ᠣᠶᠢᠷ᠎ᠠ ᠳᠤ᠂ ᠡᠵᠡᠨ᠎ᠡ ᠪᠣᠭᠤᠮᠲᠠ ᠶᠢᠨ ᠠᠵᠢᠯᠲᠠᠨ ᠴᠡᠭᠡ ᠪᠣᠭᠤᠮᠲᠠ ᠶᠢᠨ ᠪᠠᠷᠠᠭᠠᠨ ᠤ ᠲᠡᠭᠡᠭᠡᠪᠦᠷᠢ ᠶᠢᠨ | ᠵᠠᠮ ᠢᠶᠠᠷ ᠬᠢᠯᠢ ᠠᠯᠤᠰᠯᠠᠭᠰᠠᠨ ᠪᠠᠷᠠᠭᠠᠨ ᠤ ᠲᠡᠷᠭᠡ ᠶᠢ ᠬᠢᠨᠠᠨ ᠪᠠᠶᠢᠴᠠᠭᠠᠬᠤ ᠦᠶ᠎ᠡ ᠳᠤ᠂ ᠬᠢᠯᠢ ᠪᠠᠷ ᠣᠷᠣᠵᠤ | ᠢᠷᠡᠭᠰᠡᠨ ᠨᠢᠭᠡᠨ ᠪᠠᠷᠠᠭᠠᠨ ᠤ ᠲᠡᠷᠭᠡ ᠶᠢᠨ ᠮᠠᠰᠢᠨ ᠪᠠᠶᠢᠴᠠᠭᠠᠯᠲᠠ ᠶᠢᠨ ᠵᠢᠷᠤᠭ ᠳᠦᠷᠰᠦ ᠬᠡᠪ ᠤᠨ ᠪᠤᠰᠤ ᠪᠠᠶᠢᠬᠤ ᠶᠢ | ᠣᠯᠵᠤ ᠮᠠᠲᠠᠵᠠᠢ᠃ ᠤᠯᠠᠮ ᠨᠢᠭᠡ ᠠᠯᠬᠤᠮ ᠰᠢᠯᠭᠠᠨ ᠪᠠᠶᠢᠴᠠᠭᠠᠭᠰᠠᠨ ᠤ ᠳ᠋ᠦᠩ ᠳᠤ᠂ ᠲᠣᠰ ᠮᠠᠰᠢᠨ ᠲᠡᠷᠭᠡᠨ ᠤ | ᠪᠠᠭᠠᠵᠢ ᠶᠢᠨ ᠬᠠᠶᠢᠷᠴᠠᠭ ᠠᠴᠠ 29 ᠶᠠᠩᠵᠤᠤᠷ ᠲᠠᠮᠠᠬᠢ᠂ ᠨᠡᠶᠢᠲᠡ 5800 ᠶᠠᠩᠵᠤᠤᠷ ᠲᠠᠮᠠᠬᠢ ᠪᠠᠶᠢᠴᠠᠭᠠᠵᠤ | ᠭᠠᠷᠭᠠᠵᠠᠢ᠃ | ᠲᠠᠮᠠᠬᠢᠨ ᠪᠦᠲᠦᠭᠡᠭᠳᠡᠬᠦᠨ ᠪᠤᠯ ᠤᠯᠤᠰ ᠠᠴᠠ ᠬᠢᠯᠢ ᠪᠠᠷ ᠣᠷᠣᠭᠤᠯᠬᠤ ᠶᠢ ᠬᠢᠵᠠᠭᠠᠷᠯᠠᠭᠰᠠᠨ ᠡᠳ᠋ ᠪᠣᠳᠠᠰ ᠲᠤ | ᠲᠣᠭᠠᠴᠠᠭᠳᠠᠨ᠎ᠠ᠂ ᠰᠢᠶᠠᠩᠭᠠᠩ᠂ ᠣᠣᠮᠧᠨ ᠤ ᠠᠶᠠᠨᠴᠢᠳ ᠵᠢᠴᠢ ᠬᠤᠪᠢ ᠶᠢᠨ ᠶᠠᠪᠤᠳᠠᠯ ᠢᠶᠠᠷ ᠰᠢᠶᠠᠩᠭᠠᠩ᠂ ᠣᠣᠮᠧᠨ | ᠣᠷᠣᠨ ᠳᠤ ᠢᠷᠡᠵᠦ ᠶᠠᠪᠤᠬᠤ ᠳᠣᠲᠣᠷ᠎ᠠ ᠭᠠᠵᠠᠷ ᠤᠨ ᠰᠠᠭᠤᠭᠠᠯᠢ ᠠᠷᠠᠳ 200 ᠲᠠᠮᠠᠬᠢ ᠪᠤᠶᠤ 50 ᠰᠢᠭᠠᠷ | ᠲᠠᠮᠠᠬᠢ ᠪᠤᠶᠤ 250 ᠭᠷᠡᠮ ᠬᠡᠷᠴᠢᠮᠡᠯ ᠲᠠᠮᠠᠬᠢ ᠢ ᠭᠠᠶᠢᠯᠢ ᠠᠴᠠ ᠬᠡᠯᠲᠦᠷᠢᠭᠦᠯᠵᠦ ᠬᠢᠯᠢ ᠪᠠᠷ ᠣᠷᠣᠭᠤᠯᠵᠤ ᠪᠣᠯᠣᠨ᠎ᠠ᠃ | ᠪᠤᠰᠤᠳ ᠠᠶᠠᠨᠴᠢᠳ ︵ᠣᠬᠤᠷ ᠬᠤᠭᠤᠴᠠᠭᠠᠨ ᠤ ᠳᠣᠲᠣᠷ᠎ᠠ ᠰᠢᠶᠠᠩᠭᠠᠩ᠂ ᠣᠣᠮᠧᠨ ᠣᠷᠣᠨ ᠢᠶᠠᠷ ᠣᠯᠠᠨ | ᠤᠳᠠᠭ᠎ᠠ ᠨᠠᠰᠢ ᠴᠠᠰᠢ ᠵᠣᠷᠴᠢᠬᠤ ᠠᠶᠠᠨᠴᠢᠳ ᠪᠠ ᠦᠷᠭᠦᠯᠵᠢ ᠬᠢᠯᠢ ᠪᠠᠷ ᠣᠷᠣᠵᠤ ᠭᠠᠷᠬᠤ ᠬᠥᠮᠥᠰ ᠵᠢᠴᠢ ᠬᠢᠯᠢ | ᠬᠢᠵᠠᠭᠠᠷ ᠣᠷᠣᠨ ᠤ ᠰᠠᠭᠤᠭᠠᠯᠢ ᠠᠷᠠᠳ ᠢ ᠭᠠᠷᠭᠠᠪᠠᠯ︶ 400 ᠰᠢᠷᠬᠡᠭ ᠲᠠᠮᠠᠬᠢ ᠪᠤᠶᠤ 100 ᠰᠢᠷᠬᠡᠭ ᠰᠢᠭᠠᠷ | ᠲᠠᠮᠠᠬᠢ᠂ ᠡᠰᠡᠬᠦᠯ᠎ᠡ ᠬᠡᠷᠴᠢᠮᠡᠯ ᠲᠠᠮᠠᠬᠢ 500 ᠭᠷᠡᠮ ᠢ ᠭᠠᠶᠢᠯᠢ ᠠᠴᠠ ᠬᠡᠯᠲᠦᠷᠢᠭᠦᠯᠦᠨ ᠠᠪᠴᠤ ᠬᠢᠯᠢ ᠪᠠᠷ ᠣᠷᠣᠵᠤ | ᠪᠣᠯᠣᠨ᠎ᠠ᠃ | |