ᠰᠢᠨᠬᠤᠸᠠ ᠬᠤᠷᠢᠶ᠎ᠠ ᠶᠢᠨ ᠯᠢᠮᠠ ᠶᠢᠨ 11 ᠰᠠᠷ᠎ᠠ ᠶᠢᠨ 14 ᠤ ᠴᠠᠭᠢᠯᠭᠠᠨ ᠮᠡᠳᠡᠭᠡ ᠲᠤᠬᠠᠢ ᠶᠢᠨ ᠭᠠᠵᠠᠷ ᠤᠨ | ᠴᠠᠭ ᠢᠶᠠᠷ 11 ᠰᠠᠷ᠎ᠠ ᠶᠢᠨ 14 ᠤ ᠡᠳᠦᠷ᠂ ᠯᠢᠮᠠ ᠳᠤ ᠬᠦᠷᠴᠦ ᠫᠧᠷᠦ᠋ ᠳᠤ ᠲᠥᠷᠥ ᠶᠢᠨ ᠶᠠᠪᠤᠳᠠᠯ ᠤᠨ | ᠠᠶᠢᠯᠴᠢᠯᠠᠯᠲᠠ ᠬᠢᠬᠦ ᠶᠢᠨ ᠬᠠᠮᠲᠤ ᠠᠽᠢᠶ᠎ᠠ ᠲᠢᠪ ᠨᠣᠮᠣᠬᠠᠨ ᠲᠡᠯᠡᠶ ᠶᠢᠨ ᠣᠷᠣᠨ ᠤ ᠠᠵᠤ ᠠᠬᠤᠢ ᠶᠢᠨ | ᠬᠠᠮᠲᠤᠷᠠᠯᠴᠠᠭᠠᠨ ᠤ ᠵᠣᠬᠢᠶᠠᠨ ᠪᠠᠶᠢᠭᠤᠯᠤᠯᠲᠠ ᠶᠢᠨ ᠤᠳᠤᠷᠢᠳᠬᠤ ᠬᠥᠮᠥᠰ ᠤᠨ ᠭᠤᠴᠢᠨ ᠨᠢᠭᠡᠳᠦᠭᠡᠷ ᠤᠳᠠᠭ᠎ᠠ ᠶᠢᠨ | ᠠᠯᠪᠠᠨ ᠶᠣᠰᠣᠨ ᠤ ᠪᠤᠰᠤ ᠬᠤᠷᠠᠯ ᠳᠤ ᠣᠷᠤᠯᠴᠠᠬᠤ ᠲᠠᠰᠢᠷᠠᠮ ᠳᠤ᠂ ᠤᠯᠤᠰ ᠤᠨ ᠲᠡᠷᠢᠭᠦᠯᠡᠭᠴᠢ ᠰᠢ ᠶᠢᠨ ᠫᠢᠩ | ︽ᠫᠧᠷᠦ᠋ᠴᠦᠳ ᠰᠣᠨᠢᠨ︾ ᠳᠤ ︽ᠳᠤᠮᠳᠠᠳᠤ ᠫᠧᠷᠦ᠋ ᠶᠢᠨ ᠨᠥᠬᠦᠷᠯᠡᠯ ᠤᠨ ᠣᠩᠭᠤᠴᠠ ᠶᠢ ᠳᠠᠷᠪᠠᠭᠤᠯ ᠬᠡᠶᠢᠰᠬᠡᠨ | ᠬᠤᠯᠠ ᠠᠶᠠᠯᠠᠭᠤᠯᠤᠶ᠎ᠠ︾ ᠭᠡᠬᠦ ᠰᠡᠳᠦᠪ ᠢᠶᠠᠷ ᠨᠡᠷ᠎ᠡ ᠬᠠᠲᠠᠭᠰᠠᠨ ᠵᠣᠬᠢᠶᠠᠯ ᠨᠡᠶᠢᠲᠡᠯᠡᠪᠡ᠃ ᠵᠣᠬᠢᠶᠠᠯ ᠤᠨ ᠪᠦᠭᠦ | ᠠᠭᠤᠯᠭ᠎ᠠ ᠨᠢ ᠳᠣᠣᠷᠠᠬᠢ ᠮᠡᠲᠦ᠄ | ᠳᠤᠮᠳᠠᠳᠤ ᠫᠧᠷᠦ᠋ ᠶᠢᠨ ᠨᠥᠬᠦᠷᠯᠡᠯ ᠤᠨ ᠣᠩᠭᠤᠴᠠ ᠶᠢ ᠳᠠᠷᠪᠠᠭᠤᠯ ᠬᠡᠶᠢᠰᠬᠡᠨ ᠬᠤᠯᠠ ᠠᠶᠠᠯᠠᠭᠤᠯᠤᠶ᠎ᠠ | ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠰᠢ ᠶᠢᠨ ᠫᠢᠩ | ᠡᠮᠦᠨᠡᠲᠦ ᠬᠠᠭᠠᠰ ᠪᠥᠮᠪᠥᠷᠴᠡᠭ ᠤᠨ ᠵᠤᠨ ᠤ ᠡᠬᠢᠨ ᠰᠠᠷ᠎ᠠ ᠳᠤ ᠠᠮᠢᠵᠢᠷᠠᠯ ᠤᠨ ᠬᠦᠴᠦᠨ ᠪᠠ ᠬᠦᠰᠡᠯ | ᠡᠷᠡᠮᠡᠯᠵᠡᠯ ᠢᠶᠠᠷ ᠪᠢᠯᠬᠠᠮ᠎ᠠ ᠪᠠᠶᠢᠨ᠎ᠠ᠃ ᠤ ᠢ ᠶᠡᠷᠦᠩᠬᠡᠶᠢᠯᠡᠭᠴᠢ ᠪᠦᠷᠦ᠊ ᠆ ᠠᠷᠲ᠋ᠧ ᠶᠢᠨ ᠤᠷᠢᠯᠭ᠎ᠠ ᠪᠠᠷ᠂ ᠤ | ᠢ ᠪᠦᠭᠦᠳᠡ ᠨᠠᠶᠢᠷᠠᠮᠳᠠᠬᠤ ᠫᠧᠷᠦ᠋ ᠤᠯᠤᠰ ᠲᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠬᠦ ᠶᠢᠨ ᠬᠠᠮᠲᠤ | ᠠᠽᠢᠶ᠎ᠠ ᠲᠢᠪ ᠨᠣᠮᠣᠬᠠᠨ ᠳᠠᠯᠠᠢ ᠶᠢᠨ ᠣᠷᠣᠨ ᠤ ᠠᠵᠤ ᠠᠬᠤᠢ ᠶᠢᠨ ᠬᠠᠮᠲᠤᠷᠠᠯᠴᠠᠭᠠᠨ ᠤ ᠵᠣᠬᠢᠶᠠᠨ | ᠪᠠᠶᠢᠭᠤᠯᠤᠯᠲᠠ ᠶᠢᠨ ᠭᠤᠴᠢᠨ ᠨᠢᠭᠡᠳᠦᠭᠡᠷ ᠤᠳᠠᠭ᠎ᠠ ᠶᠢᠨ ᠤᠳᠤᠷᠢᠳᠬᠤ ᠬᠥᠮᠥᠰ ᠤᠨ ᠠᠯᠪᠠᠨ ᠶᠣᠰᠣᠨ ᠤ ᠪᠤᠰᠤ | ᠬᠤᠷᠠᠯ ᠳᠤ ᠣᠷᠤᠯᠴᠠᠬᠤ ᠪᠠᠷ ᠪᠠᠶᠢᠨ᠎ᠠ᠃ | ᠡᠨᠡ ᠪᠣᠯ ᠤ ᠢ ᠪᠦᠭᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠶᠢᠨ ᠲᠤᠰᠢᠶᠠᠯ ᠢ | ᠡᠭᠦᠷᠭᠡᠯᠡᠭᠰᠡᠨ ᠤ ᠳᠠᠷᠠᠭ᠎ᠠ ᠬᠤᠶᠠᠳᠠᠭᠢ ᠤᠳᠠᠭ᠎ᠠ ᠫᠧᠷᠦ᠋ ᠭᠡᠬᠦ ᠡᠨᠡ ᠬᠦ ᠳᠤᠮᠳᠠᠳᠤ ᠤᠯᠤᠰ ᠤᠨ ᠨᠣᠮᠣᠬᠠᠨ ᠲᠡᠯᠡᠶ ᠶᠢᠨ | ᠲᠡᠷᠲᠡᠭᠡ ᠡᠷᠭᠢ ᠳᠠᠬᠢ ︽ᠬᠥᠷᠰᠢ ᠵᠡᠷᠭᠡᠯᠡᠳᠡᠭᠡ︾ ᠤᠯᠤᠰ ᠲᠤ ᠠᠶᠢᠯᠴᠢᠯᠠᠬᠤ ᠪᠠᠷ ᠪᠠᠶᠢᠭ᠎ᠠ ᠶᠠᠪᠤᠳᠠᠯ ᠪᠣᠯᠣᠨ᠎ᠠ᠃ | ᠠᠳᠡ ᠺᠠᠯᠠᠷ᠂ ᠴᠠᠸᠢᠨ᠂ ᠴᠢᠮᠦ᠂ ᠢᠨᠺᠠ ᠵᠡᠷᠭᠡ ᠡᠷᠲᠡᠨ ᠤ ᠪᠣᠯᠪᠠᠰᠤᠨ ᠢ ᠪᠤᠶᠢᠵᠢᠭᠤᠯᠵᠠᠢ᠂ ᠠᠳᠡᠬᠢ ᠠᠷᠠᠳ | ᠲᠦᠮᠡᠨ ᠳᠤᠮᠳᠠᠳᠤ ᠤᠯᠤᠰ ᠤᠨ ᠬᠥᠮᠥᠨ ᠢ ︽ᠨᠤᠲᠤᠭ ᠤᠨ ᠠᠬ᠎ᠠ ᠳᠡᠭᠦᠦ︾ ᠭᠡᠵᠦ ᠳᠣᠲᠣᠨᠣᠴᠢᠯᠠᠨ ᠳᠠᠭᠤᠳᠠᠳᠠᠭ᠂ | ᠠᠳᠡᠬᠢ ᠤᠯᠤᠰ ᠤᠨ ᠬᠤᠷᠠᠯ ᠠᠴᠠ ᠰᠢᠢᠳᠪᠦᠷᠢ ᠪᠠᠲᠤᠯᠠᠵᠤ ᠵᠢᠯ ᠪᠦᠷᠢ ᠶᠢᠨ 2 ᠰᠠᠷ᠎ᠠ ᠶᠢᠨ 1 ᠤ ᠡᠳᠦᠷ ᠢ | ︽ᠫᠧᠷᠦ᠋ ᠳᠤᠮᠳᠠᠳᠤ ᠶᠢᠨ ᠨᠥᠬᠦᠷᠯᠡᠯ ᠤᠨ ᠡᠳᠦᠷ︾ ᠢᠶᠠᠷ ᠲᠣᠭᠲᠠᠭᠠᠵᠤ᠂ ᠠᠳᠡᠬᠢ ᠬᠢᠲᠠᠳ ᠬᠤᠭᠤᠯᠠᠨ ᠭᠡᠷ ᠢ | ︽ᠬᠤᠭᠤᠯᠠ ᠢᠳᠡᠬᠦ︾ ᠭᠡᠵᠦ ᠨᠡᠷᠡᠶᠢᠳᠬᠦ ᠪᠠᠷ ᠪᠠᠶᠢᠨ᠎ᠠ᠃ ᠫᠧᠷᠦ᠋ ᠳᠤ ᠢᠷᠡᠬᠦ ᠪᠣᠯᠭᠠᠨ᠂ ᠤ ᠢ ᠫᠧᠷᠦ᠋ ᠶᠢᠨ ᠠᠷᠠᠳ | ᠲᠦᠮᠡᠨ ᠤ ᠳᠤᠮᠳᠠᠳᠤ ᠤᠯᠤᠰ ᠤᠨ ᠠᠷᠠᠳ ᠲᠦᠮᠡᠨ ᠳᠤ ᠨᠥᠭᠦᠷᠰᠡᠭ ᠬᠠᠶᠢᠷ᠎ᠠ ᠰᠡᠳᠬᠢᠯᠭᠡ ᠲᠠᠢ ᠪᠠᠶᠢᠬᠤ ᠶᠢ ᠭᠦᠨ | ᠮᠡᠳᠡᠷᠡᠵᠦ ᠣᠯᠳᠠᠭ᠃ | ᠡᠨᠡ ᠬᠦ ᠨᠥᠬᠦᠷᠯᠡᠯ ᠡᠷᠲᠡᠨ ᠤ ᠪᠣᠯᠪᠠᠰᠤᠨ ᠤ ᠣᠶᠤᠨ ᠤᠬᠠᠭᠠᠨ ᠳᠤ ᠦᠨᠳᠦᠰᠦᠯᠡᠨ᠎ᠡ᠃ ᠳᠤᠮᠳᠠᠳᠤ ᠶᠢᠨ | ᠪᠣᠯᠪᠠᠰᠤᠨ ᠪᠣᠯ ᠳᠡᠯᠡᠬᠡᠢ ᠳᠡᠭᠡᠷᠡᠬᠢ ᠴᠣᠷᠢ ᠶᠢᠨ ᠭᠠᠭᠴᠠ ᠲᠠᠰᠤᠯᠳᠠᠭ᠎ᠠ ᠦᠭᠡᠢ᠂ 5000 ᠭᠠᠷᠤᠢ ᠵᠢᠯ | ᠦᠷᠭᠦᠯᠵᠢᠯᠡᠭᠰᠡᠨ ᠪᠣᠯᠪᠠᠰᠤᠨ ᠮᠥᠨ᠂ ᠺᠠᠯᠠᠷ ᠤᠨ ᠪᠣᠯᠪᠠᠰᠤᠨ ᠢᠶᠠᠷ ᠲᠥᠯᠥᠭᠡᠯᠡᠭᠦᠯᠦᠭᠰᠡᠨ ᠲᠠᠯᠠᠢ ᠲᠠᠩᠭᠢᠰ ᠤᠨ | ᠪᠣᠯᠪᠠᠰᠤᠨ ᠪᠠ ᠢᠨᠺᠠ ᠶᠢᠨ ᠪᠣᠯᠪᠠᠰᠤᠨ ᠢᠶᠠᠷ ᠲᠥᠯᠥᠭᠡᠯᠡᠭᠦᠯᠦᠭᠰᠡᠨ ᠡᠬᠡ ᠬᠠᠭᠤᠷᠠᠢ ᠶᠢᠨ ᠪᠣᠯᠪᠠᠰᠤᠨ ᠨᠢ ᠫᠧᠷᠦ᠋ ᠶᠢᠨ | ᠪᠣᠯᠪᠠᠰᠤᠨ ᠤ ᠥᠨᠢ ᠤᠳᠠᠭᠠᠨ ᠲᠡᠦᠬᠡ ᠪᠠ ᠡᠯᠪᠡᠭ ᠤᠠᠶᠠᠯᠢᠭ ᠤᠯᠠᠨ ᠡᠰᠢᠵᠢᠯ ᠢ ᠢᠯᠡᠷᠡᠭᠦᠯᠦᠭᠰᠡᠨ ᠪᠠᠶᠢᠨ᠎ᠠ᠃ | ᠳᠤᠮᠳᠠᠳᠤ ᠭᠠᠳᠠᠭᠠᠳᠤ ᠶᠢᠨ ᠬᠠᠭᠤᠴᠢ ᠰᠤᠳᠤᠯᠤᠯ ᠤᠨ ᠡᠲᠡᠭᠡᠳ ᠤᠨ ᠬᠢᠨ᠂ ᠳᠤᠮᠳᠠᠳᠤ ᠶᠢᠨ ᠪᠣᠯᠪᠠᠰᠤᠨ ᠪᠣᠯᠣᠨ | ᠠᠮᠧᠷᠢᠺᠠ ᠲᠢᠪ ᠤᠨ ᠪᠣᠯᠪᠠᠰᠤᠨ ᠪᠣᠯ ᠦᠨᠡᠨ ᠳᠡᠭᠡᠨ ᠨᠢᠭᠡ ᠡᠪᠦᠭᠡ ᠳᠡᠭᠡᠳᠦᠰ ᠤᠨ ᠬᠤᠶᠢᠴᠢ ᠦᠶ᠎ᠡ ᠶᠢᠨ ᠬᠢᠨ ᠤ | ᠠᠳᠠᠯᠢ ᠪᠤᠰᠤ ᠴᠠᠭ ᠦᠶ᠎ᠡ᠂ ᠠᠳᠠᠯᠢ ᠪᠤᠰᠤ ᠭᠠᠵᠠᠷ ᠣᠷᠣᠨ ᠳᠠᠬᠢ ᠪᠦᠲᠦᠭᠡᠭᠳᠡᠬᠦᠨ ᠮᠥᠨ ᠭᠡᠵᠦ ᠦᠵᠡᠵᠦ | ᠪᠠᠶᠢᠨ᠎ᠠ᠃ ᠪᠣᠯᠪᠠᠰᠤᠨ ᠤ ᠣᠶᠤᠨ ᠤᠬᠠᠭᠠᠨ ᠨᠢ ᠪᠢᠳᠡᠨ ᠤ ᠣᠶᠢᠯᠠᠭᠠᠭᠳᠠᠬᠤᠨ ᠢ ᠣᠶᠢᠷᠠᠲᠤᠭᠤᠯᠵᠤ᠂ ᠰᠡᠳᠬᠢᠯ | ᠰᠠᠨᠠᠭ᠎ᠠ ᠶᠢ ᠨᠡᠪᠲᠡᠷᠡᠯᠴᠡᠭᠦᠯᠪᠡ᠃ ᠳᠤᠮᠳᠠᠳᠤᠴᠤᠳ ᠡᠷᠲᠡᠨ ᠠᠴᠠ ᠪᠠᠨ ᠠᠪᠤᠭᠠᠳ ︽ᠦᠨᠡᠨᠴᠢ ᠰᠢᠳᠤᠷᠭᠤ ᠪᠠᠷ | ᠶᠣᠰᠣ ᠵᠢᠷᠤᠮ ᠪᠤᠯᠭᠠᠵᠤ᠂ ᠥᠷᠥᠰᠢᠶᠡᠯ ᠡᠨᠡᠷᠢᠯ ᠢᠶᠠᠷ ᠮᠣᠷᠠᠯ ᠰᠤᠷᠲᠠᠯ ᠪᠤᠯᠭᠠᠬᠤ︾ ᠶᠢ ᠡᠷᠭᠢᠮᠯᠡᠳᠡᠭ᠂ ᠢᠨᠺᠠᠴᠤᠳ | ︽ᠬᠤᠯᠠᠭᠠᠶᠢᠯᠠᠬᠤ ᠦᠭᠡᠢ᠂ ᠬᠤᠳᠠᠯ ᠬᠡᠯᠡᠬᠦ ᠦᠭᠡᠢ᠂ ᠠᠯᠵᠠᠭᠤ ᠵᠠᠯᠬᠠᠭᠤ ᠦᠭᠡᠢ︾ ᠪᠠᠶᠢᠬᠤ ᠶᠢ ᠰᠠᠨᠠᠭᠠᠴᠢᠯᠠᠳᠠᠭ᠃ | ᠫᠧᠷᠦ᠋ ᠶᠢᠨ ᠪᠣᠳᠣᠯᠭᠠᠲᠠᠨ ᠮᠠᠷᠢᠶᠠᠳ᠋ᠵᠢ᠄ ︽ᠤᠶᠤᠨ ᠰᠠᠨᠠᠭ᠎ᠠ ᠪᠠ ᠪᠣᠳᠠᠰ ᠤᠨ ᠲᠠᠯ᠎ᠠ ᠪᠠᠷ ᠳᠤᠮᠳᠠᠳᠤ ᠤᠯᠤᠰ | ᠡᠸᠦ᠋ᠷᠦᠫᠡ ᠲᠢᠪ ᠠᠴᠠ ᠨᠡᠩ ᠢᠯᠡᠭᠦᠦ ᠪᠢᠳᠠᠨ ᠲᠠᠢ ᠣᠶᠢᠷᠠᠯᠴᠠᠭ᠎ᠠ ᠶᠤᠮ᠃ ᠮᠠᠨ ᠤ ᠠᠷᠠᠳ ᠲᠦᠮᠡᠨ ᠤ ᠰᠡᠳᠬᠢᠴᠡ | ᠠᠽᠢᠶ᠎ᠠ ᠶᠢᠨ ᠬᠥᠮᠥᠨ ᠲᠠᠢ ᠨᠠᠩ ᠠᠳᠠᠯᠢ ᠠᠴᠠ ᠪᠢᠰᠢ ᠬᠠᠷᠢᠨ ᠥᠷᠥᠨᠡᠳᠠᠬᠢᠨ ᠤ ᠬᠥᠮᠥᠨ ᠲᠠᠢ ᠠᠳᠠᠯᠢ ᠪᠢᠰᠢ ᠶᠤᠮ︾ | ᠭᠡᠵᠦ ᠬᠡᠯᠡᠵᠦ ᠥᠩᠭᠡᠷᠡᠪᠡ᠃ ᠡᠨᠡ ᠪᠣᠯ ᠳᠤᠮᠳᠠᠳᠤ ᠶᠢᠨ ᠨᠡᠭᠦᠳᠡᠯ ᠠᠷᠠᠳ ᠤᠨ 175 ᠵᠢᠯ ᠤᠨ ᠲᠤᠷᠰᠢᠬᠢ | ᠫᠧᠷᠦ᠋ ᠶᠢᠨ ᠠᠷᠠᠳ ᠲᠦᠮᠡᠨ ᠯᠦᠭᠡ ᠶᠢᠨ ᠴᠢᠰᠤ ᠮᠢᠬᠠᠨ ᠤ ᠤᠠᠷᠢᠯᠳᠤᠯᠭᠠ᠂ ᠰᠠᠯᠤᠰᠢ ᠦᠭᠡᠢ ︽ᠪᠣᠯᠪᠠᠰᠤᠨ ᠤ | ᠨᠢᠭᠤᠴᠠ ᠨᠣᠮᠧᠷ︾ ᠪᠣᠯᠣᠨ᠎ᠠ᠃ ᠣᠶᠢᠷ᠎ᠠ ᠳᠤ ᠬᠤᠶᠠᠷ ᠤᠯᠤᠰ ᠤᠨ ᠷᠠᠳᠢᠣ᠋ ᠲᠧᠯᠸᠢᠰ ᠤᠨ ᠰᠠᠯᠠᠭ᠎ᠠ ᠮᠥᠴᠢᠷ | ᠫᠧᠷᠦ᠋ ᠳᠤ ︽ᠣᠷᠳᠣ ᠴᠠᠭᠠᠨ ᠬᠡᠷᠡᠮ ᠠᠴᠠ ᠮᠠᠴᠦ᠋ᠫᠢᠷᠴᠦ᠋ ᠭᠦᠷᠲᠡᠯ᠎ᠡ︾ ᠭᠡᠬᠦ ᠺᠢᠨᠣ᠋ ᠶᠢ ᠠᠩᠬ᠎ᠠ ᠦᠵᠡᠭᠦᠯᠭᠦ | ᠶᠣᠰᠣᠯᠠᠯ ᠢ ᠡᠷᠭᠢᠯᠡᠵᠦ᠂ ︽ᠭᠤᠷᠪᠠᠨ ᠴᠣᠭᠴᠠ︾ ᠵᠡᠷᠭᠡ ᠳᠤᠮᠳᠠᠳᠤ ᠤᠯᠤᠰ ᠤᠨ ᠰᠢᠯᠢᠳᠡᠭ ᠺᠢᠨᠣ᠋ ᠲᠧᠯᠸᠢᠰ ᠤᠨ | ᠪᠦᠲᠦᠭᠡᠯ ᠢ ᠳᠡᠯᠭᠡᠨ ᠦᠵᠡᠭᠦᠯᠵᠦ ᠨᠡᠪᠲᠡᠷᠡᠭᠦᠯᠬᠦ ᠪᠣᠯᠣᠨ᠎ᠠ᠂ ᠡᠨᠡ ᠨᠢ ᠫᠧᠷᠦ᠋ ᠶᠢᠨ ᠨᠠᠶᠢᠵᠠ ᠨᠠᠷ ᠤᠨ ᠳᠤᠮᠳᠠᠳᠤ | ᠤᠯᠤᠰ ᠢ ᠨᠠᠩ ᠭᠦᠨᠵᠡᠭᠡᠢ ᠣᠶᠢᠯᠠᠭᠠᠬᠤ ᠳᠤ ᠠᠰᠢᠭᠲᠠᠢ ᠭᠡᠳᠡᠭ ᠢ ᠢᠲᠡᠭᠡᠵᠦ ᠪᠠᠶᠢᠨ᠎ᠠ᠃ | ᠡᠨᠡ ᠬᠦ ᠨᠥᠬᠦᠷᠯᠡᠯ ᠨᠢ ᠠᠯᠤᠰ ᠬᠤᠯᠠ ᠠᠴᠠ ᠭᠡᠷᠡᠯᠲᠦᠨ ᠰᠠᠴᠤᠷᠠᠭᠰᠠᠨ ᠲᠡᠦᠬᠡ ᠶᠢ ᠤᠯᠠᠮᠵᠢᠯᠠᠨ᠎ᠠ᠃ | ᠳᠤᠮᠳᠠᠳᠤ ᠫᠧᠷᠦ᠋ ᠬᠤᠶᠠᠷ ᠤᠯᠤᠰ ᠤᠨ ᠠᠷᠠᠳ ᠲᠦᠮᠡᠨ ᠨᠦᠭᠦᠭᠡ ᠡᠲᠡᠭᠡᠳ ᠢᠶᠠᠨ ᠣᠯᠵᠤ ᠦᠵᠡᠪᠡᠯ ︽ᠬᠠᠯᠠᠭᠤᠨ | ᠳᠣᠲᠣᠨᠣ ᠰᠠᠨᠠᠭᠳᠠᠵᠤ︾᠂ ᠨᠦᠭᠦᠭᠡ ᠡᠲᠡᠭᠡᠳ ᠤᠨ ᠢᠶᠠᠨ ᠲᠡᠦᠬᠡ ᠶᠢᠨ ᠳᠤᠷᠠᠰᠬᠠᠯᠲᠤ ᠵᠦᠢᠯ ᠢ ᠣᠯᠵᠤ ᠦᠵᠡᠪᠡᠯ | ︽ᠦᠵᠡᠵᠦ ᠥᠩᠭᠡᠷᠡᠭᠰᠡᠨ ᠮᠡᠲᠦ︾ ᠰᠠᠨᠠᠭᠳᠠᠳᠠᠭ ᠭᠡᠵᠦ ᠮᠠᠰᠢ ᠤᠯᠠᠨ ᠬᠥᠮᠥᠨ ᠬᠡᠯᠡᠵᠦ ᠪᠠᠶᠢᠨ᠎ᠠ᠃ ᠵᠢᠱᠢᠶᠡᠯᠡᠪᠡᠯ᠂ | ᠫᠧᠷᠦ᠋ ᠠᠴᠠ ᠮᠠᠯᠲᠠᠵᠤ ᠭᠠᠷᠭᠠᠭᠰᠠᠨ ᠢᠨᠺᠠ ᠬᠥᠮᠥᠨ ᠤ ᠠᠯᠲᠠᠨ ᠤ ᠠᠭ ᠨᠢ ᠳᠤᠮᠳᠠᠳᠤ ᠤᠯᠤᠰ ᠤᠨ ᠰᠠᠨ ᠰᠢᠩ | ᠳ᠋ᠦᠢ ᠶᠢᠨ ᠠᠯᠲᠠᠨ ᠤ ᠠᠭ ᠲᠠᠢ ᠡᠭᠡᠭᠡ ᠠᠳᠠᠯᠢᠬᠠᠨ ᠤᠠᠶᠢᠳᠠᠭ᠃ ᠮᠠᠴᠦ᠋ᠫᠢᠷᠴᠦ᠋ ᠶᠢᠨ ᠡᠷᠲᠡᠨ ᠤ ᠬᠤᠲᠠ ᠶᠢᠨ | ᠲᠠᠭᠢᠯᠭ᠎ᠠ ᠶᠢᠨ ᠲᠠᠶᠢᠰᠠᠨ ᠳᠡᠭᠡᠷ᠎ᠡ ᠨᠢᠭᠡ ᠬᠡᠰᠡᠭ ︽ᠨᠠᠷᠠ ᠠᠷᠭᠠᠮᠵᠢᠬᠤ ᠴᠢᠯᠠᠭᠤ︾ ᠤ ᠠᠶᠢᠳᠠᠭ᠂ ᠢᠨᠺᠠ ᠬᠥᠮᠥᠨ | ᠨᠡᠷᠡᠨ ᠤ ᠰᠡᠭᠦᠳᠡᠷ ᠤᠨ ᠬᠤᠪᠢᠷᠠᠯᠲᠠ ᠪᠠᠷ ᠤᠯᠠᠷᠢᠯ ᠢ ᠲᠣᠭᠲᠠᠭᠠᠵᠤ᠂ ᠴᠠᠭ ᠤᠯᠠᠷᠢᠯ ᠤᠨ ᠤ ᠵᠴᠢᠭ ᠢ ᠨᠠᠶᠢᠷᠠᠭᠤᠯᠤᠨ | ᠵᠣᠬᠢᠶᠠᠵᠠᠢ᠂ ᠡᠨᠡ ᠨᠢ ᠳᠤᠮᠳᠠᠳᠤ ᠤᠯᠤᠰ ᠤᠨ ᠡᠷᠲᠡᠨ ᠤ ᠡᠳᠦᠷ ᠤᠨ ᠬᠡᠮᠵᠢᠭᠦᠷ ᠲᠠᠢ ᠠᠷᠭ᠎ᠠ ᠨᠢ ᠣᠨᠳᠣᠣ | ᠠᠮᠵᠢᠯᠲᠠ ᠨᠢ ᠠᠳᠠᠯᠢ ᠶᠤᠮ᠃ ᠳᠤᠮᠳᠠᠳᠤ ᠤᠯᠤᠰ ᠤᠨ ᠡᠷᠲᠡᠨ ᠤ ᠱᠤ᠋ ᠶᠢᠨ ᠡᠪᠦᠭᠡ ᠳᠡᠭᠡᠳᠦᠰ ᠵᠢᠭᠦᠷ ᠢᠶᠠᠨ ᠳᠡᠯᠭᠡᠨ | ᠬᠠᠯᠢᠨ ᠳᠡᠭᠦᠯᠢᠭᠰᠡᠨ ᠨᠡᠷᠡᠨ ᠰᠠᠬᠢᠭᠤᠯᠰᠤᠨ ᠰᠢᠪᠠᠭᠤ ᠪᠠᠷ ᠨᠠᠷᠠ ᠪᠠ ᠨᠡᠷᠡᠨ ᠰᠠᠬᠢᠭᠤᠯᠰᠤᠨ ᠢ ᠰᠢᠲᠦᠵᠦ ᠪᠠᠶᠢᠬᠤ ᠪᠠᠨ | ᠢᠯᠡᠳᠬᠡᠭᠰᠡᠨ ᠨᠢ ᠢᠨᠺᠠ ᠶᠢᠨ ᠪᠣᠯᠪᠠᠰᠤᠨ ᠲᠠᠢ ᠡᠭᠡᠭᠡ ᠠᠳᠠᠯᠢ ᠤ ᠠᠶᠢᠵᠤ᠂ ᠪᠦᠷ ᠭᠡᠭᠡᠨ ᠰᠠᠷᠠᠭᠤᠯ ᠢ ᠬᠦᠰᠡᠨ | ᠮᠥᠷᠥᠭᠡᠳᠴᠦ ᠪᠠᠶᠢᠬᠤ ᠶᠢ ᠢᠯᠡᠷᠡᠭᠦᠯᠪᠡ᠃ ᠨᠢᠳᠤᠨᠤᠨ ᠠᠴᠠ ᠨᠠᠭᠠᠰᠢ᠂ ︽ᠶᠠᠭᠤ ᠶᠢ ᠪᠣᠯᠪᠠᠰᠤᠨ ᠭᠡᠬᠦ ᠪᠤᠢ︾ ᠭᠡᠬᠦ | ᠪᠦᠭᠦ ᠪᠥᠮᠪᠥᠷᠴᠡᠭ ᠤᠨ ᠲᠣᠭᠤᠷᠢᠨ ᠦᠵᠡᠭᠦᠯᠭᠡ ᠫᠧᠷᠦ᠋ ᠳᠤ ᠬᠦᠷᠴᠦ᠂ ︽ᠢᠨᠺᠠ ᠶᠢᠨ ᠲᠡᠭᠷᠢ ᠶᠢᠨ ᠵᠠᠮ︾ ᠪᠤᠯᠬᠤ | ᠠᠨᠳᠧᠰ ᠤᠨ ᠰᠣᠶᠣᠯ ᠤᠨ ᠦᠵᠡᠭᠦᠯᠭᠡ᠂ ︽ᠢᠨᠺᠠᠴᠤᠳ ᠪᠠ ᠬᠠᠭᠠᠨᠲᠤ ᠤᠯᠤᠰ ᠤᠨ ᠲᠦᠷᠪᠡᠨ ᠵᠦᠭ ᠤᠨ ᠭᠠᠵᠠᠷ︾ | ᠵᠡᠷᠭᠡ ᠦᠵᠡᠭᠦᠯᠭᠡ ᠨᠢ ᠳᠤᠮᠳᠠᠳᠤ ᠤᠯᠤᠰ ᠲᠤ ᠢᠷᠡᠵᠤ᠂ ᠬᠤᠶᠠᠷ ᠤᠯᠤᠰ ᠤᠨ ᠠᠷᠠᠳ ᠲᠦᠮᠡᠨ ᠤ ᠬᠠᠯᠠᠭᠤᠨ | ᠬᠦᠷᠢᠶᠡᠯᠡᠯ ᠢ ᠣᠯᠵᠠᠢ᠃ ᠣᠶᠢᠷ᠎ᠠ ᠳᠤ᠂ ᠬᠤᠶᠠᠷ ᠲᠠᠯ᠎ᠠ ᠪᠠᠷ ᠢᠶᠠᠨ ᠫᠧᠷᠦ᠋ ᠳᠤ ︽ᠨᠡᠷᠡᠨ ᠤ ᠭᠡᠷᠡᠯ᠄ ᠡᠷᠲᠡᠨ ᠤ ᠱᠤ᠋ | ᠤᠯᠤᠰ ᠤᠨ ᠪᠣᠯᠪᠠᠰᠤᠨ ᠬᠢᠭᠡᠳ ᠢᠨᠺᠠ ᠶᠢᠨ ᠪᠣᠯᠪᠠᠰᠤᠨ ᠤ ᠬᠠᠷᠢᠯᠴᠠᠨ ᠲᠣᠯᠢᠯᠠᠬᠤ ᠦᠵᠡᠭᠦᠯᠭᠡ︾ ᠶᠢ ᠡᠷᠭᠢᠯᠡᠪᠠ᠂ | ᠣᠯᠠᠨ ᠤ ᠲᠣᠭᠤᠷᠢᠨ ᠦᠵᠡᠬᠦ ᠪᠠᠷ ᠢᠷᠡᠬᠦ ᠶᠢ ᠤ ᠠᠶᠠᠷᠯᠠᠨ ᠤᠭᠲᠤᠵᠤ ᠪᠠᠶᠢᠨ᠎ᠠ᠂ ᠳᠤᠮᠳᠠᠳᠤ ᠫᠧᠷᠦ᠋ ᠶᠢᠨ ᠪᠣᠯᠪᠠᠰᠤᠨ | ᠰᠣᠯᠪᠢᠴᠠᠨ ᠭᠡᠷᠡᠯᠲᠦᠭᠰᠡᠨ ᠨᠠᠩ ᠣᠯᠠᠨ ᠭᠠᠵᠠᠷ ᠢ ᠡᠷᠢᠵᠦ ᠣᠯᠬᠤ ᠨᠢ ᠯᠠᠪᠲᠠᠢ ᠭᠡᠳᠡᠭ ᠢ ᠢᠲᠡᠭᠡᠵᠦ ᠪᠠᠶᠢᠨ᠎ᠠ᠃ | ᠡᠨᠡ ᠬᠦ ᠨᠥᠬᠦᠷᠯᠡᠯ ᠨᠢ ᠬᠠᠷᠢᠯᠴᠠᠨ ᠠᠰᠢᠭᠲᠠᠢ ᠬᠠᠮᠲᠤ ᠪᠠᠷ ᠠᠰᠢᠭ ᠭᠦᠷᠲᠡᠭᠦ ᠬᠠᠮᠲᠤᠷᠠᠯᠴᠠᠭ᠎ᠠ ᠪᠠᠷ | ᠭᠦᠨᠵᠡᠭᠡᠶᠢᠷᠡᠪᠡ᠃ ᠫᠧᠷᠦ᠋ ᠪᠣᠯ ᠬᠠᠮᠤᠭ ᠤᠨ ᠡᠷᠲᠡ ᠰᠢᠨ᠎ᠡ ᠳᠤᠮᠳᠠᠳᠤ ᠤᠯᠤᠰ ᠲᠠᠢ ᠬᠠᠷᠢᠯᠴᠠᠭ᠎ᠠ ᠤᠠᠶᠢᠭᠤᠯᠤᠭᠰᠠᠨ | ᠯᠠᠲ᠋ᠢᠨ ᠠᠮᠧᠷᠢᠺᠠ ᠶᠢᠨ ᠤᠯᠤᠰ ᠤᠨ ᠨᠢᠭᠡ ᠪᠣᠯᠣᠨ᠎ᠠ᠃ ᠬᠠᠭᠠᠰ ᠢᠯᠡᠭᠦᠦ ᠵᠠᠭᠤᠨ ᠤ ᠲᠤᠷᠰᠢ᠂ ᠳᠤᠮᠳᠠᠳᠤ | ᠫᠧᠷᠦ᠋ ᠶᠢᠨ ᠬᠠᠷᠢᠯᠴᠠᠭ᠎ᠠ ᠢᠮᠠᠭᠲᠠ ᠯᠠᠪᠳᠠᠭᠤᠨ ᠢᠶᠠᠷ ᠤᠷᠤᠭᠰᠢᠯᠠᠵᠤ᠂ ᠢᠯᠠᠩᠭᠤᠶ᠎ᠠ 2013 ᠣᠨ ᠳᠤ ᠪᠦᠭᠦ | ᠲᠠᠯ᠎ᠠ ᠶᠢᠨ ᠤᠠᠶᠢᠯᠳᠤᠬᠤ ᠪᠣᠳᠣᠯᠭ᠎ᠠ ᠶᠢᠨ ᠬᠠᠨᠢᠲᠠᠨ ᠤ ᠬᠠᠷᠢᠯᠴᠠᠭ᠎ᠠ ᠤᠠᠶᠢᠭᠤᠯᠤᠭᠰᠠᠨ ᠠᠴᠠ ᠨᠠᠭᠠᠰᠢ᠂ ᠬᠤᠶᠠᠷ | ᠲᠠᠯ᠎ᠠ ᠶᠢᠨ ᠬᠠᠷᠢᠯᠴᠠᠭ᠎ᠠ ᠲᠠᠰᠤᠷᠠᠯᠳᠡ ᠦᠭᠡᠢ ᠭᠦᠨᠵᠡᠭᠡᠶᠢᠷᠡᠵᠦ᠂ ᠪᠣᠳᠠᠲᠠᠢ ᠶᠢ ᠡᠷᠬᠢᠮᠯᠡᠭᠰᠡᠨ | ᠬᠠᠮᠲᠤᠷᠠᠯᠴᠠᠭ᠎ᠠ ᠤᠠᠶᠠᠯᠢᠭ ᠦᠷ᠎ᠡ ᠪᠦᠲᠦᠭᠡᠯ ᠣᠯᠵᠤ᠂ ᠬᠤᠶᠠᠷ ᠤᠯᠤᠰ ᠤᠨ ᠠᠷᠠᠳ ᠲᠦᠮᠡᠨ ᠳᠤ ᠠᠰᠢᠭ | ᠬᠦᠷᠲᠡᠭᠡᠪᠡ᠃ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠤᠠᠶᠢᠳᠠᠯ ᠤᠨ ᠬᠤᠭᠤᠴᠠᠭᠠᠨ ᠳᠤ᠂ | ᠳᠤᠮᠳᠠᠳᠤ ᠤᠯᠤᠰ ᠫᠧᠷᠦ᠋ ᠳᠤ ᠡᠮᠴᠢᠯᠡᠭᠡᠨ ᠤ ᠲᠤᠰᠬᠠᠢ ᠮᠡᠷᠭᠡᠵᠢᠯᠲᠡᠨ ᠤ ᠳᠤᠭᠤᠶᠢᠯᠠᠩ ᠲᠣᠮᠢᠯᠠᠵᠤ᠂ | ᠴᠢᠳᠠᠯ ᠤᠨ ᠢᠶᠠᠨ ᠬᠢᠷᠢ ᠪᠠᠷ ᠫᠧᠷᠦ᠋ ᠳᠤ ᠸᠠᠺᠼᠢᠨ ᠪᠣᠯᠣᠨ ᠬᠢᠵᠢᠭ ᠲᠠᠢ ᠲᠡᠮᠡᠴᠡᠬᠦ ᠡᠳ᠋ ᠪᠣᠳᠠᠰ ᠬᠠᠩᠭᠠᠵᠤ᠂ | ᠵᠠᠩᠭᠢᠯᠠᠭ᠎ᠠ ᠶᠢᠨ ᠦᠶ᠎ᠡ ᠳᠤ ᠳᠤᠮᠳᠠᠳᠤ ᠤᠯᠤᠰ ᠪᠣᠯ ᠫᠧᠷᠦ᠋ ᠶᠢᠨ ᠨᠠᠶᠢᠳᠠᠪᠤᠷᠢᠲᠠᠢ ᠨᠠᠶᠢᠵᠠ ᠪᠤᠯᠬᠤ ᠶᠢ ᠪᠣᠳᠠᠲᠤ | ᠠᠵᠢᠯᠯᠠᠭ᠎ᠠ ᠪᠠᠷ ᠢᠶᠠᠨ ᠭᠡᠷᠡᠴᠢᠯᠡᠪᠡ᠃ ᠫᠧᠷᠦ᠋ ᠪᠣᠯ ᠳᠤᠮᠳᠠᠳᠤ ᠤᠯᠤᠰ ᠯᠤᠭ᠎ᠠ ᠴᠢᠯᠦᠭᠡᠲᠦ ᠠᠷᠠᠯᠵᠢᠶᠠᠨ ᠤ ᠬᠠᠮ | ᠵᠥᠪᠯᠡᠯᠴᠡᠭᠡᠷ ᠲᠣᠬᠢᠷᠠᠯᠴᠠᠭᠰᠠᠨ ᠯᠠᠲ᠋ᠢᠨ ᠠᠮᠧᠷᠢᠺᠠ ᠶᠢᠨ ᠠᠩᠬᠠᠳᠠᠭᠴᠢ ᠤᠯᠤᠰ ᠪᠣᠯᠣᠨ᠎ᠠ᠂ ᠬᠠᠮᠤᠭ ᠤᠨ ᠡᠷᠲᠡ | ︽ᠨᠢᠭᠡ ᠪᠦᠰᠡ ᠨᠢᠭᠡ ᠵᠠᠮ︾ ᠢ ᠬᠠᠮᠲᠤ ᠪᠠᠷ ᠪᠦᠲᠦᠭᠡᠨ ᠪᠠᠶᠢᠭᠤᠯᠬᠤ ᠰᠠᠨᠠᠭᠠᠴᠢᠯᠠᠭ᠎ᠠ ᠳᠤ ᠣᠷᠣᠯᠴᠠᠬᠰᠠᠨ ᠯᠠᠲ᠋ᠢᠨ | ᠠᠮᠧᠷᠢᠺᠠ ᠶᠢᠨ ᠤᠯᠤᠰ ᠤᠨ ᠨᠢᠭᠡ ᠪᠣᠯᠣᠨ᠎ᠠ᠃ ᠳᠤᠮᠳᠠᠳᠤ ᠤᠯᠤᠰ ᠨᠢᠭᠡᠨᠲᠡ 10 ᠵᠢᠯ ᠳᠠᠷᠠᠭᠠᠯᠠᠨ ᠫᠧᠷᠦ᠋ ᠶᠢᠨ | ᠬᠠᠮᠤᠭ ᠤᠨ ᠶᠡᠭᠡ ᠠᠷᠠᠯᠵᠢᠶᠠᠨ ᠤ ᠬᠠᠨᠢᠲᠠᠨ ᠪᠠ ᠬᠠᠮᠤᠭ ᠤᠨ ᠶᠡᠭᠡ ᠭᠠᠳᠠᠭᠠᠳᠤ ᠭᠠᠷᠭᠠᠯᠲᠠ ᠶᠢᠨ ᠵᠠᠬ᠎ᠠ ᠳᠡᠯᠭᠡᠭᠦᠷ | ᠪᠣᠯᠵᠤ᠂ ᠨᠢᠳᠤᠨᠤᠨ ᠫᠧᠷᠦ᠋ ᠶᠢᠨ ᠳᠤᠮᠳᠠᠳᠤ ᠤᠯᠤᠰ ᠲᠠᠬᠢ ᠭᠠᠳᠠᠭᠠᠳᠤ ᠭᠠᠷᠭᠠᠯᠲᠠ ᠶᠢᠨ ᠬᠡᠮᠵᠢᠶ᠎ᠡ ᠨᠢ ᠫᠧᠷᠦ᠋ ᠶᠢᠨ | ᠭᠠᠳᠠᠭᠠᠳᠤ ᠭᠠᠷᠭᠠᠯᠲᠠ ᠶᠢᠨ ᠶᠡᠷᠦᠩᠬᠡᠢ ᠬᠡᠮᠵᠢᠶᠡᠨ ᠤ 36% ᠶᠢ ᠡᠵᠡᠯᠡᠪᠡ᠃ ᠳᠤᠮᠳᠠᠳᠤ ᠶᠢᠨ ᠪᠡᠯᠡᠲᠦ ᠠᠵᠤ | ᠠᠬᠤᠶᠢᠯᠠᠯ ᠫᠧᠷᠦ᠋ ᠳᠤ ᠤᠠᠷᠤᠭ 300 ᠳ᠋ᠦᠩᠰᠢᠭᠤᠷ ᠳ᠋ᠣᠯᠯᠠᠷ ᠤᠨ ᠤᠡᠯᠡ ᠣᠷᠣᠭᠤᠯᠵᠠᠢ᠃ ᠳᠤᠮᠳᠠᠳᠤ ᠶᠢᠨ ᠪᠡᠯᠡᠲᠦ | ᠠᠵᠤ ᠠᠬᠤᠶᠢᠯᠠᠯ ᠤᠨ ᠤ ᠡᠯ᠎ᠡ ᠣᠷᠣᠭᠤᠯᠤᠭᠰᠠᠨ ᠯᠠᠰ ᠪᠠᠮᠪᠠᠰ ᠤᠨ ᠵᠡᠰ ᠤᠨ ᠠᠭᠤᠷᠬᠠᠢ ᠶᠢᠨ ᠲᠥᠷᠥᠯ ᠵᠦᠢᠯ ᠤᠨ | ᠦᠢᠯᠡᠳᠬᠦᠨ ᠤ ᠥᠷᠲᠡᠭ ᠨᠢ ᠫᠧᠷᠦ᠋ ᠶᠢᠨ ᠤᠯᠤᠰ ᠤᠨ ᠳᠣᠲᠣᠭᠠᠳᠤ ᠶᠢᠨ ᠦᠢᠯᠡᠳᠪᠦᠷᠢᠯᠡᠯ ᠤᠨ ᠶᠡᠷᠦᠩᠬᠡᠢ | ᠥᠷᠲᠡᠭ ᠤᠨ 1% ᠶᠢ ᠡᠵᠡᠯᠡᠵᠦ᠂ ᠲᠦᠮᠡ ᠭᠠᠷᠤᠢ ᠠᠵᠢᠯ ᠤᠨ ᠤᠠᠶᠢᠷᠢ ᠶᠢ ᠡᠭᠦᠳᠴᠡᠢ᠃ ᠳᠤᠮᠳᠠᠳᠤ ᠶᠢᠨ ᠪᠡᠯᠡᠳᠦ | ᠠᠵᠤ ᠠᠬᠤᠶᠢᠯᠠᠯ ᠤᠨ ᠳᠠᠭᠠᠭᠠᠴᠢᠯᠠᠨ ᠤᠠᠶᠢᠭᠤᠯᠤᠭᠰᠠᠨ ᠲᠦᠮᠪᠧᠰ ᠶᠡᠭᠡ ᠲᠣᠭᠤᠷᠢᠭ ᠤᠨ ᠺᠠᠯᠢᠳᠤ᠋ ᠡᠮᠨᠡᠯᠭᠡ ᠶᠢᠨ | ᠬᠤᠷᠢᠶ᠎ᠠ 10 ᠲᠦᠮᠡ ᠭᠠᠷᠤᠢ ᠰᠠᠭᠤᠭᠠᠯᠢ ᠠᠷᠠᠳ ᠲᠤ ᠠᠰᠢᠭ ᠬᠦᠷᠲᠡᠭᠡᠵᠦ᠂ ᠯᠢᠮᠠ ᠶᠢᠨ ᠭᠤᠷᠪᠠᠨ ᠶᠡᠭᠡ | ᠲᠣᠭᠤᠷᠢᠭ ᠤᠨ ᠤᠰᠤᠨ ᠤ ᠶᠠᠪᠤᠳᠠᠯ ᠤᠨ ᠲᠦᠷᠦᠯ ᠵᠦᠢᠯ ᠢ ᠪᠦᠲᠦᠭᠡᠨ ᠤᠠᠶᠢᠭᠤᠯᠵᠤ ᠳᠠᠭᠤᠰᠤᠭᠰᠠᠨ ᠤ ᠲᠠᠷᠠᠭ᠎ᠠ | 40 ᠭᠠᠷᠤᠢ ᠲᠦᠮᠡᠨ ᠫᠧᠷᠦ᠋ ᠶᠢᠨ ᠠᠷᠠᠳ ᠲᠦᠮᠡᠨ ᠤ ᠡᠷᠡᠭᠦᠯ ᠬᠠᠮᠠᠭᠠᠯᠠᠯ ᠳᠤ ᠬᠡᠷᠡᠭᠯᠡᠬᠦ ᠤᠰᠤᠨ ᠤ ᠠᠰᠠᠭᠤᠳᠠᠯ ᠢ | ᠰᠢᠢᠳᠪᠦᠷᠢᠯᠡᠬᠦ ᠪᠣᠯᠣᠨ᠎ᠠ᠃ | ᠳᠤᠮᠳᠠᠳᠤ ᠤᠯᠤᠰ ᠤᠨ ᠡᠷᠲᠡᠨ ᠤ ᠦᠭᠡᠨ ᠳᠤ᠄ ︽ᠲᠦᠷᠦ ᠶᠢ ᠵᠠᠰᠠᠬᠤᠢ ᠳᠤᠷ ᠲᠣᠭᠲᠠᠭᠰᠠᠨ ᠪᠣᠳᠣᠯᠭ᠎ᠠ | ᠠᠮᠣᠢ᠂ ᠠᠷᠠᠳ ᠲᠤᠷ ᠠᠰᠢᠭ ᠣᠯᠭᠤᠬᠤ ᠠᠨᠤ ᠦᠨᠳᠦᠰᠦ ᠪᠤᠯᠠᠢ︾ ᠭᠡᠳᠡᠭ᠃ ᠫᠧᠷᠦ᠋ ᠶᠢᠨ ᠵᠦᠢᠷ ᠦᠭᠡᠨ | ᠳᠤ᠄ ︽ᠠᠷᠠᠳ ᠲᠦᠮᠡᠨ ᠤ ᠲᠠᠭᠤᠨ ᠪᠣᠯ ᠳᠠᠷᠤᠢ ᠳᠡᠭᠡᠳᠦ ᠲᠡᠭᠷᠢ ᠶᠢᠨ ᠲᠠᠭᠤᠨ ᠮᠥᠨ︾ ᠬᠡᠮᠡᠭᠰᠡᠨ ᠤᠠᠶᠢᠳᠠᠭ᠃ | ᠠᠷᠠᠳ ᠲᠦᠮᠡᠨ ᠢ ᠨᠡᠩ ᠰᠠᠶᠢᠨ ᠰᠠᠶᠢᠬᠠᠨ ᠠᠮᠢᠳᠤᠷᠠᠭᠤᠯᠬᠤ ᠪᠣᠯ ᠮᠠᠨ ᠤ ᠬᠤᠶᠠᠷ ᠤᠯᠤᠰ ᠤᠨ ᠬᠠᠮᠲᠤ ᠶᠢᠨ | ᠬᠥᠭᠡᠭᠡᠴᠡᠯᠳᠦᠯ ᠮᠥᠨ᠃ ᠪᠢᠳᠡ ᠳᠤᠮᠳᠠᠳᠤ ᠫᠧᠷᠦ᠋ ᠶᠢᠨ ᠤᠯᠠᠮᠵᠢᠯᠠᠯᠲᠤ ᠨᠥᠬᠦᠷᠯᠡᠯ ᠢ ᠤᠠᠳᠠᠷᠠᠭᠤᠯᠵᠤ᠂ ᠡᠯ᠎ᠡ | ᠬᠦᠷᠢᠶᠡᠨ ᠤ ᠬᠠᠷᠢᠯᠴᠠᠨ ᠠᠰᠢᠭᠲᠠᠢ ᠬᠠᠮᠲᠤᠷᠠᠯᠴᠠᠭ᠎ᠠ ᠶᠢ ᠥᠷᠭᠡᠳᠬᠡᠨ ᠭᠦᠨᠵᠡᠭᠡᠶᠢᠷᠡᠭᠦᠯᠵᠦ᠂ ᠲᠡᠭᠦᠨ ᠳᠤ ᠰᠢᠨ᠎ᠡ | ᠴᠠᠭ ᠦᠶ᠎ᠡ ᠶᠢᠨ ᠠᠭᠤᠯᠤᠭᠳᠠᠬᠤᠨ ᠨᠡᠮᠡᠷᠢᠯᠡᠶ᠎ᠡ᠃ ᠡᠨᠡ ᠵᠢᠯ ᠤᠨ 7 ᠰᠠᠷ᠎ᠠ ᠳᠤ᠂ ᠳᠤᠮᠳᠠᠳᠤ ᠤᠯᠤᠰ ᠤᠨ ᠡᠪ | ᠬᠠᠮᠲᠤ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠦᠭᠦᠳᠡ ᠬᠤᠷᠠᠯ | ᠠᠮᠵᠢᠯᠲᠠ ᠲᠠᠢ ᠬᠤᠷᠠᠯᠳᠤᠵᠤ᠂ ᠥᠭᠡᠷᠡᠴᠢᠯᠡᠯᠲᠡ ᠶᠢ ᠤᠯᠠᠮ ᠨᠢᠭᠡ ᠠᠯᠬᠤᠮ ᠪᠦᠭᠦ ᠲᠠᠯ᠎ᠠ ᠪᠠᠷ ᠭᠦᠨᠵᠡᠭᠡᠶᠢᠷᠡᠭᠦᠯᠬᠦ᠂ | ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠠᠬᠢᠭᠤᠯᠬᠤ ᠲᠤᠬᠠᠢ ᠰᠢᠰᠲ᠋ᠧᠮ ᠲᠠᠢ ᠤᠠᠶᠢᠷᠢᠯᠠᠭᠤᠯᠤᠯᠲᠠ | ᠬᠢᠵᠡᠢ᠂ ᠡᠨᠡ ᠨᠢ ᠫᠧᠷᠦ᠋ ᠶᠢ ᠤᠠᠭᠲᠠᠭᠠᠭᠰᠠᠨ ᠳᠡᠯᠡᠬᠡᠢ ᠶᠢᠨ ᠡᠯ᠎ᠡ ᠤᠯᠤᠰ ᠲᠤ ᠰᠢᠨ᠎ᠡ ᠠᠵᠠ ᠲᠣᠭᠢᠶᠠᠯ ᠬᠠᠩᠭᠠᠵᠤ᠂ | ᠳᠤᠮᠳᠠᠳᠤ ᠫᠧᠷᠦ᠋ ᠶᠢᠨ ᠬᠠᠷᠢᠯᠴᠠᠨ ᠠᠰᠢᠭᠲᠠᠢ ᠬᠠᠮᠲᠤᠷᠠᠯᠴᠠᠭ᠎ᠠ ᠳᠤ ᠰᠢᠨ᠎ᠡ ᠰᠠᠷᠠᠭᠤᠯ ᠢᠷᠡᠭᠡᠳᠦᠢ ᠶᠢ ᠨᠡᠭᠡᠭᠡᠵᠦ | ᠥᠭᠴᠡᠢ᠃ | ᠡᠨᠡ ᠤᠳᠠᠭ᠎ᠠ ᠶᠢᠨ ᠠᠶᠢᠯᠴᠢᠯᠠᠯᠲᠠ ᠶᠢᠨ ᠬᠤᠭᠤᠴᠠᠭᠠᠨ ᠳᠤ᠂ ᠤ ᠢ ᠶᠡᠷᠦᠩᠬᠡᠶᠢᠯᠡᠭᠴᠢ ᠪᠦᠷᠦ᠊ ᠆ ᠠᠷᠲ᠋ᠧ ᠲᠠᠢ | ᠬᠠᠮᠲᠤ ᠸᠢᠳᠢᠤ᠋ ᠶᠢᠨ ᠭᠡᠯᠪᠡᠷᠢ ᠪᠠᠷ ᠴᠢᠶᠠᠨᠺᠠᠢ ᠭᠠᠷᠠᠮ ᠤᠨ ᠭᠠᠷᠠᠮ ᠨᠡᠭᠡᠭᠡᠬᠦ ᠶᠣᠰᠣᠯᠠᠯ ᠳᠤ ᠣᠷᠣᠯᠴᠠᠨ᠎ᠠ᠃ ᠴᠢᠶᠠᠨᠺᠠᠢ | ᠭᠠᠷᠠᠮ ᠪᠣᠯ ᠳᠤᠮᠳᠠᠳᠤ ᠫᠧᠷᠦ᠋ ᠶᠢᠨ ︽ᠨᠢᠭᠡ ᠪᠦᠰᠡ ᠨᠢᠭᠡ ᠵᠠᠮ︾ ᠢ ᠬᠠᠮᠲᠤ ᠪᠠᠷ ᠪᠦᠲᠦᠭᠡᠨ ᠪᠠᠶᠢᠭᠤᠯᠬᠤ ᠴᠢᠬᠤᠯᠠ | ᠲᠦᠷᠦᠯ ᠵᠦᠢᠯ ᠪᠤᠯᠬᠤ ᠪᠥᠭᠡᠳ ᠡᠮᠦᠨᠡᠲᠦ ᠠᠮᠧᠷᠢᠺᠠ ᠶᠢᠨ ᠠᠩᠬᠠᠳᠠᠭᠴᠢ ᠣᠶᠤᠨᠲᠤ ᠭᠠᠷᠠᠮ ᠪᠣᠯᠣᠨ᠎ᠠ᠃ ᠴᠢᠶᠠᠨᠺᠠᠢ | ᠭᠠᠷᠠᠮ ᠤᠨ ᠨᠢᠭᠡᠳᠦᠭᠡᠷ ᠬᠤᠭᠤᠴᠠᠭᠠᠨ ᠤ ᠢᠨᠵᠧᠨᠧᠷᠢᠩ ᠨᠢ ᠫᠧᠷᠦ᠋ ᠠᠴᠠ ᠳᠤᠮᠳᠠᠳᠤ ᠤᠯᠤᠰ ᠲᠤ ᠬᠦᠷᠬᠦ ᠳᠠᠯᠠᠢ ᠶᠢᠨ | ᠲᠡᠭᠡᠭᠡᠪᠦᠷᠢ ᠶᠢᠨ ᠴᠠᠭ ᠢ 23 ᠡᠳᠦᠷ ᠪᠣᠯᠭᠠᠨ ᠪᠣᠭᠤᠨᠢᠰᠬᠠᠵᠤ᠂ 20% ᠠᠴᠠ ᠳᠡᠭᠡᠭᠰᠢᠬᠢ ᠤᠠᠷᠠᠭᠠᠨ ᠤ | ᠭᠦᠢᠯᠭᠡᠭᠡ ᠶᠢᠨ ᠥᠪᠡᠷ ᠤᠨ ᠦᠷᠳᠡᠭ ᠢ ᠠᠷᠪᠢᠯᠠᠵᠤ᠂ ᠵᠢᠯ ᠪᠦᠷᠢ ᠫᠧᠷᠦ᠋ ᠳᠤ 45 ᠳ᠋ᠦᠩᠰᠢᠭᠤᠷ ᠳ᠋ᠣᠯᠯᠠᠷ ᠤᠨ | ᠣᠷᠣᠯᠭ᠎ᠠ ᠣᠯᠭᠤᠵᠤ᠂ 8000 ᠭᠠᠷᠤᠢ ᠰᠢᠭᠤᠳ ᠠᠵᠢᠯ ᠣᠯᠭᠤᠬᠤ ᠠᠵᠢᠯ ᠤᠨ ᠤᠠᠶᠢᠷᠢ ᠶᠢ ᠡᠭᠦᠳᠬᠦ ᠪᠣᠯᠣᠨ᠎ᠠ᠃ | ᠴᠢᠶᠠᠨᠺᠠᠢ ᠭᠠᠷᠠᠮ ᠤᠨ ᠤᠠᠶᠢᠭᠤᠯᠤᠭᠳᠠᠬᠤ ᠨᠢ ᠫᠧᠷᠦ᠋ ᠶᠢᠨ ᠲᠠᠯᠠᠢ ᠳᠠᠭᠠᠤ ᠣᠷᠣᠨ ᠠᠴᠠ ᠳᠣᠲᠣᠭᠠᠳᠤ ᠬᠠᠭᠤᠷᠠᠢ | ᠬᠦᠷᠬᠦ᠂ ᠫᠧᠷᠦ᠋ ᠠᠴᠠ ᠯᠠᠲ᠋ᠢᠨ ᠠᠮᠧᠷᠢᠺᠠ ᠪᠠ ᠺᠠᠷᠢᠪᠧ ᠣᠷᠣᠨ ᠤ ᠪᠤᠰᠤᠳ ᠤᠯᠤᠰ ᠬᠦᠷᠬᠦ ᠪᠣᠰᠤᠭ᠎ᠠ ᠴᠣᠭᠴᠠᠲᠤ᠂ | ᠤᠯᠠᠨ ᠡᠰᠢᠵᠢᠭᠰᠡᠨ᠂ ᠥᠨᠳᠥᠷ ᠪᠦᠲᠦᠮᠵᠢᠲᠡᠢ ᠬᠤᠯᠪᠣᠯᠳᠤᠨ ᠨᠡᠪᠲᠡᠷᠡᠯᠴᠡᠬᠦ ᠤᠠᠶᠢᠷᠢᠰᠢᠯ ᠢ ᠤᠠᠶᠢᠭᠤᠯᠵᠤ᠂ ᠴᠢᠶᠠᠨᠺᠠᠢ | ᠭᠠᠷᠠᠮ ᠢᠶᠠᠷ ᠭᠠᠷᠤᠭ᠎ᠠ ᠪᠤᠯᠭᠠᠬᠰᠠᠨ ︽ᠰᠢᠨ᠎ᠡ ᠴᠠᠭ ᠦᠶ᠎ᠡ ᠶᠢᠨ ᠢᠨᠺᠠ ᠶᠢᠨ ᠡᠷᠲᠡᠨ ᠤ ᠵᠠᠮ︾ ᠢ ᠴᠣᠭᠴᠠᠯᠠᠵᠤ᠂ | ᠯᠠᠲ᠋ᠢᠨ ᠠᠮᠧᠷᠢᠺᠠ ᠪᠠ ᠺᠠᠷᠢᠪᠧ ᠣᠷᠣᠨ ᠤ ᠪᠦᠬᠦᠯᠢ ᠴᠣᠭᠴᠠ ᠶᠢᠨ ᠬᠥᠭᠵᠢᠯᠲᠡ ᠪᠠ ᠨᠢᠭᠡ ᠴᠣᠭᠴᠠᠵᠢᠭᠰᠠᠨ | ᠪᠦᠲᠦᠭᠡᠨ ᠪᠠᠶᠢᠭᠤᠯᠤᠯᠲᠠ ᠶᠢ ᠳᠠᠶᠢᠴᠢᠯᠠᠬᠤ ᠳᠤ ᠠᠰᠢᠭᠲᠠᠢ ᠶᠤᠮ᠃ ᠭᠠᠷᠠᠮ ᠤᠨ ᠲᠥᠷᠥᠯ ᠵᠦᠢᠯ ᠤᠨ | ᠬᠡᠯᠲᠡᠰ ᠤᠠᠰᠠ ᠠᠮᠢᠲᠠᠨ ᠢ ᠠᠪᠤᠷᠠᠨ ᠲᠤᠰᠠᠯᠠᠬᠤ ᠥᠷᠲᠡᠭᠡ ᠤᠠᠶᠢᠭᠤᠯᠵᠤ᠂ ᠶᠠᠪᠠᠭᠠᠨ ᠭᠠᠯᠠᠭᠤ᠂ ᠲᠡᠯᠡᠶ ᠶᠢᠨ ᠬᠠᠪ᠂ | ᠰᠢᠪᠠᠭᠤᠨ ᠤ ᠲᠥᠷᠥᠯ ᠢ ᠠᠪᠤᠷᠠᠨ ᠲᠤᠰᠠᠯᠠᠬᠤ ᠨᠡᠶᠢᠭᠡᠮ ᠤᠨ ᠬᠠᠷᠢᠭᠤᠴᠠᠯᠭ᠎ᠠ ᠶᠢ ᠰᠠᠨᠠᠭᠠᠴᠢᠯᠠᠭ᠎ᠠ ᠠᠴᠠ ᠪᠠᠨ | ᠡᠭᠦᠷᠭᠡᠯᠡᠵᠦ᠂ ᠨᠤᠭᠤ ᠭᠠᠵᠠᠷ᠂ ᠲᠡᠯᠡᠶ ᠶᠢᠨ ᠲᠠᠩ᠂ ᠠᠮᠢᠳᠤ ᠪᠣᠳᠠᠰ ᠤᠨ ᠣᠷᠣᠰᠢᠨ ᠠᠮᠢᠳᠤᠷᠠᠬᠤ ᠭᠠᠵᠠᠷ ᠤᠨ | ᠣᠷᠴᠢᠨ ᠲᠣᠭᠤᠷᠢᠨ ᠤ ᠤᠠᠶᠢᠳᠠᠯ ᠢ ᠰᠠᠶᠢᠵᠢᠷᠠᠭᠤᠯᠪᠠ᠃ ᠪᠢᠳᠠ ᠬᠠᠮᠲᠤ ᠪᠠᠷ ᠴᠢᠶᠠᠨᠺᠠᠢ ᠭᠠᠷᠠᠮ ᠢ ᠰᠠᠶᠢᠲᠤᠷ | ᠪᠦᠲᠦᠭᠡᠨ ᠤᠠᠶᠢᠭᠤᠯᠵᠤ᠂ ᠰᠠᠶᠢᠲᠤᠷ ᠡᠵᠡᠩᠨᠡᠵᠦ᠂ ︽ᠴᠢᠶᠠᠨᠺᠠᠢ ᠠᠴᠠ ᠱᠠᠩᠬᠠᠢ ᠳᠤ ᠬᠦᠷᠬᠦ︾ ᠶᠢ ᠦᠨᠡᠨ ᠬᠦ | ᠳᠤᠮᠳᠠᠳᠤ ᠫᠧᠷᠦ᠋ ᠪᠠ ᠳᠤᠮᠳᠠᠳᠤ ᠯᠠᠲ᠋ᠢᠨ ᠠᠮᠧᠷᠢᠺᠠ ᠶᠢᠨ ᠬᠠᠮᠲᠤ ᠶᠢᠨ ᠬᠥᠭᠵᠢᠯᠲᠡ ᠶᠢ ᠠᠬᠢᠭᠤᠯᠬᠤ ᠬᠥᠭᠵᠢᠯ | ᠴᠡᠴᠡᠭᠯᠡᠯ ᠤᠨ ᠵᠠᠮ ᠪᠣᠯᠭᠠᠶ᠎ᠠ᠃ ᠳᠤᠮᠳᠠᠳᠤ ᠶᠢᠨ ᠬᠢᠨ ᠤᠠᠰᠠ ᠳᠤᠷᠠᠲᠠᠶ᠎ᠠ ᠫᠧᠷᠦ᠋ ᠳᠤ ︽ᠪᠠᠭ᠎ᠠ ᠮᠥᠷᠲᠡᠭᠡᠨ | ᠰᠠᠶᠢᠬᠠᠨ︾ ᠠᠷᠠᠳ ᠤᠨ ᠠᠮᠢᠳᠤᠷᠠᠯ ᠤᠨ ᠬᠠᠮᠲᠤᠷᠠᠯᠴᠠᠭᠠᠨ ᠤ ᠲᠦᠷᠦᠯ ᠵᠦᠢᠯ ᠢ ᠦᠷᠭᠦᠯᠵᠢᠯᠡᠨ ᠬᠡᠷᠡᠭᠵᠢᠭᠦᠯᠵᠦ᠂ | ᠯᠦ ᠪᠠᠨ ᠦᠢᠯᠡᠳᠬᠡᠯ ᠤᠨ ᠭᠠᠵᠠᠷ᠂ ᠬᠢᠲᠠᠳ ᠭᠡᠯᠡ ᠵᠢᠭᠠᠬᠤ ᠦᠢᠯᠡᠳᠬᠡᠯ ᠤᠨ ᠭᠠᠵᠠᠷ ᠢ ᠪᠠᠶᠢᠭᠤᠯᠬᠤ ᠶᠢ | ᠠᠬᠢᠭᠤᠯᠵᠤ᠂ ᠬᠤᠶᠠᠷ ᠤᠯᠤᠰ ᠤᠨ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠬᠠᠮᠲᠤᠷᠠᠯᠴᠠᠭ᠎ᠠ ᠶᠢ | ᠴᠢᠩᠭᠠᠳᠬᠠᠵᠤ᠂ ᠳᠤᠮᠳᠠᠳᠤ ᠶᠢᠨ ᠪᠡᠯᠡᠳᠦ ᠠᠵᠤ ᠠᠬᠤᠶᠢᠯᠠᠯ ᠤᠨ ᠲᠤᠬᠠᠢ ᠶᠢᠨ ᠭᠠᠵᠠᠷ ᠲᠤ ᠨᠡᠩ ᠤᠯᠠᠨ | ᠠᠵᠢᠯ ᠤᠨ ᠤᠠᠶᠢᠷᠢ ᠡᠭᠦᠳᠴᠦ᠂ ᠨᠡᠶᠢᠭᠡᠮ ᠤᠨ ᠬᠠᠷᠢᠭᠤᠴᠠᠯᠭ᠎ᠠ ᠪᠠᠨ ᠰᠠᠶᠢᠲᠤᠷ ᠭᠦᠢᠴᠡᠳᠬᠡᠬᠦ ᠶᠢ ᠵᠣᠷᠢᠭᠵᠢᠭᠤᠯᠵᠤ᠂ | ︽ᠨᠤᠲᠤᠭ ᠤᠨ ᠠᠬ᠎ᠠ ᠳᠡᠭᠦᠦ ᠨᠠᠷ︾ ᠤᠨ ᠨᠥᠬᠦᠷᠯᠡᠯ ᠢ ᠨᠡᠩ ᠦᠨᠡᠨ ᠪᠣᠳᠠᠲᠠᠢ ᠰᠡᠳᠬᠢᠯ ᠳᠤ ᠰᠠᠭᠤᠭᠳᠠᠮ᠎ᠠ | ᠪᠣᠯᠭᠠᠨ᠎ᠠ᠃ | ᠪᠢᠳᠡ ᠪᠣᠯᠪᠠᠰᠤᠨ ᠢ ᠬᠠᠷᠢᠯᠴᠠᠨ ᠲᠣᠯᠢᠳᠠᠬᠤ ᠴᠠᠭ ᠦᠶ᠎ᠡ ᠶᠢᠨ ᠬᠠᠷᠢᠭᠤᠴᠠᠯᠭ᠎ᠠ ᠶᠢ ᠡᠭᠦᠷᠭᠡᠯᠡᠵᠦ᠂ ᠰᠣᠶᠣᠯ | ᠤᠷᠠᠯᠢᠭ᠂ ᠰᠤᠷᠭᠠᠨ ᠬᠥᠮᠦᠵᠢᠯ᠂ ᠰᠢᠨᠵᠢᠯᠡᠬᠦ ᠤᠬᠠᠭᠠᠨ ᠤ ᠰᠤᠳᠤᠯᠭᠠᠨ᠂ ᠵᠢᠭᠤᠯᠴᠢᠯᠠᠯ᠂ ᠵᠠᠯᠠᠭᠤᠴᠤᠳ᠂ | ᠰᠣᠶᠣᠯ ᠤᠨ ᠥᠪ ᠤᠨ ᠬᠠᠮᠠᠭᠠᠯᠠᠯᠲᠠ᠂ ᠬᠠᠭᠤᠴᠢ ᠰᠤᠳᠤᠯᠤᠯ ᠵᠡᠷᠭᠡ ᠬᠦᠷᠢᠶᠡᠨ ᠳᠠᠬᠢ ᠰᠣᠯᠢᠯᠴᠠᠭ᠎ᠠ | ᠬᠠᠮᠲᠤᠷᠠᠯᠴᠠᠭ᠎ᠠ ᠪᠠᠨ ᠴᠢᠩᠭᠠᠳᠬᠠᠵᠤ᠂ ᠨᠡᠩ ᠤᠯᠠᠨ ᠠᠷᠭ᠎ᠠ ᠬᠡᠮᠵᠢᠶ᠎ᠡ ᠠᠪᠴᠤ ᠤ ᠠᠶᠢᠭᠠᠳ ᠬᠤᠶᠠᠷ ᠤᠯᠤᠰ ᠤᠨ | ᠬᠥᠮᠥᠰ ᠤᠨ ᠶᠠᠪᠤᠯᠴᠠᠭ᠎ᠠ ᠳᠤ ᠲᠦᠭᠦᠮ ᠦᠵᠡᠭᠦᠯᠵᠦ᠂ ᠬᠤᠶᠠᠷ ᠲᠠᠯ᠎ᠠ ᠶᠢᠨ ᠬᠠᠷᠢᠯᠴᠠᠭᠠᠨ ᠤ ᠬᠥᠭᠵᠢᠯᠲᠡ ᠶᠢᠨ | ᠨᠡᠶᠢᠭᠡᠮ ᠤᠨ ᠠᠷᠠᠳ ᠤᠨ ᠰᠠᠨᠠᠭᠠᠨ ᠤ ᠰᠠᠭᠤᠷᠢ ᠶᠢ ᠤᠯᠠᠮ ᠨᠢᠭᠡ ᠠᠯᠬᠤᠮ ᠤ ᠡᠬᠢᠵᠢᠭᠦᠯᠦᠶᠡ᠃ ᠬᠤᠶᠠᠷ ᠤᠯᠤᠰ ᠤᠨ | ᠡᠷᠲᠡᠨ ᠤ ᠪᠣᠯᠪᠠᠰᠤᠨ ᠤᠯᠤᠰ ᠤᠨ ᠶᠠᠷᠢᠶᠠᠨ ᠤ ᠲᠠᠪᠴᠠᠩ ᠤᠨ ᠲᠣᠭᠲᠠᠴᠠ ᠳᠠᠬᠢ ᠬᠠᠮᠲᠤᠷᠠᠯᠴᠠᠭ᠎ᠠ ᠪᠠᠨ | ᠨᠢᠭᠲᠠᠷᠠᠭᠤᠯᠵᠤ᠂ ᠪᠦᠭᠦ ᠪᠥᠮᠪᠥᠷᠴᠡᠭ ᠤᠨ ᠪᠣᠯᠪᠠᠰᠤᠨ ᠤ ᠶᠠᠷᠢᠯᠴᠠᠭ᠎ᠠ ᠬᠠᠮᠲᠤᠷᠠᠯᠴᠠᠭ᠎ᠠ ᠶᠢᠨ ᠰᠦᠯᠵᠢᠶ᠎ᠡ ᠶᠢ | ᠪᠠᠶᠢᠭᠤᠯᠬᠤ ᠶᠢ ᠶᠠᠷᠢᠯᠴᠠᠵᠤ᠂ ᠡᠯ᠎ᠡ ᠤᠯᠤᠰ ᠤᠨ ᠪᠣᠯᠪᠠᠰᠤᠨ ᠤ ᠰᠣᠯᠢᠯᠴᠠᠭ᠎ᠠ ᠲᠣᠯᠢᠳᠠᠯ ᠢ ᠳᠡᠮᠵᠢᠵᠦ᠂ ᠳᠡᠯᠡᠬᠡᠢ ᠶᠢᠨ | ᠠᠳᠠᠯᠢ ᠪᠤᠰᠤ ᠪᠣᠯᠪᠠᠰᠤᠨ ᠢ ᠳᠤᠮᠳᠠᠳᠤ ᠤᠯᠤᠰ ᠤᠨ ᠵᠢᠦ ᠵᠠᠢ ᠭᠧᠦ ᠶᠢᠨ ᠦ᠋ ᠼᠠᠢ ᡂᠢ ᠨᠠᠭᠤᠷ ᠪᠣᠯᠣᠨ ᠫᠧᠷᠦ᠋ ᠶᠢᠨ | ᠮᠠᠷᠠᠰ ᠤᠨ ᠱᠠᠲᠤᠨ ᠲᠠᠷᠢᠶ᠎ᠠ ᠮᠡᠲᠦ ᠥᠩᠭᠡ ᠪᠤᠳᠤᠭ ᠨᠢ ᠢᠯᠭᠠᠷᠠᠵᠤ᠂ ᠭᠡᠯᠪᠡᠷᠢ ᠳᠦᠷᠰᠦ ᠨᠢ ᠠᠳᠠᠯᠢ ᠪᠤᠰᠤ | ᠪᠤᠯᠪᠠᠴᠤ ᠬᠠᠷᠢᠯᠴᠠᠨ ᠭᠡᠶᠢᠭᠦᠯᠦᠨ ᠭᠡᠷᠡᠯᠳᠦᠭᠦᠯᠵᠦ᠂ ᠬᠠᠷᠢᠯᠴᠠᠨ ᠬᠠᠪᠰᠤᠷᠤᠯᠴᠠᠨ ᠬᠠᠷᠢᠯᠴᠠᠨ ᠲᠤᠪᠤᠶᠢᠯᠭᠠᠬᠤ | ᠪᠤᠯᠭᠠᠵᠤ᠂ ᠬᠥᠮᠥᠨ ᠲᠥᠷᠥᠯᠬᠢᠲᠡᠨ ᠤ ᠪᠣᠯᠪᠠᠰᠤᠨ ᠤ ᠲᠠᠪᠰᠢᠯᠳᠠ ᠳᠤ ᠨᠡᠩ ᠶᠡᠭᠡ ᠬᠤᠪᠢ ᠨᠡᠮᠡᠷᠢ ᠦᠵᠡᠭᠦᠯᠦᠶ᠎ᠡ᠃ | 2008 ᠣᠨ᠂ 2016 ᠣᠨ ᠳᠤ ᠠᠽᠢᠶ᠎ᠠ ᠲᠢᠪ ᠨᠣᠮᠣᠬᠠᠨ ᠲᠠᠯᠠᠢ ᠶᠢᠨ ᠣᠷᠣᠨ ᠤ ᠠᠵᠤ ᠠᠬᠤᠢ ᠶᠢᠨ | ᠬᠠᠮᠲᠤᠷᠠᠯᠴᠠᠭᠠᠨ ᠤ ᠵᠣᠬᠢᠶᠠᠨ ᠪᠠᠶᠢᠭᠤᠯᠤᠯᠲᠠ ᠶᠢᠨ ᠤᠳᠤᠷᠢᠳᠬᠤ ᠬᠥᠮᠥᠰ ᠤᠨ ᠠᠯᠪᠠᠨ ᠶᠣᠰᠣᠨ ᠤ ᠪᠤᠰᠤ ᠬᠤᠷᠠᠯ ᠢ | ᠬᠤᠶᠠᠷ ᠤᠳᠠᠭ᠎ᠠ ᠠᠮᠵᠢᠯᠲᠠ ᠲᠠᠢ ᠡᠷᠭᠢᠯᠡᠭᠰᠡᠨ ᠤ ᠲᠠᠷᠠᠭ᠎ᠠ᠂ ᠫᠧᠷᠦ᠋ ᠭᠤᠷᠪᠠᠳᠠᠭᠢ ᠤᠳᠠᠭ᠎ᠠ ᠡᠨᠡ ᠬᠦ ᠴᠢᠬᠤᠯᠠ | ᠬᠤᠷᠠᠯ ᠢ ᠡᠷᠭᠢᠯᠡᠨ ᠬᠤᠷᠠᠯᠳᠤᠭᠤᠯᠬᠤ ᠪᠣᠯᠣᠨ᠎ᠠ᠃ 3 ᠤᠳᠠᠭ᠎ᠠ ᠶᠢᠨ ᠬᠤᠷᠠᠯ ᠤᠨ ᠭᠤᠣᠯ ᠰᠡᠳᠦᠪ ᠨᠢ ︽ᠠᠽᠢᠶ᠎ᠠ | ᠲᠢᠪ ᠨᠣᠮᠣᠬᠠᠨ ᠲᠠᠯᠠᠢ ᠶᠢᠨ ᠣᠷᠣᠨ ᠤ ᠬᠥᠭᠵᠢᠯᠲᠡ ᠶᠢᠨ ᠰᠢᠨ᠎ᠡ ᠠᠮᠠᠯᠠᠯᠲᠠ︾ ᠠᠴᠠ ︽ᠴᠢᠨᠠᠷ ᠰᠠᠶᠢᠲᠠᠢ ᠨᠡᠮᠡᠭᠳᠡᠯ | ᠪᠣᠯᠣᠨ ᠬᠥᠮᠥᠨ ᠲᠥᠷᠥᠯᠬᠢᠲᠡᠨ ᠤ ᠬᠥᠭᠵᠢᠯᠲᠡ︾ ᠭᠦᠷᠲᠡᠯ᠎ᠡ᠂ ᠲᠠᠭᠢᠭᠠᠳ ᠡᠨᠡ ᠵᠢᠯ ᠤᠨ ︽ᠡᠨᠧᠷᠭᠢ ᠣᠯᠭᠤᠯᠲᠠ᠂ | ᠤᠠᠭᠲᠠᠭᠠᠮᠵᠢᠲᠠᠢ᠂ ᠨᠡᠮᠡᠭᠳᠡᠯ︾ ᠭᠦᠷᠲᠡᠯ᠎ᠡ᠂ ᠫᠧᠷᠦ᠋ ᠶᠢᠨ ᠲᠠᠯ᠎ᠠ ᠶᠢᠨ ᠨᠡᠭᠡᠭᠡᠯᠲᠡᠲᠤ ᠭᠡᠯᠪᠡᠷᠢ ᠶᠢᠨ ᠠᠽᠢᠶ᠎ᠠ ᠲᠢᠪ | ᠨᠣᠮᠣᠬᠠᠨ ᠲᠠᠯᠠᠢ ᠶᠢᠨ ᠣᠷᠣᠨ ᠤ ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ᠂ ᠳᠡᠯᠡᠬᠡᠢ ᠶᠢᠨ | ᠠᠵᠤ ᠠᠬᠤᠢ ᠶᠢᠨ ᠨᠡᠮᠡᠭᠳᠡᠯ ᠢ ᠠᠬᠢᠭᠤᠯᠬᠤ ᠡᠷᠡᠰ ᠤᠠᠲᠤ ᠢᠲᠡᠭᠡᠯ ᠵᠣᠷᠢᠭ ᠢ ᠭᠦᠢᠴᠡᠳ ᠢᠯᠡᠷᠡᠭᠦᠯᠵᠦ᠂ | ᠨᠡᠭᠡᠭᠡᠯᠲᠡᠲᠡᠢ ᠤᠠᠭᠲᠠᠭᠠᠮᠵᠢᠲᠠᠢ᠂ ᠬᠠᠮᠲᠤᠷᠠᠯᠴᠠᠵᠤ ᠬᠠᠮᠲᠤ ᠪᠠᠷ ᠠᠰᠢᠭ ᠭᠦᠷᠳᠡᠭᠦ ︽ᠯᠢᠮᠠ ᠶᠢᠨ ᠳᠠᠭᠤᠨ︾ ᠢ | ᠬᠦᠴᠦᠲᠡᠢ ᠬᠠᠩᠭᠢᠨᠠᠭᠤᠯᠤᠭᠰᠠᠨ ᠪᠠᠶᠢᠨ᠎ᠠ᠃ ᠫᠧᠷᠦ᠋ ᠶᠢᠨ ᠬᠢᠨ ᠤ ᠬᠤᠷᠠᠯ ᠡᠷᠭᠢᠯᠡᠭᠦ ᠶᠢ ᠳᠤᠮᠳᠠᠳᠤ ᠤᠯᠤᠰ ᠡᠷᠡᠰ | ᠲᠡᠮᠵᠢᠵᠤ᠂ ᠳᠤᠷᠠᠲᠠᠶ᠎ᠠ ᠫᠧᠷᠦ᠋ ᠶᠢᠨ ᠬᠢᠨ ᠲᠠᠢ ᠨᠢᠭᠲᠠ ᠬᠠᠮᠵᠢᠯᠴᠠᠵᠤ᠂ ᠬᠤᠷᠠᠯ ᠤᠨ ᠢᠳᠡᠪᠬᠢᠲᠡᠢ ᠦᠷ᠎ᠡ ᠪᠦᠲᠦᠭᠡᠯ | ᠣᠯᠬᠤ ᠶᠢ ᠠᠬᠢᠭᠤᠯᠵᠤ᠂ ᠠᠽᠢᠶ᠎ᠠ ᠲᠢᠪ ᠨᠣᠮᠣᠬᠠᠨ ᠲᠠᠯᠠᠢ ᠶᠢᠨ ᠣᠷᠣᠨ ᠤ ᠬᠠᠮᠲᠤᠷᠠᠯᠴᠠᠭ᠎ᠠ ᠳᠤ ᠰᠢᠨ᠎ᠡ | ︽ᠯᠢᠮᠠ ᠶᠢᠨ ᠢᠮ ᠲᠡᠮᠳᠡᠭ︾ ᠢ ᠦᠯᠡᠳᠡᠭᠡᠵᠦ᠂ ᠠᠽᠢᠶ᠎ᠠ ᠲᠢᠪ ᠨᠣᠮᠣᠬᠠᠨ ᠲᠠᠯᠠᠢ ᠶᠢᠨ ᠣᠷᠣᠨ ᠤ ᠬᠤᠪᠢ | ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ ᠠᠬᠢᠭᠤᠯᠬᠤ ᠳᠤ ᠰᠢᠨ᠎ᠡ ᠬᠤᠪᠢ ᠨᠡᠮᠡᠷᠢ ᠦᠵᠡᠭᠦᠯᠦᠨ᠎ᠡ᠃ | ᠣᠳᠣᠬᠠᠨ ᠳᠤ᠂ ᠳᠡᠯᠡᠬᠡᠢ ᠶᠢᠨ ᠵᠠᠭᠤᠨ ᠵᠢᠯ ᠳᠤ ᠲᠣᠬᠢᠶᠠᠯᠳᠤᠭ᠎ᠠ ᠦᠭᠡᠢ ᠬᠤᠪᠢᠰᠤᠯᠲᠠ ᠲᠦᠷᠭᠡᠨ ᠬᠤᠪᠢᠷᠠᠵᠤ᠂ | ᠬᠥᠮᠥᠨ ᠲᠥᠷᠥᠯᠬᠢᠲᠡᠨ ᠤ ᠨᠡᠶᠢᠭᠡᠮ ᠳᠠᠭᠢᠨ ᠨᠢᠭᠡ ᠤᠳᠠᠭ᠎ᠠ ᠲᠡᠦᠬᠡ ᠶᠢᠨ ᠲᠣᠨᠣᠯᠵᠢᠨ ᠵᠠᠮ ᠳᠡᠭᠡᠷ᠎ᠡ ᠵᠣᠭᠰᠣᠵᠠᠢ᠃ | ᠫᠧᠷᠦ᠋ ᠶᠢᠨ ᠨᠠᠰᠺᠡ ᠶᠢᠨ ᠪᠣᠯᠪᠠᠰᠤᠨ ᠤ ᠯᠤᠲᠤ ᠶᠡᠭᠡ ᠭᠠᠵᠠᠷ ᠤᠨ ᠭᠠᠳᠠᠷᠭᠤ ᠶᠢᠨ ᠵᠢᠷᠤᠭ ᠨᠢ ᠲᠡᠭᠦᠨ ᠤ | ᠳᠣᠲᠣᠷ᠎ᠠ ᠨᠢ ᠪᠠᠶᠢᠭ᠎ᠠ ᠬᠥᠮᠥᠰ ᠢ ᠲᠥᠭᠡᠷᠢᠭᠳᠡᠭᠦᠯᠵᠦ᠂ ᠭᠠᠭᠴᠠ ᠬᠦ ᠥᠨᠳᠥᠷ ᠲᠤ ᠵᠣᠭᠰᠣᠪᠠᠯ ᠰᠠᠶ᠋ᠢ ᠪᠦᠭᠦ | ᠲᠥᠷᠬᠦ ᠶᠢ ᠨᠢ ᠠᠵᠢᠭᠯᠠᠵᠤ ᠴᠢᠳᠠᠳᠠᠭ᠃ ᠳᠤᠮᠳᠠᠳᠤ ᠶᠢᠨ ᠰᠢᠯᠦᠭ ᠲᠤ ︽ᠥᠪᠡᠷ ᠤᠨ ᠤᠡᠶᠡ ᠥᠨᠳᠥᠷ ᠲᠡᠭᠷᠢ ᠳᠤᠷ | ᠪᠠᠶᠢᠬᠤ ᠲᠤᠯᠠ᠂ ᠥᠩᠭᠡᠷᠡᠬᠦ ᠡᠭᠦᠯᠡᠨ ᠤ ᠪᠠᠷ᠎ᠠ ᠬᠠᠯᠬᠠᠯᠠᠬᠤ ᠠᠴᠠ ᠠᠶᠤᠬᠤ ᠦᠭᠡᠢ︾ ᠭᠡᠵᠦ ᠰᠢᠯᠦᠭᠯᠡᠭᠰᠡᠨ | ᠤᠠᠶᠢᠳᠠᠭ᠃ ᠳᠤᠮᠳᠠᠳᠤ ᠤᠯᠤᠰ ᠳᠤᠷᠠᠲᠠᠶ᠎ᠠ ᠫᠧᠷᠦ᠋ ᠲᠠᠢ ᠬᠠᠮᠲᠤ ᠪᠠᠷ ᠥᠨᠳᠥᠷ ᠲᠤ ᠵᠣᠭᠰᠣᠨ | ᠠᠯᠤᠰ ᠢ ᠤᠠᠷᠠᠯᠠᠬᠤ ᠶᠢ ᠤᠠᠷᠢᠮᠲᠠᠯᠠᠵᠤ᠂ ᠲᠡᠦᠬᠡ ᠶᠢᠨ ᠤᠷᠳᠤ ᠦᠶᠡᠯᠡᠯ ᠠᠴᠠ ᠳᠡᠯᠡᠬᠡᠢ ᠶᠢᠨ ᠶᠡᠭᠡ ᠬᠠᠨᠳᠤᠰᠢ ᠶᠢ | ᠡᠵᠡᠮᠳᠡᠵᠦ᠂ ᠵᠢᠩᠬᠢᠨᠢ ᠤᠯᠠᠨ ᠲᠠᠯᠠᠲᠤ ᠦᠵᠡᠯ ᠢ ᠦᠢᠯᠡᠳᠦᠯᠭᠡᠵᠢᠭᠦᠯᠵᠦ᠂ ᠡᠷᠬᠡ ᠲᠡᠭᠰᠢ ᠡᠮᠬᠢ ᠳᠢᠭᠯᠢᠮ ᠲᠠᠢ | ᠳᠡᠯᠡᠬᠡᠢ ᠶᠢᠨ ᠤᠯᠠᠨ ᠲᠦᠢᠯᠵᠢᠯᠲᠡ᠂ ᠲᠦᠭᠡᠮᠡᠯ ᠬᠠᠷᠠᠭᠠᠯᠵᠠᠯᠲᠤ ᠤᠠᠭᠲᠠᠭᠠᠮᠵᠢᠲᠠᠢ ᠠᠵᠤ ᠠᠬᠤᠢ ᠶᠢᠨ | ᠳᠡᠯᠡᠬᠡᠶᠢᠵᠢᠯᠲᠡ ᠶᠢ ᠠᠬᠢᠭᠤᠯᠵᠤ᠂ ᠪᠦᠭᠦ ᠪᠥᠮᠪᠥᠷᠴᠡᠭ ᠤᠨ ᠬᠥᠭᠵᠢᠯᠲᠡ ᠶᠢᠨ ᠰᠠᠨᠠᠭᠠᠴᠢᠯᠠᠭ᠎ᠠ᠂ ᠪᠦᠭᠦ | ᠪᠥᠮᠪᠥᠷᠴᠡᠭ ᠤᠨ ᠠᠮᠤᠷ ᠲᠦᠪᠰᠢᠨ ᠤ ᠰᠠᠨᠠᠭᠠᠴᠢᠯᠠᠭ᠎ᠠ᠂ ᠪᠦᠭᠦ ᠪᠥᠮᠪᠥᠷᠴᠡᠭ ᠤᠨ ᠪᠣᠯᠪᠠᠰᠤᠨ ᠤ ᠰᠠᠨᠠᠭᠠᠴᠢᠯᠠᠭ᠎ᠠ ᠶᠢ | ᠬᠠᠮᠲᠤ ᠪᠠᠷ ᠰᠠᠶᠢᠲᠤᠷ ᠨᠠᠶᠢᠳᠠᠪᠤᠷᠢᠵᠢᠭᠤᠯᠵᠤ᠂ ᠭᠠᠷ ᠬᠤᠯᠪᠣᠯᠴᠠᠨ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ | ᠬᠠᠮᠲᠤ ᠶᠢᠨ ᠴᠣᠭᠴᠠ ᠶᠢ ᠪᠠᠶᠢᠭᠤᠯᠤᠨ᠎ᠠ᠃ | ᠯᠠᠲ᠋ᠢᠨ ᠠᠮᠧᠷᠢᠺᠠ ᠲᠢᠪ ᠤᠨ ᠨᠠᠶᠢᠵᠠ ᠨᠠᠷ ᠦᠷᠭᠦᠯᠵᠢ᠄ ︽ᠰᠥᠰᠥ ᠵᠣᠷᠢᠭ ᠦᠭᠡᠢ ᠬᠥᠮᠥᠨ ᠬᠡᠵᠢᠶ᠎ᠡ ᠴᠦ | ᠠᠭᠤᠯᠠ ᠠᠪᠠᠷᠢᠵᠤ ᠲᠠᠩᠬᠢᠰ ᠭᠠᠲᠤᠯᠵᠤ ᠲᠡᠶᠢᠯᠭᠦ ᠦᠭᠡᠢ︾ ᠭᠡᠯᠴᠡᠳᠡᠭ᠃ ᠲᠡᠦᠬᠡ ᠶᠢᠨ ᠰᠢᠨ᠎ᠡ ᠭᠠᠷᠤᠭ᠎ᠠ ᠳᠡᠭᠡᠷ᠎ᠡ | ᠵᠣᠭᠰᠣᠵᠤ᠂ ᠳᠤᠮᠳᠠᠳᠤ ᠤᠯᠤᠰ ᠳᠤᠷᠠᠲᠠᠶ᠎ᠠ ᠫᠧᠷᠦ᠋ ᠶᠢᠨ ᠨᠠᠶᠢᠵᠠ ᠨᠠᠷ ᠲᠠᠢ ᠬᠠᠮᠲᠤ ᠪᠠᠷ ᠰᠡᠳᠬᠢᠯ ᠨᠢᠭᠡᠳᠦᠨ ᠢᠵᠢᠯᠢ | ᠴᠢᠭᠯᠡᠯ ᠢᠶᠠᠷ ᠤᠷᠤᠭᠰᠢᠯᠠᠵᠤ᠂ ᠠᠭᠤᠯᠠ ᠲᠠᠨᠬᠭᠢᠰ ᠢ ᠳᠠᠪᠠᠵᠤ᠂ ᠳᠤᠮᠳᠠᠳᠤ ᠫᠧᠷᠦ᠋ ᠶᠢᠨ ᠨᠥᠬᠦᠷᠯᠡᠯ ᠤᠨ | ᠣᠩᠭᠤᠴᠠ ᠶᠢ ᠵᠢᠯᠣᠭᠤᠳᠤᠨ ᠨᠡᠩ ᠰᠠᠶᠢᠨ ᠰᠠᠶᠢᠬᠠᠨ ᠢᠷᠡᠭᠡᠳᠦᠢ ᠲᠡᠶᠢᠰᠢ ᠤᠷᠤᠭᠰᠢᠯᠠᠨ᠎ᠠ︕ |