ᠲᠤᠤᠷᠠᠶ ᠪᠣᠯ ᠤᠯᠢᠶᠠᠰᠤᠨ ᠢᠵᠠᠭᠤᠷ ᠲᠠᠢ᠂ ᠨᠠᠪᠴᠢ ᠨᠢ ᠤᠨᠠᠳᠠᠭ ᠲᠤᠷᠤᠭ ᠮᠣᠳᠣᠨ ᠤ ᠲᠥᠷᠥᠯ ᠳᠤ ᠪᠠᠭᠲᠠᠬᠤ | ᠪᠥᠭᠡᠳ ᠳᠡᠯᠡᠬᠡᠶ ᠳᠡᠭᠡᠷᠡᠬᠢ ᠬᠠᠮᠤᠭ ᠡᠷᠲᠡᠨ ᠤ ᠤᠷᠭᠤᠮᠠᠯ ᠤᠨ ᠲᠥᠷᠥᠯ ᠵᠦᠢᠯ ᠤᠨ ᠨᠢᠭᠡ ᠪᠣᠯᠬᠤ ᠶᠤᠮ᠃ ᠮᠠᠨ ᠤ | ᠤᠯᠤᠰ ᠤᠨ ᠰᠢᠨᠵᠢᠶᠠᠩ ᠤᠨ ᠬᠦᠴᠧ ᠶᠢᠨ ᠮᠢᠩᠭᠠᠨ ᠪᠤᠷᠬᠠᠨ ᠤ ᠠᠭᠤᠶ᠂ ᠭᠠᠨᠰᠦ ᠮᠤᠵᠢ ᠶᠢᠨ | ᠳ᠋ᠦᠨᠬᠤᠸᠠᠩ ᠤᠨ ᠳᠢᠶᠧ ᠵᠢᠶᠠᠩ ᠭᠸᠦ᠂ ᠱᠠᠨ ᠰᠢ ᠮᠤᠵᠢ ᠶᠢᠨ ᠫᠢᠩ ᠯᠦᠩ ᠵᠡᠷᠭᠡ ᠭᠠᠵᠠᠷ ᠠᠴᠠ ᠲᠤᠤᠷᠠᠶ ᠶᠢᠨ | ᠴᠢᠯᠠᠭᠤᠵᠢᠮᠠᠯ ᠢ ᠢᠯᠡᠷᠡᠭᠦᠯᠦᠭᠰᠡᠨ ᠠᠴᠠ ᠲᠤᠤᠷᠠᠶ ᠪᠣᠯ ᠭᠤᠷᠪᠠᠳᠤᠭᠠᠷ ᠭᠠᠯᠪᠠ ᠶᠢᠨ ᠰᠡᠭᠦᠯᠴᠢ ᠶᠢᠨ ᠦᠶ᠎ᠡ ᠠᠴᠠ | ᠦᠯᠡᠳᠡᠭᠳᠡᠵᠦ ᠢᠷᠡᠭᠰᠡᠨ ᠤᠷᠭᠤᠮᠠᠯ ᠪᠣᠯᠬᠤ ᠪᠥᠭᠡᠳ ᠣᠳᠣ ᠠᠴᠠ ᠪᠠᠷᠤᠭ 6500 ᠲᠦᠮᠡᠨ ᠵᠢᠯ ᠤᠨ ᠲᠡᠦᠬᠡ ᠲᠠᠢ | ᠪᠣᠯᠬᠤ ᠶᠢ ᠰᠢᠨᠵᠢᠯᠡᠬᠦ ᠤᠬᠠᠭᠠᠨᠳᠠᠳ ᠨᠤᠲᠠᠯᠠᠭᠰᠠᠨ ᠪᠠᠶᠢᠨ᠎ᠠ᠃ ᠲᠤᠤᠷᠠᠶ ᠪᠣᠯ ᠣᠳᠣ ᠶᠢᠨ ᠳᠡᠯᠡᠬᠡᠶ ᠳᠡᠭᠡᠷᠡᠬᠢ | ᠲᠦᠯ ᠤᠨ ᠬᠤᠪᠣᠷ ᠨᠠᠨᠳᠢᠨ ᠤᠷᠭᠤᠮᠠᠯ ᠪᠣᠯᠬᠤ ᠤᠴᠢᠷ ᠠᠴᠠ ᠬᠥᠮᠦᠰ ᠲᠤᠤᠷᠠᠶ ᠮᠣᠳᠣ ᠶᠢ ︽ᠠᠮᠢᠳᠤ | ᠴᠢᠯᠠᠭᠤᠵᠢᠮᠠᠯ︾ ᠬᠡᠮᠡᠨ ᠨᠡᠷᠡᠯᠡᠳᠡᠭ ᠪᠢᠯᠡ᠃ ᠡᠷᠲᠡ ᠤᠷᠢᠳᠤ ᠶᠢᠨ ᠴᠠᠭ ᠲᠤ ᠲᠤᠤᠷᠠᠶ ᠣᠢ ᠨᠢ ᠮᠠᠨ ᠤ ᠤᠯᠤᠰ ᠤᠨ | ᠪᠠᠷᠠᠭᠤᠨ ᠬᠤᠶᠢᠲᠤ ᠣᠷᠣᠨ ᠤ ᠳᠤᠯᠠᠭᠠᠨ ᠪᠦᠰᠡ ᠶᠢᠨ ᠣᠷᠣᠨ ᠢᠶᠠᠷ ᠨᠡᠢᠳᠡᠮ ᠳᠠᠷᠬᠠᠨ ᠣᠷᠭᠤᠵᠤ ᠪᠠᠢᠵᠠᠢ᠃ | ᠰᠡᠭᠦᠯᠴᠢ ᠦᠶ᠎ᠡ ᠶᠢᠨ ᠳᠡᠯᠡᠬᠡᠶ ᠶᠢᠨ ᠴᠢᠨᠠᠷᠲᠠᠶ ᠴᠠᠭ ᠠᠭᠤᠷ ᠤᠨ ᠶᠡᠭᠡ ᠬᠤᠪᠢᠷᠠᠯᠲᠠ ᠠᠴᠠ ᠪᠣᠯᠵᠤ ᠭᠤᠤᠯ ᠮᠥᠷᠡᠨ᠂ | ᠨᠠᠭᠤᠷ ᠲᠠᠩᠭᠢᠰ ᠤᠨ ᠤᠰᠤ ᠶᠠᠪᠤᠬᠤ ᠲᠤᠲᠤᠮ ᠪᠠᠭᠠᠰᠴᠤ᠂ ᠬᠤᠷ᠎ᠠ ᠲᠤᠨᠳᠠᠰᠤ ᠬᠤᠪᠣᠷᠳᠠᠨ᠂ ᠭᠠᠵᠠᠷ ᠤᠨ | ᠬᠥᠷᠥᠰᠥᠨ ᠤ ᠤᠰᠤ ᠴᠢᠭᠢᠭ ᠬᠠᠲᠠᠵᠤ᠂ ᠰᠠᠯᠬᠢ ᠰᠢᠭᠤᠷᠭᠠᠨ ᠶᠡᠬᠡᠰᠴᠦ᠂ ᠭᠠᠩ ᠬᠠᠭᠰᠠᠷᠠᠭᠠᠨ ᠠᠷᠪᠢᠳᠤᠭᠰᠠᠨ ᠠᠴᠠ | ᠪᠣᠯᠵᠤ ᠲᠤᠤᠷᠠᠶ ᠣᠢ ᠤᠳᠠᠭᠠᠨ ᠣᠨ ᠵᠢᠯ ᠤᠨ ᠪᠠᠢᠭᠠᠯᠢ ᠶᠢᠨ ᠭᠠᠩ ᠵᠤᠳ ᠲᠠᠢ ᠲᠡᠮᠡᠴᠡᠯᠳᠦᠨ ᠠᠮᠢᠳᠤᠷᠠᠭᠰᠠᠭᠠᠷ | ᠪᠠᠶᠢᠭ᠎ᠠ ᠪᠣᠯᠪᠠᠴᠤ ᠮᠥᠩᠬᠡ ᠪᠤᠰᠤ ᠪᠠᠶᠢᠳᠠᠭ ᠬᠤᠷᠸ᠎ᠠ ᠶᠢᠨ ᠬᠠᠲᠠᠭᠤ ᠵᠢᠮ᠎ᠡ ᠬᠠᠤᠯᠢ ᠶᠢᠨ ᠡᠷᠬᠡ ᠪᠠᠷ ᠬᠠᠲᠠᠵᠤ | ᠥᠬᠢᠷᠡᠨ ᠦᠬᠦᠵᠦ ᠰᠥᠨᠥᠭᠰᠡᠭᠡᠷ ᠡᠳᠦᠭᠡ ᠪᠣᠯᠬᠤ ᠳᠤ ᠲᠤᠤᠷᠠᠶ ᠤᠢ ᠳᠡᠯᠡᠬᠡᠶ ᠶᠢᠨ ᠬᠡᠪᠴᠢᠶᠡᠨ᠎ᠡ ᠲᠣᠭᠠᠲᠠᠶ | ᠬᠡᠳᠦᠬᠡᠨ ᠭᠠᠵᠠᠷ ᠣᠷᠣᠨ ᠳᠤ ᠯᠠ ᠤᠷᠭᠤᠳᠠᠭ ᠪᠣᠯᠵᠠᠶ᠃ | ᠡᠵᠡᠨ᠎ᠡ ᠶᠢᠨ ᠲᠤᠤᠷᠠᠶ ᠪᠣᠯ ᠣᠳᠣᠬᠠᠨ ᠤ ᠳᠡᠯᠡᠬᠡᠶ ᠶᠢᠨ ᠭᠤᠷᠪᠠᠨ ᠶᠡᠭᠡ ᠲᠤᠤᠷᠠᠶ ᠣᠢ ᠶᠢᠨ ᠨᠢᠭᠡ ᠨᠢ ᠪᠣᠯᠬᠤ | ᠶᠤᠮ᠃ ᠲᠤᠤᠷᠠᠶ ᠣᠢ ᠶᠢᠨ ᠳᠠᠷᠬᠠᠴᠠ ᠶᠢᠨ ᠲᠤᠬᠠᠶ ᠪᠦᠷᠢᠳᠬᠡᠯ ᠢ ᠦᠨᠳᠦᠰᠦᠯᠡᠪᠡᠯ ᠭᠠᠵᠠᠷ ᠤᠨ ᠳᠤᠮᠳᠠᠳᠤ ᠲᠠᠩᠭᠢᠰ | ᠣᠷᠴᠢᠮ ᠤᠨ ᠲᠤᠤᠷᠠᠶ ᠣᠢ ᠶᠢ ᠭᠠᠷᠭᠠᠪᠠᠯ ᠳᠡᠯᠡᠬᠡᠶ ᠳᠡᠭᠡᠷᠡᠬᠢ ᠵᠣᠩᠬᠢᠯᠠᠬᠤ ᠣᠯᠠᠨ ᠲᠣᠭᠠᠨ ᠤ ᠲᠤᠤᠷᠠᠶ ᠣᠢ ᠨᠢ | ᠳᠤᠮᠳᠠᠳᠤ ᠤᠯᠤᠰ ᠲᠤ ᠯᠠ ᠣᠷᠭᠤᠵᠤ ᠪᠠᠶᠢᠳᠠᠭ᠃ ᠳᠤᠮᠳᠠᠳᠤ ᠤᠯᠤᠰ ᠤᠨ ᠲᠤᠤᠷᠠᠶ ᠣᠢ ᠶᠢᠨ 90% ᠠᠴᠠ | ᠳᠡᠭᠡᠭᠰᠢᠬᠢ ᠨᠢ ᠰᠢᠨᠵᠢᠶᠠᠩ ᠤᠨ ᠲᠠᠷᠢᠮ ᠤᠨ ᠬᠤᠲᠣᠭᠤᠷ᠂ ᠵᠦᠩᠭᠠᠷ ᠤᠨ ᠬᠤᠲᠣᠭᠤᠷ ᠵᠡᠷᠭᠡ ᠭᠠᠵᠠᠷ ᠤᠳ ᠢᠶᠠᠷ | ᠤᠷᠭᠤᠳᠠᠭ᠃ ᠰᠢᠨᠵᠢᠶᠠᠩ ᠠᠴᠠ ᠭᠠᠳᠠᠨ᠎ᠠ ᠬᠥᠬᠡᠨᠠᠭᠤᠷ᠂ ᠭᠠᠨᠰᠦ᠂ ᠨᠢᠩᠰᠢᠶᠠ᠂ ᠥᠪᠥᠷ ᠮᠣᠩᠭᠤᠯ ᠤᠨ ᠡᠵᠡᠨ᠎ᠡ | ᠬᠤᠰᠢᠭᠤᠨ ᠳᠤ ᠲᠤᠤᠷᠠᠶ ᠤᠢ ᠲᠠᠷᠬᠠᠨ ᠤᠷᠭᠤᠵᠤ᠂ ᠡᠵᠡᠨ᠎ᠡ ᠶᠢᠨ ᠲᠤᠤᠷᠠᠶ ᠣᠢ ᠨᠢ ᠳᠤᠮᠳᠠᠳᠤ ᠤᠯᠤᠰ ᠤᠨ | ᠬᠤᠶᠠᠳᠤᠭᠠᠷ ᠪᠠᠢᠷᠢᠨ ᠳᠤ᠂ ᠳᠡᠯᠡᠬᠡᠶ ᠶᠢᠨ ᠭᠤᠷᠪᠠᠳᠤᠭᠠᠷ ᠪᠠᠶᠢᠷᠢᠨ ᠳᠤ ᠣᠷᠣᠳᠠᠭ ᠪᠢᠯᠡ᠃ ᠡᠵᠡᠨ᠎ᠡ ᠶᠢᠨ ᠲᠣᠣᠷᠠᠢ | ᠣᠢ ᠪᠣᠯ ᠥᠪᠥᠷ ᠮᠣᠩᠭᠤᠯ ᠤᠨ ᠬᠢᠯᠢ ᠳᠣᠲᠣᠷᠠᠬᠢ ᠬᠠᠮᠤᠭ ᠤᠨ ᠶᠡᠭᠡ ᠲᠣᠣᠷᠠᠢ ᠣᠢ ᠪᠣᠯᠬᠤ ᠪᠥᠭᠡᠳ ᠮᠠᠨ ᠤ | ᠤᠯᠤᠰ ᠤᠨ ᠲᠣᠣᠷᠠᠢ ᠣᠢ ᠶᠢᠨ ᠡᠬᠢ ᠰᠤᠷᠪᠤᠯᠵᠢ ᠶᠢᠨ ᠬᠢᠨᠢ ᠴᠢᠬᠤᠯᠠ ᠲᠠᠷᠬᠠᠴᠠ ᠶᠢᠨ ᠣᠷᠣᠨ ᠪᠣᠯᠬᠤ ᠶᠤᠮ᠃ | ᠮᠥᠨ ᠴᠦ ᠡᠵᠡᠨ᠎ᠡ ᠬᠤᠰᠢᠭᠤᠨ ᠤ ᠤᠯᠠᠨ ᠲᠥᠷᠦᠯ ᠤᠨ ᠤᠷᠭᠤᠮᠠᠯ ᠤᠨ ᠭᠤᠤᠯ ᠴᠣᠭᠴᠠ᠂ ᠠᠮᠢ ᠠᠬᠤᠢ ᠶᠢᠨ | ᠣᠷᠴᠢᠨ ᠲᠣᠭᠤᠷᠢᠨ ᠤ ᠬᠢᠨᠢ ᠪᠡᠯᠭᠡ ᠲᠡᠮᠳᠡᠭ᠂ ᠡᠵᠡᠨ᠎ᠡ ᠶᠢᠨ ᠮᠣᠩᠭᠤᠯᠴᠤᠳ ᠤᠨ ᠲᠤᠤᠷᠠᠶ ᠶᠢᠨ ᠰᠣᠶᠣᠯ ᠢ | ᠡᠭᠦᠳᠦᠨ ᠪᠦᠲᠦᠭᠡᠭᠰᠡᠨ ᠰᠠᠭᠤᠷᠢ ᠪᠣᠯᠬᠤ ᠶᠤᠮ᠃ | ᠴᠢᠯᠢᠶᠠᠨᠱᠠᠨ ᠮᠥᠩᠬᠡ ᠴᠠᠰᠤᠲᠤ ᠠᠭᠤᠯᠠ ᠠᠴᠠ ᠡᠬᠢ ᠠᠪᠤᠭᠰᠠᠨ ᠬᠠᠷ᠎ᠠ ᠭᠤᠤᠯ ᠤᠨ ᠤᠰᠤ ᠨᠢ ᠡᠵᠡᠨ᠎ᠡ ᠶᠢᠨ | ᠡᠬᠢ ᠪᠠᠷ ᠤᠷᠤᠰᠤᠨ ᠤᠷᠣᠵᠤ ᠢᠷᠡᠭᠡᠳ ᠪᠠᠶᠠᠨᠪᠤᠭᠳᠠ ᠠᠭᠤᠯᠠ ᠶᠢᠨ ᠰᠤᠭᠤ ᠪᠠᠷ ᠥᠩᠭᠡᠷᠡᠨ ᠭᠠᠷᠬᠤ ᠳᠠᠭᠠᠨ | ᠴᠢᠳᠥᠷ ᠤᠨ ᠬᠡᠯᠪᠡᠷᠢ ᠲᠠᠢ ᠬᠤᠶᠠᠷ ᠰᠠᠯᠠᠭ᠎ᠠ ᠤᠷᠤᠰᠬᠠᠯ ᠪᠣᠯᠤᠨ ᠬᠤᠪᠢᠶᠠᠭᠳᠠᠵᠤ ᠬᠤᠶᠢᠰᠢ ᠪᠠᠨ ᠤᠷᠤᠰᠤᠨ | ᠶᠠᠪᠤᠭᠰᠠᠭᠠᠷ ᠭᠠᠰᠢᠭᠤᠨ ᠨᠠᠭᠤᠷ ᠪᠠ ᠰᠤᠪᠨᠠᠭᠤᠷ ᠲᠤ ᠴᠢᠳᠬᠤᠨ ᠣᠷᠣᠬᠤ ᠳᠠᠭᠠᠨ ᠬᠤᠷᠢ ᠭᠠᠷᠤᠶ ᠵᠢᠵᠢᠭ ᠭᠤᠤᠯ | ᠪᠣᠯᠵᠤ ᠰᠠᠯᠠᠭᠠᠷᠠᠳᠠᠭ ᠶᠤᠮ᠃ ᠬᠡᠴᠢᠨᠡᠭᠡᠨ ᠠᠷᠪᠠᠨ ᠭᠤᠤᠯ ᠰᠠᠯᠠᠭᠠᠷᠠᠭᠰᠠᠨ ᠴᠤ ᠬᠤᠶᠠᠷ ᠨᠠᠭᠤᠷ ᠲᠤ ᠴᠢᠳᠬᠤᠨ | ᠣᠷᠣᠲᠠᠭ ᠤᠴᠢᠷ ᠡᠨᠡ ᠨᠤᠲᠤᠭ ᠤᠨ ᠬᠥᠮᠦᠰ ᠤᠤᠯ ᠠᠴᠠ ᠪᠠᠨ ᠡᠮᠦᠨ᠎ᠡ ᠭᠤᠤᠯ᠂ ᠬᠤᠶᠢᠳᠦ ᠭᠤᠤᠯ ᠭᠡᠵᠦ | ᠨᠡᠷᠡᠯᠡᠭᠡᠳ ᠤᠳᠠᠵᠠᠶ᠃ ᠲᠡᠦᠬᠡᠨ ᠠᠴᠠ ᠠᠪᠤᠭᠤᠨ ᠡᠵᠡᠨ᠎ᠡ ᠶᠢᠨ ᠬᠤᠶᠠᠷ ᠭᠤᠤᠯ ᠤᠨ ᠤᠰᠤ ᠨᠢ ᠲᠤᠤᠷᠠᠶ ᠪᠠᠷ ᠭᠤᠤᠯ | ᠪᠣᠯᠭᠠᠭᠰᠠᠨ ᠪᠣᠢ ᠪᠦᠬᠦᠢ ᠤᠷᠭᠤᠮᠠᠯ ᠤᠨ ᠲᠥᠷᠦᠯ ᠵᠦᠢᠯ ᠤᠳ ᠢ ᠤᠮᠳᠠᠯᠠᠳᠠᠭ ᠪᠠᠢᠵᠠᠢ᠃ ᠥᠩᠭᠡᠷᠡᠭᠰᠡᠨ ᠳᠤ | ᠡᠵᠡᠨ᠎ᠡ ᠨᠤᠲᠤᠭ ᠤᠨ ᠤᠢ ᠮᠣᠳᠣᠨ ᠤ ᠪᠦᠷᠬᠦᠴᠡ ᠶᠢᠨ ᠪᠠᠶᠢᠳᠡᠯ ᠠᠴᠠ ᠦᠵᠡᠪᠡᠯ ᠡᠮᠦᠨ᠎ᠡ ᠭᠤᠤᠯ ᠳᠠᠭᠠᠤ ᠲᠤᠤᠷᠠᠶ | ᠮᠣᠳᠣ ᠭᠤᠤᠯᠯᠠᠵᠤ᠂ ᠬᠤᠶᠢᠲᠤ ᠭᠤᠤᠯ ᠳᠠᠭᠠᠤ ᠵᠢᠭᠳᠡ ᠮᠣᠳᠣ ᠭᠤᠤᠯᠯᠠᠨ ᠤᠷᠭᠤᠳᠠᠭ ᠪᠠᠶᠢᠭᠰᠠᠨ ᠤᠴᠢᠷ ᠠᠴᠠ | ᠪᠤᠭᠤᠷᠤᠯᠴᠤᠳ᠄ ︽ᠡᠮᠦᠨ᠎ᠡ ᠭᠤᠤᠯ ᠤᠨ ᠲᠤᠤᠷᠠᠶ᠂ ᠬᠤᠶᠢᠳᠦ ᠭᠤᠤᠯ ᠤᠨ ᠵᠢᠭᠳᠡ︾ ᠭᠡᠵᠦ ᠶᠠᠷᠢᠳᠠᠭ ᠪᠠᠶᠢᠭᠰᠠᠨ᠃ | ᠦᠨᠡᠨ ᠳᠡᠭᠡᠨ ᠲᠤᠤᠷᠠᠶ ᠶᠢᠨ ᠤᠷᠭᠤᠴᠠ ᠨᠢ ᠬᠤᠶᠠᠷ ᠭᠤᠤᠯ᠂ ᠬᠤᠶᠠᠷ ᠭᠤᠪᠢ ᠳᠠᠭᠠᠤ ᠣᠷᠣᠨ ᠢᠶᠠᠷ ᠲᠠᠷᠬᠠᠨ | ᠤᠷᠭᠤᠵᠤ ᠪᠠᠶᠢᠳᠠᠭ᠃ ᠲᠤᠤᠷᠠᠶ ᠣᠢ ᠶᠢᠨ ᠭᠤᠤᠯ ᠪᠦᠷᠬᠦᠴᠡ ᠨᠢ ᠡᠮᠦᠨ᠎ᠡ ᠭᠤᠤᠯ ᠳᠠᠭᠠᠤ ᠣᠷᠣᠨ ᠢᠶᠠᠷ ᠤᠷᠭᠤᠵᠤ | ᠳᠠᠷᠠᠭᠠᠯᠠᠪᠠᠯ ᠬᠤᠶᠢᠲᠤ ᠭᠤᠤᠯ ᠳᠠᠭᠠᠤ ᠣᠷᠣᠨ ᠪᠠ ᠬᠤᠶᠢᠳᠦ ᠭᠤᠤᠯ ᠤᠨ ᠪᠠᠷᠠᠭᠤᠨ ᠭᠤᠪᠢ᠂ ᠬᠤᠶᠠᠷ ᠭᠤᠤᠯ ᠤᠨ | ᠵᠠᠪᠰᠠᠷ ᠤᠨ ᠭᠤᠪᠢ ᠪᠠᠷ ᠪᠠᠰᠠ ᠨᠡᠯᠢᠶᠡᠳ ᠬᠡᠮᠵᠢᠶᠡᠨ ᠤ ᠲᠤᠤᠷᠠᠶ ᠳᠠᠷᠬᠠᠨ ᠤᠷᠭᠤᠵᠤ ᠪᠠᠢᠳᠠᠭ᠃ ᠡᠭᠦᠨ ᠠᠴᠠ | ᠭᠠᠳᠠᠨ᠎ᠠ ᠡᠵᠡᠨ᠎ᠡ ᠶᠢᠨ ᠭᠤᠶᠢᠽᠠ ᠭᠤᠷᠣᠨᠠᠶ ᠶᠢᠨ ᠭᠤᠤᠯ᠂ ᠦᠳᠦᠷᠯᠢᠭ ᠤᠨ ᠬᠤᠩᠬᠤᠷ᠂ ᠪᠣᠷᠣ ᠴᠣᠨᠵᠢ ᠶᠢᠨ | ᠬᠤᠩᠬᠤᠷ᠂ ᠵᠢᠩᠰᠡᠲᠤ ᠨᠠᠭᠤᠷ᠂ ᠡᠷᠢᠶᠡᠨ ᠨᠠᠭᠤᠷ ᠤᠨ ᠬᠥᠪᠡᠭᠡ᠂ ᠮᠠᠽᠦ᠋ᠩᠱᠡᠨ ᠠᠭᠤᠯᠠ᠂ ᠪᠠᠭ᠎ᠠ ᠬᠤᠩᠭᠤᠷᠵᠢ ᠶᠢᠨ | ᠠᠭᠤᠯᠠ᠂ ᠭᠠᠰᠢᠭᠤᠨ ᠨᠠᠭᠤᠷ᠂ ᠰᠤᠪᠨᠠᠭᠤᠷ ᠤᠨ ᠬᠤᠭᠤᠷᠣᠨᠳᠣᠭᠤᠷ ᠪᠠᠰᠠ ᠴᠥᠭᠡᠨ ᠲᠣᠭᠠᠨ ᠤ ᠲᠤᠤᠷᠠᠶ ᠤᠷᠭᠤᠵᠤ | ᠪᠠᠶᠢᠳᠠᠭ᠃ | — ᠴᠠ᠊· ᠰᠠᠶᠢᠵᠢᠷᠠᠬᠤ ᠶᠢᠨ ︽ᠡᠵᠡᠨ᠎ᠡ ᠲᠤᠤᠷᠠᠢ ᠶᠢᠨ ᠰᠤᠶᠤᠯ︾ ᠬᠡᠭᠦ ᠨᠣᠮ ᠠᠴᠠ |