᠵᠡᠷᠭᠡ ᠲᠡᠤᠬᠡ ᠶᠢᠨ ᠳᠤᠷᠠᠰᠬᠠᠯᠲᠤ ᠵᠦᠢᠯᠡᠰ ᠤᠨ ᠦᠵᠡᠭᠦᠯᠭᠡ ᠶᠢᠨ ᠲᠢᠢᠩᠬᠢᠮ ᠢᠶᠠᠷ | ᠲᠤᠭᠤᠷᠢᠵᠦ᠂ ᠮᠦᠽᠸᠢ ᠶᠢᠨ ᠲᠠᠶᠢᠯᠪᠤᠷᠢᠯᠠᠭᠴᠢ ᠠᠴᠠ ᠰᠤᠷᠤᠭᠴᠢᠳ ᠲᠤ ᠮᠠᠨ ᠤ ᠬᠤᠰᠢᠭᠤᠨ ᠤ ᠭᠠᠵᠠᠷ | ᠰᠢᠨᠵᠢᠯᠡᠭᠡᠨ ᠤ ᠦᠵᠡᠮᠵᠢ᠂ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠬᠦᠮᠦᠨ ᠲᠦᠷᠦᠯᠬᠢᠲᠡᠨ ᠤ ᠣᠷᠣᠰᠢᠯ | ᠠᠮᠢᠳᠤᠷᠠᠯ᠂ ᠲᠤᠷᠭᠤᠳ ᠠᠶᠢᠮᠠᠭ ᠡᠬᠡ ᠤᠯᠤᠰ ᠲᠠᠭᠠᠨ ᠪᠤᠴᠠᠭᠰᠠᠨ ᠲᠡᠤᠬᠡ ᠪᠠ ᠵᠠᠩ ᠦᠢᠯᠡ ᠵᠡᠷᠭᠡ ᠲᠡᠤᠬᠡ | ᠰᠤᠶᠤᠯ ᠤᠨ ᠮᠡᠳᠡᠯᠭᠡ ᠶᠢ ᠲᠠᠶᠢᠯᠪᠤᠷᠢᠯᠠᠨ ᠦᠭᠭᠦ ᠶᠢᠨ ᠬᠠᠮᠲᠤ ᠦᠨᠳᠦᠰᠦᠲᠡᠨ ᠤ ᠪᠦᠯᠬᠦᠮᠳᠡᠯ ᠤᠨ ᠦᠵᠡᠭᠦᠯᠭᠡ ᠶᠢᠨ | ᠲᠢᠩᠬᠢᠮ ᠳᠤ ᠠᠰᠠᠭᠤᠯᠲᠠ ᠬᠠᠷᠢᠭᠤᠯᠬᠤ ᠬᠦᠳᠡᠯᠭᠡᠭᠡᠨ ᠬᠢᠪᠡ᠃ ᠳᠠᠷᠠᠭ᠎ᠠ ᠪᠠᠷ ᠨᠢ ︽ᠪᠢ ᠮᠦᠽᠸᠢ ᠳᠤ ᠲᠡᠤᠬᠡ | ᠶᠢᠨ ᠳᠤᠷᠠᠰᠬᠠᠯᠲᠤ ᠵᠦᠢᠯᠡᠰ ᠢ ᠵᠠᠰᠠᠵᠤ ᠪᠠᠶᠢᠨ᠎ᠠ︾ ᠭᠡᠬᠦ ᠭᠤᠤᠯ ᠰᠡᠳᠦᠪᠲᠦ ᠲᠡᠤᠬᠡ ᠶᠢᠨ ᠳᠤᠷᠠᠰᠬᠠᠯᠲᠤ ᠵᠦᠢᠯᠡᠰ ᠢ | ᠵᠠᠰᠠᠨ ᠰᠡᠯᠪᠢᠬᠦ ᠮᠡᠳᠡᠯᠭᠡ ᠶᠢᠨ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠠᠵᠢᠯᠯᠠᠭ᠎ᠠ ᠶᠢ ᠦᠷᠨᠢᠭᠦᠯᠵᠦ᠂ ᠠᠬᠤᠢ | ᠲᠠᠯᠠᠪᠠᠢ ᠳᠤ ᠳᠠᠭᠤᠷᠢᠶᠠᠯᠭᠠᠨ ᠬᠢᠬᠦ ᠪᠠ ᠮᠡᠳᠡᠯᠭᠡ ᠶᠢ ᠲᠠᠶᠢᠯᠪᠤᠷᠢᠯᠠᠬᠤ ᠵᠡᠷᠭᠡ ᠬᠡᠯᠪᠡᠷᠢ ᠪᠠᠷ ᠰᠤᠷᠤᠭᠴᠢᠳ ᠲᠤ | ᠱᠠᠭᠠᠵᠠᠩ ᠰᠠᠪᠠ ᠶᠢ ᠰᠡᠯᠪᠢᠨ ᠵᠠᠰᠠᠬᠤ ᠠᠷᠭ᠎ᠠ ᠪᠠ ᠮᠡᠷᠭᠡᠵᠢᠯ ᠢ ᠲᠠᠶᠢᠯᠪᠤᠷᠢᠯᠠᠨ ᠶᠠᠷᠢᠬᠤ ᠶᠢᠨ ᠬᠠᠮᠲᠤ | ᠲᠠᠶᠢᠯᠪᠤᠷᠢᠯᠠᠭᠴᠢ ᠶᠢᠨ ᠵᠢᠯᠤᠭᠤᠳᠤᠯᠭ᠎ᠠ ᠪᠠᠷ ᠰᠤᠷᠤᠭᠴᠢᠳ ᠮᠠᠨᠢ ᠱᠭᠠᠵᠠᠩ ᠰᠠᠪᠠ ᠶᠢ ᠠᠭᠠᠵᠢᠮ ᠢᠶᠠᠷ ᠵᠠᠰᠠᠨ | ᠰᠡᠯᠪᠢᠪᠡ᠃ | ᠬᠤᠰᠢᠭᠤᠨ ᠤ ᠮᠤᠩᠭᠤᠯ ᠦᠨᠳᠦᠰᠦᠲᠡᠨ ᠤ ᠪᠠᠭ᠎ᠠ ᠰᠤᠷᠭᠠᠭᠤᠯᠢ ᠶᠢᠨ ᠲᠠᠪᠤᠳᠤᠭᠠᠷ ᠤᠨ ᠤ ᠬᠤᠶᠠᠳᠤᠭᠠᠷ | ᠠᠩᠬᠢ ᠶᠢᠨ ᠰᠤᠷᠤᠭᠴᠢ ᠽᠢ ᠰᠢᠨ᠄ ︽ᠡᠶᠢᠮᠦᠷᠬᠦᠤ ᠭᠡᠯᠪᠡᠷ ᠪᠠᠷ ᠲᠡᠤᠬᠡ ᠶᠢ ᠬᠠᠮᠤᠭ ᠤᠶᠢᠷᠠᠬᠠᠨ ᠠᠴᠠ | ᠤᠶᠢᠯᠠᠭᠠᠵᠤ᠂ ᠤᠯᠠᠮᠵᠢᠯᠠᠯᠲᠤ ᠰᠤᠶᠤᠯ ᠤᠨ ᠭᠠᠶᠢᠬᠠᠮᠰᠢᠭ ᠪᠠ ᠠᠮᠢᠵᠢᠷᠠᠯ ᠤᠨ ᠬᠦᠴᠦᠨ ᠢ ᠮᠡᠳᠡᠷᠡᠵᠤ ᠪᠠᠶᠢᠨ᠎ᠠ︾ | ᠭᠡᠵᠦ ᠪᠠᠶᠢᠯ᠎ᠠ᠃ | ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ ᠳᠤ ︽ᠡᠵᠡᠨ᠎ᠡ ᠬᠤᠰᠢᠭᠤᠨ ᠤ ᠬᠤᠪᠢᠰᠬᠠᠯᠲᠤ | ᠲᠡᠤᠬᠡ ᠶᠢᠨ ᠳᠤᠷᠠᠰᠬᠠᠯᠲᠤ ᠵᠦᠢᠯᠡᠰ︾ ᠤᠨ ᠮᠡᠳᠡᠯᠭᠡ ᠶᠢᠨ ᠲᠠᠶᠢᠯᠤᠮᠵᠢ ᠬᠢᠵᠦ᠂ ᠲᠠᠶᠢᠯᠪᠤᠷᠢᠯᠠᠭᠴᠢ ᠠᠴᠠ | ᠰᠤᠷᠤᠭᠴᠢᠳ ᠲᠤ ᠡᠵᠡᠨ᠎ᠡ ᠶᠢᠨ ᠠᠷᠠᠳ ᠤᠯᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ | ᠳᠤᠤᠷ᠎ᠠ ᠶᠠᠫᠦᠨ ᠤ ᠡᠵᠡᠷᠬᠡᠭ ᠲᠦᠷᠢᠮᠬᠡᠶᠢᠲᠡᠨ ᠪᠠ ᠭᠤᠮᠢᠨᠳᠠᠩ ᠤᠨ ᠴᠡᠷᠢᠭ ᠤᠨ ᠡᠷᠬᠡᠲᠡᠨ ᠤ ᠦᠨᠳᠦᠰᠦᠲᠡᠨ ᠤ | ᠳᠠᠷᠤᠯᠠᠯ ᠢ ᠡᠰᠡᠷᠭᠦᠴᠡᠵᠦ᠂ ᠦᠨᠳᠦᠰᠦᠲᠡᠨ ᠤ ᠴᠢᠯᠦᠭᠡᠯᠡᠯᠲᠡ ᠶᠢ ᠲᠡᠮᠡᠴᠡᠨ ᠤᠯᠤᠭᠰᠠᠨ᠂ ᠡᠬᠡ ᠤᠯᠤᠰ ᠤᠨ | ᠨᠢᠭᠡᠳᠦᠯ ᠢ ᠬᠠᠮᠠᠭᠠᠯᠠᠬᠤ᠂ ᠤᠯᠤᠰ ᠤᠨ ᠪᠠᠲᠤᠯᠠᠨ ᠬᠠᠮᠠᠭᠠᠯᠠᠯᠲᠠ ᠪᠠ ᠰᠠᠨᠰᠠᠷ ᠤᠨ ᠠᠶᠠᠯᠠᠯ ᠤᠨ ᠦᠢᠯᠡᠰ ᠤᠨ | ᠦᠯᠢᠭᠡᠷ ᠵᠢᠴᠢ ᠰᠡᠳᠭᠢᠯ ᠬᠦᠳᠡᠯᠭᠡᠮ᠎ᠡ ᠬᠤᠪᠢᠰᠬᠠᠯ ᠤᠨ ᠦᠯᠢᠭᠡᠷ ᠤᠳ ᠨᠢ ᠰᠤᠷᠤᠭᠴᠢᠳ ᠤᠨ ᠬᠦᠷᠢᠶᠡᠯᠡᠯ ᠢ | ᠤᠯᠪᠠ᠃ | ᠬᠤᠰᠢᠭᠤᠨ ᠤ ᠲᠡᠤᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠲᠦᠪ ᠤᠨ ᠳᠡᠳ᠋ ᠡᠷᠬᠢᠯᠡᠭᠴᠢ | ᠲᠡᠮᠦᠷ᠎ᠡ᠄ ︽ᠪᠢᠳᠠ ᠰᠢ ᠶᠢᠨ ᠫᠢᠩ ᠶᠡᠷᠦᠩᠬᠡᠢ ᠱᠦᠵᠢ ᠶᠢᠨ ᠱᠠᠭᠠᠷᠳᠠᠯᠭ᠎ᠠ ᠶᠢ ᠦᠨᠳᠦᠰᠦᠯᠡᠵᠦ᠂ ᠤᠯᠤᠰ | ᠲᠦᠷᠦ ᠶᠢᠨ ᠵᠦᠪ ᠴᠢᠭᠯᠡᠯ ᠢ ᠪᠠᠷᠢᠮᠲᠠᠯᠠᠨ᠂ ᠰᠤᠶᠤᠯ ᠤᠨ ᠢᠲᠡᠭᠡᠯ ᠢᠶᠠᠨ ᠪᠠᠲᠤᠳᠬᠠᠵᠤ᠂ ᠡᠷᠳᠡᠮ ᠰᠢᠨᠵᠢᠯᠡᠭᠡᠨ ᠤ | ᠰᠤᠳᠤᠯᠭᠠᠨ ᠢ ᠭᠦᠨᠵᠡᠭᠡᠶᠢᠷᠡᠭᠦᠯᠦᠨ᠂ ᠳᠡᠯᠭᠡᠨ ᠦᠵᠡᠭᠦᠯᠭᠡ ᠶᠢᠨ ᠰᠢᠨ᠎ᠡ ᠶᠢ ᠡᠭᠦᠳᠴᠦ᠂ ᠲᠡᠤᠬᠡ ᠶᠢᠨ ᠳᠤᠷᠠᠰᠬᠠᠯᠲᠤ | ᠵᠦᠢᠯᠡᠰ ᠢ ᠠᠮᠢᠳᠤᠯᠢᠭ ᠠᠰᠢᠭᠯᠠᠵᠤ᠂ ᠪᠤᠯᠪᠠᠰᠤᠨ ᠤ ᠰᠤᠯᠢᠯᠴᠠᠭ᠎ᠠ ᠶᠢ ᠠᠬᠢᠭᠤᠯᠤᠨ᠂ ᠳᠤᠮᠳᠠᠳᠤ ᠶᠢᠨ ᠪᠤᠯᠪᠠᠰᠤᠨ ᠤ | ᠰᠢᠯᠢᠳᠡᠭ ᠦᠷ᠎ᠡ ᠪᠦᠲᠦᠭᠡᠯ ᠢ ᠰᠠᠶᠢᠨ ᠰᠠᠬᠢᠵᠦ᠂ ᠰᠠᠶᠢᠨ ᠤᠯᠠᠮᠵᠢᠯᠠᠨ᠂ ᠰᠠᠶᠢᠲᠦᠷ ᠦᠵᠡᠭᠦᠯᠵᠦ᠂ ᠰᠤᠶᠤᠯ | ᠦᠵᠡᠰᠭᠦᠯᠡᠩ ᠤᠨ ᠦᠢᠯᠡᠰ ᠢ ᠬᠦᠭᠵᠢᠬᠦᠯᠬᠦ᠂ ᠨᠡᠶᠢᠬᠡᠮ ᠵᠢᠷᠤᠮ ᠤᠨ ᠰᠤᠶᠤᠯ ᠤᠨ ᠬᠦᠴᠦᠷᠬᠡᠭ ᠤᠯᠤᠰ ᠢ ᠪᠦᠲᠦᠭᠡᠨ | ᠪᠠᠶᠢᠭᠤᠯᠬᠤ ᠤᠨ ᠲᠦᠯᠦᠭᠡ ᠲᠠᠰᠤᠷᠠᠯᠲᠠ ᠦᠭᠡᠢ ᠰᠢᠨ᠎ᠡ ᠬᠤᠪᠢ ᠨᠡᠮᠡᠷᠢ ᠶᠢ ᠦᠵᠡᠭᠦᠯᠦᠨ᠎ᠡ︾ ᠭᠡᠵᠦ ᠪᠠᠶᠢᠯ᠎ᠠ᠃ | ᠬᠤᠰᠢᠭᠤᠨ ᠤ ᠮᠦᠽᠸᠢ ᠨᠢ ᠠᠯᠠᠱᠠ ᠠᠶᠢᠮᠠᠭ ᠤᠨ ᠵᠠᠯᠠᠭᠤᠴᠤᠳ ᠪᠠᠭᠠᠴᠤᠳ ᠤᠨ ᠰᠢᠨᠵᠢᠯᠡᠬᠦ ᠤᠬᠠᠭᠠᠨ ᠢ | ᠲᠦᠭᠡᠮᠡᠯᠵᠢᠭᠦᠯᠬᠦ ᠰᠤᠷᠭᠠᠨ ᠬᠦᠮᠦᠵᠢᠯ ᠤᠨ ᠵᠢᠱᠢᠶ᠎ᠡ ᠦᠵᠡᠭᠦᠯᠬᠦ ᠰᠠᠭᠤᠷᠢᠨ ᠭᠠᠵᠠᠷ ᠪᠠᠶᠢᠵᠤ᠂ ᠲᠢᠩᠬᠢᠮ ᠤᠨ | ᠳᠤᠲᠤᠷ᠎ᠠ ᠵᠢᠷᠭᠤᠭᠠᠨ ᠦᠨᠳᠦᠰᠦᠨ ᠦᠵᠡᠭᠦᠯᠭᠡ ᠶᠢᠨ ᠲᠢᠩᠬᠢᠮ ᠪᠠ ᠨᠢᠭᠡ ᠲᠦᠷ ᠴᠠᠭ ᠤᠨ ᠦᠵᠡᠭᠦᠯᠭᠡ ᠶᠢᠨ | ᠲᠢᠩᠬᠢᠮ ᠢ ᠲᠤᠬᠢᠷᠠᠭᠤᠯᠤᠨ᠂ ᠮᠦᠽᠸᠢ ᠳᠤ ᠬᠠᠳᠠᠭᠠᠯᠠᠵᠤ ᠪᠠᠶᠢᠭ᠎ᠠ ᠲᠡᠤᠬᠡ ᠶᠢᠨ ᠳᠤᠷᠠᠰᠬᠠᠯᠲᠤ ᠵᠦᠢᠯ 5000 | ᠭᠠᠷᠤᠢ ᠪᠤᠢ᠃ ᠮᠠᠨ ᠤ ᠬᠤᠰᠢᠭᠤᠨ ᠤ ᠭᠠᠵᠠᠷ ᠰᠢᠨᠵᠢᠯᠡᠭᠡᠨ ᠤ ᠦᠵᠡᠮᠵᠢ᠂ ᠡᠮᠦᠨᠡᠲᠦ ᠤᠮᠠᠷᠠᠲᠤ ᠲᠦᠷᠦ ᠶᠢᠨ | ᠦᠶ᠎ᠡ ᠶᠢᠨ ᠲᠡᠤᠬᠡ᠂ ᠮᠤᠩᠭᠤᠯ ᠦᠨᠳᠦᠰᠦᠲᠡᠨ ᠤ ᠲᠤᠷᠭᠤᠳ ᠠᠶᠢᠮᠠᠭ ᠡᠬᠡ ᠤᠯᠤᠰ ᠲᠠᠭᠠᠨ ᠪᠤᠴᠠᠭᠰᠠᠨ ᠲᠡᠤᠬᠡ | ᠪᠠ ᠵᠠᠩ ᠦᠢᠯᠡ᠂ ᠵᠢᠦᠢ ᠶᠡᠨ ᠤ ᠬᠤᠯᠤᠰᠤᠨ ᠪᠢᠴᠢᠭ ᠵᠡᠷᠭᠡ ᠡᠵᠡᠨ᠎ᠡ ᠶᠢᠨ ᠲᠡᠤᠬᠡ ᠪᠠᠷ ᠭᠤᠤᠯᠯᠠᠭᠰᠠᠨ ᠡᠯ᠎ᠡ ᠴᠠᠭ | ᠦᠶ᠎ᠡ ᠶᠢᠨ ᠲᠡᠤᠬᠡ ᠶᠢᠨ ᠳᠤᠷᠠᠰᠬᠠᠯᠲᠤ ᠵᠦᠢᠯᠡᠰ ᠢ ᠳᠡᠯᠭᠡᠨ ᠦᠵᠡᠭᠦᠯᠵᠦ᠂ ᠮᠠᠨ ᠤ ᠬᠤᠰᠢᠭᠤᠨ ᠤ ᠲᠦᠭ ᠲᠦᠮᠡᠨ | ᠵᠢᠯ ᠤᠨ ᠠᠮᠢ ᠠᠬᠤᠢ ᠶᠢᠨ ᠬᠤᠪᠢᠷᠠᠯᠲᠠ ᠶᠢᠨ ᠲᠡᠤᠬᠡ ᠪᠠ ᠲᠠᠯ᠎ᠠ ᠨᠤᠲᠤᠭ ᠤᠨ ᠪᠤᠯᠪᠠᠰᠤᠨ ᠤ ᠬᠦᠭᠵᠢᠯᠲᠡ ᠶᠢᠨ | ᠲᠡᠤᠬᠡ ᠶᠢᠨ ᠨᠡᠪᠲᠡᠷᠬᠡᠢ ᠲᠤᠯᠢ ᠨᠢ ᠪᠤᠯᠤᠭᠰᠠᠨ ᠪᠠᠶᠢᠨ᠎ᠠ᠃ | |