ᠡᠯᠢᠭᠡᠨ ᠵᠠᠰᠠᠯᠭ᠎ᠠ
ᠨᠡᠶᠢᠲᠡᠯᠡᠭᠰᠡᠨ ᠴᠠᠭ᠄
2023/6/27
      1. ᠡᠯᠢᠭᠡᠨ ᠲᠠᠮᠢᠷ ᠮᠠᠭᠤᠳᠠᠭᠰᠠᠨ ᠳᠤ ᠬᠤᠨᠢᠨ ᠤ ᠱᠦᠷᠬᠡᠢ ᠡᠯᠢᠭᠡ ᠤᠨᠴᠠ ᠲᠤᠰᠠᠳᠠᠢ᠃ ᠶᠠᠮᠠᠷᠪᠠ ᠬᠦᠮᠤᠨ ᠡᠯᠢᠭᠡᠨ ᠡᠪᠡᠳᠴᠢᠨ ᠳᠤ ᠨᠡᠷᠪᠡᠭᠳᠡᠪᠡᠯ ᠪᠡᠶ᠎ᠡ ᠶᠠᠳᠠᠷᠠᠵᠤ ᠲᠦᠢᠯᠳᠠᠬᠤ᠂ ᠬᠤᠭᠤᠯᠠ ᠤᠮᠳᠠᠭᠠᠨ ᠳᠤ ᠲᠤᠷᠠᠰᠢᠶᠠᠬᠤ ᠦᠭᠡᠢ ᠪᠤᠯᠬᠤ ᠪᠠ ᠤᠷᠮ᠎ᠠ ᠵᠤᠷᠢᠭ ᠠᠯᠳᠠᠭᠳᠠᠳᠠᠭ᠃ ᠡᠨᠡ ᠦᠶ᠎ᠡ ᠠᠴᠠ ᠡᠬᠢᠯᠡᠨ ᠬᠤᠨᠢᠨ ᠤ ᠱᠦᠷᠬᠡᠢ ᠡᠯᠢᠭᠡ ᠪᠠᠶᠢᠩᠭᠤ ᠢᠳᠡᠪᠡᠯ ᠴᠢᠰᠤ ᠶᠢ ᠲᠦᠯᠵᠢᠬᠦᠯᠵᠤ᠂ ᠪᠡᠶ᠎ᠡ ᠶᠢ ᠲᠠᠮᠢᠷᠵᠢᠭᠤᠯᠤᠨ᠂ ᠡᠯᠢᠭᠡᠨ ᠬᠡᠢ ᠪᠠᠷ ᠨᠢᠳᠤ ᠪᠦᠷᠤᠯᠵᠡᠬᠦ ᠶᠢ ᠵᠤᠭᠰᠤᠭᠠᠨ ᠡᠯᠢᠭᠡᠨ ᠦᠷᠪᠢᠰᠤᠯ ᠢ ᠰᠡᠷᠭᠡᠶᠢᠯᠡᠬᠦ ᠤᠶᠢᠯᠡᠳᠤᠯ ᠲᠠᠢ ᠪᠠᠶᠢᠳᠠᠭ᠃       2. ᠠᠯᠢᠪᠠ ᠡᠯᠢᠭᠡᠨ ᠤ ᠡᠪᠡᠳᠴᠢᠨ ᠭᠡᠮ ᠢ ᠵᠠᠰᠠᠵᠤ ᠡᠳᠡᠭᠡᠷᠡᠬᠦᠯᠬᠦ ᠳᠤ ᠡᠷᠡᠬᠡᠢ ᠬᠤᠷᠤᠭᠤ ᠪᠠᠨ ᠰᠢᠪᠳᠤᠷᠠᠬᠤ ᠨᠢ ᠲᠤᠰᠠᠳᠠᠢ᠃ ᠡᠯᠢᠭᠡᠨ ᠤ ᠭᠡᠮ ᠠᠷᠬᠠᠭ ᠲᠠᠢ ᠬᠦᠮᠤᠨ ᠦᠷᠯᠤᠭᠡ ᠪᠦᠷᠢ ᠪᠤᠰᠬᠤ ᠠᠴᠠ ᠪᠠᠨ ᠡᠮᠤᠨ᠎ᠡ ᠲᠡᠭᠡᠭᠰᠢ ᠬᠠᠷᠠᠵᠤ ᠬᠡᠪᠳᠡᠭᠰᠡᠨ ᠤ ᠲᠠᠷᠠᠭ᠎ᠠ᠂ ᠬᠤᠶᠠᠷ ᠭᠠᠷ ᠤᠨ ᠡᠷᠡᠬᠡᠢ ᠬᠤᠷᠤᠭᠤ ᠪᠠᠨ ᠤᠭ ᠠᠴᠠ ᠨᠢ ᠦᠵᠤᠬᠦᠷ ᠲᠤᠨᠢ ᠲᠤᠯᠳᠠᠯ᠎ᠠ ᠲᠤᠰ ᠪᠦᠷᠢ 100 ᠤᠳᠠᠭ᠎ᠠ ᠰᠢᠪᠳᠤᠷᠠᠬᠤ ᠶᠢ ᠦᠷᠬᠦᠯᠵᠢ ᠪᠠᠷᠢᠮᠳᠠᠯᠠᠪᠠᠯ ᠡᠯᠢᠭᠡᠨ ᠤ ᠡᠪᠡᠳᠴᠢᠨ ᠠᠷᠬᠠᠭ ᠢ ᠡᠳᠡᠭᠡᠷᠡᠬᠦᠯᠵᠤ ᠰᠡᠷᠭᠡᠶᠢᠯᠡᠬᠦ ᠳᠤ ᠤᠨᠴᠠ ᠲᠤᠰᠠᠳᠠᠢ᠃       3. ᠡᠯᠢᠭᠡᠨ ᠡᠪᠡᠳᠴᠢᠨ ᠳᠤ ᠴᠠᠭᠠᠨ ᠢᠮᠠᠭᠠᠨ ᠰᠦ ᠪᠤᠯᠤᠨ ᠭᠡᠬᠦᠨ ᠤ ᠰᠦ ᠲᠤᠰᠠᠳᠠᠢ᠃ ᠠᠷᠬᠠᠭᠯᠠᠭᠰᠠᠨ ᠡᠯᠢᠭᠡᠨ ᠡᠪᠡᠳᠴᠢᠨ ᠳᠤ ᠴᠠᠭᠠᠨ ᠢᠮᠠᠭᠠᠨ ᠤ ᠰᠦ ᠪᠤᠯᠤᠨ ᠭᠡᠬᠦᠨ ᠤ ᠰᠦ ᠶᠢ ᠰᠠᠭᠠᠮᠠᠭᠴᠠ ᠬᠠᠯᠠᠭᠤᠨ ᠪᠦᠯᠢᠶᠡᠨ ᠢᠶᠠᠷ ᠨᠢ ᠲᠤᠯᠤᠭᠠᠨ ᠬᠤᠨᠤᠭ ᠤᠤᠭᠤᠪᠠᠯ ᠲᠤᠰᠠᠳᠠᠢ ᠪᠦᠭᠡᠳ ᠡᠪᠡᠳᠴᠢᠨ ᠤ ᠪᠠᠨ ᠬᠦᠨᠳᠤ ᠬᠦᠩᠭᠡᠨ ᠪᠠᠶᠢᠳᠠᠯ ᠢᠶᠠᠨ ᠦᠵᠡᠵᠤ᠂ 1-3 ᠲᠤᠯᠤᠭᠠᠨ ᠬᠤᠨᠤᠭ ᠤᠤᠭᠤᠵᠤ ᠪᠦᠷ ᠪᠤᠯᠳᠠᠭ᠃
 
ᠢᠷᠡᠯᠲᠡ᠄ ᠬᠢᠩᠭᠠᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号