ᠮᠠᠯ ᠤᠨ ᠡᠪᠡᠳᠴᠢᠨ ᠢ ᠣᠨᠣᠰᠢᠯᠠᠬᠤ ᠳᠤ ᠶᠡᠷᠦᠳᠡᠭᠡᠨ ᠦᠨᠳᠦᠰᠦᠨ ᠪᠠᠶᠢᠴᠠᠭᠠᠯᠲᠠ᠂ ᠡᠩ ᠤᠨ | ᠪᠠᠶᠢᠴᠠᠭᠠᠯᠲᠠ᠂ ᠰᠢᠰᠲ᠋ᠧᠮ ᠲᠠᠢ ᠪᠠᠶᠢᠴᠠᠭᠠᠯᠲᠠ ᠭᠡᠬᠦ ᠭᠤᠷᠪᠠᠨ ᠠᠯᠬᠤᠮ ᠢᠶᠠᠷ ᠶᠠᠪᠤᠭᠳᠠᠨ᠎ᠠ᠃ ᠦᠨᠳᠦᠰᠦᠨ | ᠪᠠᠶᠢᠴᠠᠭᠠᠯᠲᠠ ᠨᠢ ᠦᠵᠡᠵᠦ ᠰᠢᠨᠵᠢᠯᠡᠬᠦ᠂ ᠦᠨᠦᠷᠲᠦᠵᠦ ᠰᠢᠨᠵᠢᠯᠡᠬᠦ᠂ ᠠᠰᠠᠭᠤᠵᠤ ᠰᠢᠨᠵᠢᠯᠡᠬᠦ᠂ ᠲᠡᠮᠲᠡᠷᠢᠵᠦ | ᠲᠣᠭᠰᠢᠵᠤ ᠰᠢᠨᠵᠢᠯᠡᠬᠦ ᠪᠠ ᠴᠢᠩᠨᠠᠵᠤ ᠰᠢᠨᠵᠢᠯᠡᠬᠦ ᠪᠠᠷ ᠳᠠᠮᠵᠢᠨ ᠡᠪᠡᠳᠴᠢᠨ ᠡᠭᠦᠰᠦᠭᠰᠡᠨ ᠰᠢᠯᠲᠠᠭᠠᠨ ᠤ ᠢᠷᠡᠯᠲᠡ᠂ | ᠡᠪᠡᠳᠴᠢᠨ ᠤ ᠬᠦᠨᠳᠦ ᠬᠥᠩᠭᠡᠨ ᠤ ᠪᠠᠶᠢᠳᠠᠯ ᠳᠤ ᠠᠩᠬ᠎ᠠ ᠠᠯᠬᠤᠮ ᠤᠨ ᠲᠠᠨᠢᠯᠲᠠ ᠲᠠᠢ ᠪᠣᠯᠵᠤ ᠡᠪᠡᠳᠴᠢᠨ ᠤ | ᠣᠨᠣᠰᠢᠯᠠᠬᠤ ᠳᠤ ᠰᠠᠭᠤᠷᠢ ᠪᠠᠶᠢᠴᠠᠭᠠᠯᠲᠠ ᠶᠢᠨ ᠦᠢᠯᠡᠳᠦᠯ ᠲᠠᠢ ᠪᠠᠶᠢᠳᠠᠭ᠃ ᠳᠣᠣᠷ᠎ᠠ ᠦᠨᠳᠦᠰᠦᠨ | ᠪᠠᠶᠢᠴᠠᠭᠠᠯᠲᠠ ᠶᠢᠨ ᠲᠤᠬᠠᠢ ᠳᠥᠭᠦᠮᠬᠡᠨ ᠲᠠᠨᠢᠯᠴᠠᠭᠤᠯᠤᠶ᠎ᠠ᠃ | 1. ᠦᠵᠡᠵᠦ ᠰᠢᠨᠵᠢᠯᠡᠬᠦ | ᠡᠪᠡᠳᠴᠢᠲᠡᠢ ᠮᠠᠯ ᠤᠨ ᠦᠰᠦ ᠶᠢᠨ ᠭᠢᠯᠦᠭᠡᠷ ᠡᠰᠡᠬᠦ᠂ ᠢᠳᠡᠰᠢᠯᠡᠬᠦ᠂ ᠬᠡᠪᠢᠬᠦ᠂ ᠪᠠᠭᠠᠰᠤᠨ ᠤ ᠬᠡᠯᠪᠡᠷᠢ ᠪᠠᠶᠢᠳᠠᠯ᠂ | ᠰᠢᠭᠡᠰᠦᠨ ᠤ ᠥᠩᠭᠡ᠂ ᠬᠡᠮᠵᠢᠶ᠎ᠡ ᠵᠡᠷᠭᠡ ᠪᠦᠬᠦ ᠲᠠᠯ᠎ᠠ ᠪᠠᠷ ᠦᠵᠡᠵᠦ ᠰᠢᠨᠵᠢᠨ᠎ᠡ᠃ ᠡᠪᠡᠳᠴᠢᠲᠡᠢ ᠮᠠᠯ ᠢ ᠭᠡᠷᠡᠯ | ᠲᠤᠰᠤᠯᠲᠠ ᠰᠠᠶᠢᠨ ᠭᠠᠵᠠᠷ ᠬᠥᠭᠡᠭᠡᠵᠦ ᠠᠪᠠᠴᠢᠨ ᠬᠥᠳᠡᠯᠦᠯ ᠪᠠᠶᠢᠳᠠᠯ᠂ ᠲᠣᠯᠣᠭᠠᠢ ᠂ ᠴᠡᠭᠡᠵᠢ᠂ ᠬᠡᠪᠡᠯᠢ᠂ | ᠨᠢᠷᠤᠭᠤ᠂ ᠳᠥᠷᠪᠡᠨ ᠮᠥᠴᠢ᠂ ᠬᠤᠰᠬᠢᠨᠠᠭ᠂ ᠤᠮᠠᠢ ᠶᠢᠨ ᠬᠡᠰᠡᠭ ᠢ ᠦᠵᠡᠵᠦ ᠰᠢᠨᠵᠢᠨ᠎ᠡ᠃ | 2. ᠦᠨᠦᠷᠲᠦᠵᠦ ᠰᠢᠨᠵᠢᠯᠡᠬᠦ | ᠮᠠᠯ ᠤᠨ ᠠᠮᠠᠨ ᠬᠥᠨᠳᠡᠢ ᠶᠢᠨ ᠦᠨᠦᠷ᠂ ᠬᠠᠮᠠᠷ ᠠᠴᠠ ᠭᠠᠷᠬᠤ ᠬᠡᠢ᠂ ᠪᠠᠭᠠᠰᠤ ᠰᠢᠭᠡᠰᠦ ᠶᠢᠨ ᠦᠨᠦᠷ ᠢ | ᠦᠨᠦᠷᠲᠦᠵᠦ ᠰᠢᠨᠵᠢᠯᠡᠯᠲᠡ ᠬᠢᠨ᠎ᠡ᠃ ᠬᠤᠳᠣᠭᠤᠳᠤ ᠭᠡᠳᠡᠰᠦᠨ ᠤ ᠦᠷᠪᠢᠰᠦᠯ ᠤᠨ ᠦᠶ᠎ᠡ ᠳᠤ ᠪᠠᠭᠠᠰᠤ ᠨᠢ | ᠰᠢᠩᠭᠡᠨ ᠪᠥᠭᠡᠳ ᠣᠨᠴᠠᠭᠠᠢ ᠦᠮᠡᠬᠡᠢ ᠦᠨᠦᠷ ᠲᠠᠢ᠂ ᠠᠭᠤᠰᠬᠢᠨ ᠤ ᠦᠷᠪᠢᠰᠦᠯ ᠤᠨ ᠦᠶ᠎ᠡ ᠳᠤ ᠠᠮᠢᠰᠬᠤᠵᠤ | ᠭᠠᠷᠭᠠᠭᠰᠠᠨ ᠬᠡᠢ ᠨᠢ ᠢᠯᠵᠠᠷᠠᠭᠰᠠᠨ ᠦᠮᠡᠬᠡᠢ ᠦᠨᠦᠷ ᠲᠠᠢ᠃ | 3. ᠠᠰᠠᠭᠤᠵᠤ ᠰᠢᠨᠵᠢᠯᠡᠬᠦ | ᠡᠪᠡᠳᠴᠢᠲᠡᠢ ᠮᠠᠯ ᠤᠨ ᠠᠷᠠᠴᠢᠯᠠᠭ᠎ᠠ ᠲᠡᠵᠢᠭᠡᠯᠭᠡ ᠶᠢᠨ ᠪᠠᠶᠢᠳᠠᠯ᠂ ᠣᠷᠴᠢᠨ ᠲᠣᠭᠤᠷᠢᠨ ᠤ ᠪᠤᠵᠠᠷᠲᠤᠯ ᠤᠨ | ᠪᠠᠶᠢᠳᠠᠯ᠂ ᠡᠪᠡᠳᠴᠢᠨ ᠡᠭᠦᠰᠦᠭᠰᠡᠨ ᠪᠠᠶᠢᠳᠠᠯ᠂ ᠥᠩᠭᠡᠷᠡᠯᠲᠡ ᠶᠢ ᠠᠰᠠᠭᠤᠵᠤ ᠣᠶᠢᠯᠭᠠᠨ᠎ᠠ᠃ ᠡᠪᠡᠳᠴᠢᠨ | ᠡᠭᠦᠰᠦᠭᠰᠡᠨ ᠴᠠᠭ᠂ ᠭᠠᠵᠠᠷ ᠣᠷᠣᠨ᠂ ᠡᠪᠡᠳᠴᠢᠨ ᠬᠢᠵᠢᠭ ᠡᠭᠦᠰᠦᠭᠰᠡᠨ ᠮᠠᠯ ᠤᠨ ᠲᠤᠭ᠎ᠠ᠂ ᠡᠪᠡᠳᠴᠢᠨ ᠤ ᠢᠯᠡᠷᠡᠯ | ᠵᠡᠷᠭᠡ ᠶᠢ ᠠᠰᠠᠭᠤᠵᠤ ᠣᠶᠢᠯᠭᠠᠨ᠎ᠠ᠃ ᠡᠪᠡᠳᠴᠢᠲᠡᠢ ᠮᠠᠯ ᠤᠨ ᠣᠷᠴᠢᠮ ᠤᠨ ᠬᠤᠭᠤᠴᠠᠭᠠᠨ ᠳᠤ ᠡᠪᠡᠳᠴᠢᠨ | ᠡᠭᠦᠰᠦᠭᠰᠡᠨ ᠡᠰᠡᠬᠦ᠂ ᠡᠮ ᠬᠡᠷᠡᠭᠯᠡᠭᠰᠡᠨ ᠪᠠᠶᠢᠳᠠᠯ᠂ ᠲᠤᠬᠠᠢ ᠶᠢᠨ ᠭᠠᠵᠠᠷ ᠤᠨ ᠡᠪᠡᠳᠴᠢᠨ ᠡᠭᠦᠰᠦᠭᠰᠡᠨ ᠪᠠᠶᠢᠳᠠᠯ | ᠵᠡᠷᠭᠡ ᠪᠦᠬᠦ ᠲᠠᠯ᠎ᠠ ᠶᠢᠨ ᠪᠠᠶᠢᠳᠠᠯ ᠢ ᠨᠠᠷᠢᠯᠢᠭ ᠠᠰᠠᠭᠤᠨ ᠲᠡᠮᠳᠡᠭᠯᠡᠵᠦ᠂ ᠥᠩᠭᠡᠷᠡᠭᠰᠡᠨ ᠤ ᠡᠪᠡᠳᠴᠢᠨ ᠤ ᠪᠠᠶᠢᠳᠠᠯ | ᠪᠠ ᠣᠳᠣᠬᠢ ᠪᠠᠶᠢᠳᠠᠯ ᠳᠤ ᠬᠠᠷᠢᠴᠠᠭᠤᠯᠤᠯ ᠬᠢᠵᠦ᠂ ᠡᠪᠡᠳᠴᠢᠨ ᠤ ᠪᠠᠶᠢᠳᠠᠯ ᠳᠤ ᠶᠡᠷᠦᠩᠬᠡᠶᠢᠯᠡᠭᠰᠡᠨ ᠵᠠᠳᠠᠯᠤᠯᠲᠠ | ᠬᠢᠨ᠎ᠡ᠃ | 4. ᠲᠡᠮᠲᠡᠷᠢᠵᠦ᠂ ᠲᠣᠭᠰᠢᠵᠤ ᠰᠢᠨᠵᠢᠯᠡᠬᠦ | ᠭᠤᠣᠯ ᠨᠢ ᠠᠷᠠᠰᠤᠨ ᠤ ᠬᠠᠯᠠᠭᠤᠨ ᠤ ᠬᠡᠮᠵᠢᠶ᠎ᠡ᠂ ᠴᠢᠭᠢᠭᠲᠦᠴᠡ᠂ ᠬᠠᠷᠢᠮᠠᠬᠠᠢ ᠴᠢᠨᠠᠷ᠂ ᠬᠠᠪᠤᠳᠠᠷ᠂ | ᠯᠢᠮᠪᠠ ᠶᠢᠨ ᠵᠠᠩᠭᠢᠯᠠᠭ᠎ᠠ ᠶᠢᠨ ᠶᠡᠭᠡ ᠪᠠᠭ᠎ᠠ᠂ ᠬᠠᠲᠠᠭᠤᠴᠠ ᠵᠡᠷᠭᠡ ᠶᠢ ᠲᠡᠮᠲᠡᠷᠢᠵᠦ ᠦᠵᠡᠨ᠎ᠡ᠃ ᠲᠡᠮᠲᠡᠷᠢᠬᠦ ᠳᠤ | ᠵᠥᠭᠡᠯᠡᠨ᠂ ᠬᠤᠷᠤᠭᠤᠨ ᠤ ᠣᠷᠣ ᠦᠯᠡᠳᠡᠵᠦ᠂ ᠬᠤᠷᠤᠭᠤᠨ ᠣᠷᠣ ᠨᠢ ᠠᠭᠠᠵᠢᠮ ᠢᠶᠠᠷ ᠠᠷᠢᠯᠬᠤ ᠨᠢ ᠤᠰᠤᠨ | ᠬᠠᠪᠤᠩ ᠤᠨ ᠢᠯᠡᠷᠡᠯ ᠪᠣᠯᠣᠨ᠎ᠠ᠃ ᠬᠠᠪᠤᠳᠤᠭᠰᠠᠨ ᠣᠷᠣ ᠨᠢ ᠬᠠᠲᠠᠭᠤ᠂ ᠲᠡᠮᠲᠡᠷᠢᠬᠦ ᠦᠶᠡᠰ ᠠᠮᠢᠲᠠᠨ ᠤ | ᠡᠪᠡᠳᠦᠯᠲᠡ ᠨᠢ ᠢᠯᠡᠷᠬᠡᠢ ᠪᠣᠯ ᠦᠷᠪᠢᠰᠦᠯ ᠤᠨ ᠢᠯᠡᠷᠡᠯ ᠪᠣᠯᠣᠨ᠎ᠠ᠃ | ᠴᠡᠭᠡᠵᠢᠨ ᠬᠥᠨᠳᠡᠢ᠂ ᠬᠡᠪᠡᠯᠢ ᠶᠢᠨ ᠬᠥᠨᠳᠡᠢ ᠵᠡᠷᠭᠡ ᠬᠥᠨᠳᠡᠢ ᠶᠢ ᠪᠠᠶᠢᠴᠠᠭᠠᠬᠤ ᠳᠤ ᠲᠣᠭᠰᠢᠵᠤ ᠰᠢᠨᠵᠢᠯᠡᠬᠦ ᠶᠢ | ᠬᠡᠷᠡᠭᠯᠡᠨ᠎ᠡ᠃ ᠭᠤᠣᠯᠳᠠᠭᠤ ᠠᠭᠤᠰᠬᠢ᠂ ᠬᠤᠳᠣᠭᠤᠳᠤ᠂ ᠭᠡᠳᠡᠰᠦ᠂ ᠡᠯᠢᠭᠡ᠂ ᠪᠥᠭᠡᠷ᠎ᠡ᠂ ᠵᠢᠷᠦᠬᠡ ᠮᠡᠲᠦ ᠶᠢ | ᠲᠣᠭᠰᠢᠨ ᠪᠠᠶᠢᠴᠠᠭᠠᠨ᠎ᠠ᠃ ᠲᠣᠭᠰᠢᠬᠤ ᠳᠠᠭᠠᠨ ᠨᠠᠮ ᠰᠡᠯᠡᠭᠦᠦ ᠭᠠᠵᠠᠷ ᠢ ᠰᠣᠩᠭᠤᠵᠤ᠂ ᠭᠠᠷ ᠤᠨ ᠬᠤᠷᠤᠭᠤ ᠪᠤᠶᠤ | ᠲᠣᠭᠰᠢᠭᠤᠷ ᠠᠯᠤᠬ᠎ᠠ ᠪᠠᠷ ᠠᠮᠢᠲᠠᠨ ᠤ ᠪᠡᠶ᠎ᠡ ᠶᠢᠨ ᠲᠣᠬᠢᠷᠠᠮᠵᠢᠲᠠᠢ ᠣᠷᠣᠨ ᠪᠠᠶᠢᠷᠢ ᠶᠢ ᠲᠣᠭᠰᠢᠵᠤ᠂ ᠳᠠᠭᠤ ᠶᠢᠨ | ᠪᠠᠶᠢᠳᠠᠯ ︵ᠴᠡᠪᠡᠷ ᠳᠠᠭᠤ᠂ ᠬᠡᠩᠭᠡᠷᠭᠡᠨ ᠳᠠᠭᠤ︶ ᠢ ᠴᠢᠩᠨᠠᠨ ᠰᠢᠨᠵᠢᠯᠡᠨ᠎ᠡ᠃ | 5. ᠴᠢᠩᠨᠠᠵᠤ ᠰᠢᠨᠵᠢᠯᠡᠬᠦ | ᠵᠢᠷᠦᠬᠡᠨ ᠤ ᠠᠪᠢᠶ᠎ᠠ᠂ ᠳᠠᠭᠤ ᠶᠢ ᠴᠢᠩᠨᠠᠵᠤ ᠰᠣᠨᠣᠰᠤᠨ᠎ᠠ᠂ ᠠᠭᠤᠰᠬᠢᠨ ᠴᠥᠪᠥᠷᠢᠭᠦᠦ᠂ ᠬᠤᠳᠣᠭᠤᠳᠤ | ᠭᠡᠳᠡᠰᠦᠨ ᠤ ᠭᠦᠷᠪᠡᠯᠵᠡᠬᠦ ᠰᠢᠨᠵᠢ ᠴᠢᠨᠠᠷ᠂ ᠳᠠᠪᠲᠠᠮᠵᠢ ᠵᠡᠷᠭᠡ ᠶᠢ ᠴᠢᠩᠨᠠᠨ᠎ᠠ᠃ ᠴᠢᠩᠨᠠᠬᠤ ᠳᠠᠭᠠᠨ ᠨᠠᠮ ᠵᠢᠮ | ᠣᠷᠴᠢᠨ ᠢ ᠰᠣᠩᠭᠤᠵᠤ᠂ ᠴᠢᠩᠨᠠᠭᠤᠷ ᠢ ᠠᠰᠢᠭᠯᠠᠨ᠂ ᠴᠢᠩᠨᠠᠬᠤ ᠪᠠᠶᠢᠷᠢ ᠪᠠᠷ ᠰᠣᠩᠭᠤᠵᠤ ᠴᠢᠩᠨᠠᠨ ᠰᠢᠨᠵᠢᠯᠡᠨ᠎ᠡ᠃ | ᠦᠨᠳᠦᠰᠦᠨ ᠪᠠᠶᠢᠴᠠᠭᠠᠯᠲᠠ ᠨᠢ ᠮᠠᠯ ᠤᠨ ᠡᠪᠡᠳᠴᠢᠨ ᠢ ᠣᠨᠣᠰᠢᠯᠠᠬᠤ ᠳᠤ ᠵᠥᠪᠬᠡᠨ ᠰᠠᠭᠤᠷᠢ ᠪᠠᠶᠢᠴᠠᠭᠠᠯᠲᠠ | ᠪᠣᠯᠵᠤ ᠲᠤᠰᠠᠯᠠᠬᠤ ᠦᠢᠯᠡᠳᠦᠯ ᠲᠠᠢ᠂ ᠡᠷᠬᠡᠪᠰᠢ ᠰᠢᠰᠲ᠋ᠧᠮ ᠲᠠᠢ ᠪᠠᠶᠢᠴᠠᠭᠠᠯᠲᠠ ᠶᠢᠨ ᠦᠷ᠎ᠡ ᠳ᠋ᠦᠩ ᠢ | ᠦᠨᠳᠦᠰᠦᠯᠡᠵᠦ᠂ ᠮᠠᠯ ᠤᠨ ᠡᠮᠴᠢ ᠶᠢᠨ ᠲᠤᠷᠰᠢᠯᠭ᠎ᠠ ᠰᠤᠷᠭᠠᠮᠵᠢ ᠲᠠᠢ ᠪᠠᠨ ᠤᠶᠠᠯᠳᠤᠭᠤᠯᠵᠤ ᠡᠪᠡᠳᠴᠢᠨ ᠢ ᠵᠥᠪ | ᠣᠨᠣᠪᠴᠢᠲᠠᠢ ᠣᠨᠣᠰᠢᠯᠠᠨ᠎ᠠ᠃ ᠵᠥᠪ ᠣᠨᠣᠪᠴᠢᠲᠠᠢ ᠣᠨᠣᠰᠢᠯᠠᠯᠲᠠ ᠬᠢᠬᠦ ᠨᠢ ᠵᠥᠪ ᠣᠨᠣᠪᠴᠢᠲᠠᠢ ᠡᠮᠴᠢᠯᠡᠭᠡᠨ ᠤ | ᠰᠠᠭᠤᠷᠢ ᠮᠥᠨ᠂ ᠡᠶᠢᠮᠦ ᠠᠴᠠ ᠪᠠᠶᠢᠴᠠᠭᠠᠯᠲᠠ ᠶᠢ ᠨᠠᠷᠢᠨ ᠬᠢᠨᠠᠮᠠᠭᠠᠢ ᠬᠢᠬᠦ ᠬᠡᠷᠡᠭᠲᠡᠢ᠂ ᠣᠮᠲᠣᠭᠠᠶᠢᠯᠠᠵᠤ | ᠬᠥᠩᠭᠡᠪᠴᠢᠯᠡᠵᠦ ᠪᠣᠯᠬᠤ ᠦᠭᠡᠢ᠃ | ︽ᠥᠪᠥᠷ ᠮᠣᠩᠭᠤᠯ ᠤᠨ ᠮᠠᠯ ᠠᠵᠤ ᠠᠬᠤᠢ︾ ᠰᠡᠳᠬᠦᠯ ᠤᠨ 2019 ᠣᠨ ᠤ 3 ᠳ᠋ᠤᠭᠠᠷ ᠬᠤᠭᠤᠴᠠᠭ᠎ᠠ | ᠪᠦᠦ ᠬᠤᠸᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ | ᠰᠢᠨᠵᠢᠯᠡᠬᠦ ᠤᠬᠠᠭᠠᠨ ᠤ ᠬᠦᠷᠢᠶᠡᠯᠡᠩ | |