ᠪᠣᠷᠣᠭᠠᠨ ᠤ ᠤᠰᠤ ᠨᠡᠯᠢᠶᠡᠳ ᠠᠷᠪᠢᠨ ᠦᠶ᠎ᠡ ᠳᠤ ᠲᠠᠬᠢᠶ᠎ᠠ ᠲᠡᠵᠢᠭᠡᠨ ᠦᠷᠡᠵᠢᠭᠦᠯᠬᠦ ᠡᠷᠦᠬᠡ ᠳᠤ ᠵᠣᠬᠢᠬᠤ | ᠨᠥᠯᠥᠭᠡ ᠦᠵᠡᠭᠦᠯᠳᠡᠭ᠂ ᠭᠡᠪᠡᠴᠦ ᠴᠠᠭ ᠠᠭᠤᠷ ᠢ ᠬᠢᠵᠠᠭᠠᠷᠯᠠᠵᠤ ᠳᠡᠶᠢᠯᠬᠦ ᠦᠭᠡᠢ᠂ ᠲᠡᠭᠡᠪᠡᠯ ᠪᠣᠷᠣᠭᠠᠨ ᠲᠠᠢ | ᠡᠳᠦᠷ᠂ ᠲᠠᠬᠢᠶ᠎ᠠ ᠲᠡᠵᠢᠭᠡᠨ ᠦᠷᠡᠵᠢᠭᠦᠯᠬᠦ ᠡᠷᠦᠬᠡ ᠬᠡᠷᠬᠢᠨ ᠰᠢᠢᠳᠪᠦᠷᠢᠯᠡᠪᠡᠯ ᠵᠣᠬᠢᠬᠤ ᠪᠣᠶ︖ ᠪᠣᠷᠣᠭᠠᠨ ᠲᠠᠢ | ᠡᠳᠦᠷ ᠲᠠᠬᠢᠶ᠎ᠠ ᠲᠡᠵᠢᠭᠡᠬᠦ ᠲᠠᠯᠠᠪᠠᠶ ᠳᠤ ᠦᠷᠭᠦᠯᠵᠢ ᠲᠣᠬᠢᠶᠠᠯᠳᠤᠳᠠᠭ ᠠᠰᠠᠭᠤᠳᠠᠯ᠄ 1. ᠪᠣᠷᠣᠭᠠᠨ ᠣᠷᠣᠪᠠᠯ | ᠲᠠᠬᠢᠶᠠᠨ ᠰᠦᠷᠦᠭ ᠲᠤ ᠲᠦᠢᠯ ᠤᠨ ᠠᠮᠠᠷᠬᠠᠨ ᠲᠠᠭᠰᠢᠭᠤᠷ ᠬᠠᠯᠳᠠᠨ᠎ᠠ᠃ 2. ᠬᠤᠷ᠎ᠠ ᠪᠣᠷᠣᠭᠠᠨ ᠬᠡᠲᠦᠷᠬᠡᠢ | ᠠᠷᠪᠢᠳᠪᠠᠯ᠂ ᠲᠠᠬᠢᠶᠠᠨ ᠰᠦᠷᠦᠭ ᠠᠮᠠᠷᠬᠠᠨ ᠪᠥᠮᠪᠥᠭᠡᠨ ᠬᠤᠷᠣᠬᠠᠢ ᠶᠢᠨ ᠡᠪᠡᠳᠴᠢᠨ ᠡᠭᠦᠰᠦᠨ᠎ᠡ᠃ 3. ᠬᠤᠷ᠎ᠠ | ᠪᠣᠷᠣᠭᠠᠨ ᠬᠡᠲᠦᠷᠬᠡᠢ ᠠᠷᠪᠢᠳᠪᠠᠯ᠂ ᠲᠠᠬᠢᠶ᠎ᠠ ᠴᠠᠴᠠᠵᠦ ᠦᠬᠦᠬᠦ ᠠᠶᠤᠯᠳᠠᠢ᠃ 4. ᠪᠣᠷᠣᠭᠠᠨ ᠲᠠᠢ ᠡᠳᠦᠷ ᠨᠡᠯᠢᠶᠡᠳ | ᠬᠦᠢᠲᠡᠨ ᠪᠤᠯᠬᠤᠷ ᠲᠠᠬᠢᠶᠠᠨ ᠰᠦᠷᠦᠭ ᠳᠠᠭᠠᠷᠠᠨ᠎ᠠ᠃ 5. ᠲᠡᠵᠢᠭᠡᠯ ᠪᠣᠷᠳᠤᠭ᠎ᠠ ᠲᠡᠵᠢᠭᠡᠬᠦ ᠳᠤ ᠳᠥᠭᠦᠮ ᠦᠭᠡᠢ᠃ | 6. ᠠᠶᠤᠩᠭ᠎ᠠ ᠲᠠᠢ ᠡᠳᠦᠷ ᠲᠣᠬᠢᠶᠠᠯᠳᠤᠪᠠᠯ ᠲᠠᠬᠢᠶᠠᠨ ᠤ ᠰᠦᠷᠦᠭ ᠤᠨ ᠰᠡᠷᠡᠯᠵᠢᠯ ᠢ ᠠᠮᠠᠷᠬᠠᠨ ᠡᠭᠦᠰᠬᠡᠳᠡᠭ᠃ | ᠪᠣᠷᠣᠭᠠᠨ ᠲᠠᠢ ᠡᠳᠦᠷ ᠲᠠᠬᠢᠶ᠎ᠠ ᠲᠡᠵᠢᠭᠡᠬᠦ ᠲᠠᠯᠠᠪᠠᠶ ᠶᠢᠨ ᠠᠷᠭᠠᠴᠠᠬᠤ ᠠᠷᠭ᠎ᠠ ᠬᠡᠮᠵᠢᠶ᠎ᠡ᠄ 1. ᠪᠣᠷᠣᠭᠠᠨ ᠳᠤ | ᠨᠣᠷᠣᠭᠳᠠᠵᠤ ᠲᠠᠭᠰᠢᠭᠤᠷ ᠲᠤ ᠨᠡᠷᠪᠡᠭᠳᠡᠬᠦ ᠠᠴᠠ ᠰᠡᠷᠭᠡᠶᠢᠯᠡᠬᠦ ᠬᠡᠷᠡᠭᠲᠡᠢ᠃ 2. ᠲᠠᠬᠢᠶᠠᠨ ᠤ ᠰᠦᠷᠦᠭ ᠤᠨ ᠤᠰᠤ ᠪᠠ | ᠲᠡᠵᠢᠭᠡᠯ ᠪᠣᠷᠳᠤᠭ᠎ᠠ ᠶᠢ ᠭᠦᠢᠴᠡᠳ ᠬᠠᠩᠭᠠᠬᠤ ᠶᠢ ᠪᠠᠲᠤᠯᠠᠵᠤ᠂ ᠴᠠᠭ ᠲᠤᠬᠠᠢ ᠳᠤ ᠨᠢ ᠲᠠᠬᠢᠶᠠᠨ ᠤ ᠰᠦᠷᠦᠭ ᠤᠨ | ᠲᠡᠵᠢᠭᠡᠯ ᠪᠣᠷᠳᠤᠭ᠎ᠠ ᠪᠠ ᠤᠰᠤ ᠤᠮᠳᠠ ᠶᠢ ᠨᠡᠮᠡᠭᠳᠡᠭᠦᠯᠬᠦ ᠨᠢ ᠲᠠᠬᠢᠶᠠᠨ ᠤ ᠰᠦᠷᠦᠭ ᠤᠨ ᠭᠠᠵᠠᠷ ᠳᠡᠭᠡᠷᠡᠬᠢ ᠤᠰᠤᠨ | ᠰᠤᠪᠠᠭ ᠲᠠᠬᠢ ᠤᠰᠤ ᠶᠢ ᠠᠯᠢ ᠴᠢᠳᠠᠬᠤ ᠪᠠᠷ ᠤᠤᠭᠤᠬᠤ ᠠᠴᠠ ᠵᠠᠶᠢᠯᠠᠰᠬᠢᠯᠭᠡᠬᠦ ᠶᠢᠨ ᠲᠥᠯᠥᠭᠡ ᠶᠤᠮ᠂ ᠭᠤᠣᠯᠳᠠᠭᠤ | ᠲᠠᠬᠢᠶᠠᠨ ᠤ ᠰᠦᠷᠦᠭ ᠤᠨ ᠴᠡᠪᠡᠷ ᠤᠰᠤ ᠪᠠ ᠢᠳᠡᠰᠢ ᠶᠢ ᠪᠠᠲᠤᠯᠠᠬᠤ ᠶᠢᠨ ᠲᠥᠯᠥᠭᠡ ᠶᠤᠮ᠃ 3. ᠬᠢᠵᠢᠭ ᠢ | ᠰᠡᠷᠭᠡᠶᠢᠯᠡᠬᠦ ᠠᠵᠢᠯ ᠢ ᠤᠷᠢᠳᠴᠢᠯᠠᠨ ᠬᠢᠵᠦ᠂ ᠪᠣᠷᠣᠭᠠᠨ ᠲᠠᠢ ᠡᠳᠦᠷ ᠢ ᠤᠷᠢᠳᠴᠢᠯᠠᠨ ᠮᠡᠳᠡᠵᠦ᠂ ᠲᠠᠬᠢᠶᠠᠨ ᠤ | ᠰᠦᠷᠦᠭ ᠲᠤ ᠸᠢᠷᠦ᠋ᠰ ᠢ ᠰᠡᠷᠭᠡᠶᠢᠯᠡᠬᠦ ᠡᠮ ᠢ ᠤᠷᠢᠳᠴᠢᠯᠠᠨ ᠤᠤᠭᠤᠯᠭᠠᠨ᠎ᠠ᠃ 4. ᠪᠣᠷᠣᠭᠠᠨ ᠣᠷᠣᠭᠰᠠᠨ ᠤ | ᠳᠠᠷᠠᠭ᠎ᠠ᠂ ᠪᠠᠭ᠎ᠠ ᠰᠠᠭ᠎ᠠ ᠭᠡᠳᠡᠰᠦᠨ ᠤ ᠡᠮ ᠪᠠ ᠪᠤᠯᠴᠢᠷᠬᠠᠢ ᠬᠤᠳᠣᠭᠤᠳᠤᠨ ᠤ ᠦᠷᠪᠢᠰᠦᠯ ᠢ ᠰᠡᠷᠭᠡᠶᠢᠯᠡᠬᠦ ᠡᠮ ᠢ | ᠬᠡᠷᠡᠭᠯᠡᠨ᠎ᠡ᠂ ᠤᠴᠢᠷ ᠨᠢ ᠴᠠᠭ ᠠᠭᠤᠷ ᠴᠢᠭᠢᠭᠯᠢᠭ ᠪᠣᠯ ᠲᠡᠵᠢᠭᠡᠯ ᠪᠣᠷᠳᠤᠭ᠎ᠠ ᠠᠮᠠᠷᠬᠠᠨ ᠸᠠᠯᠠᠵᠤ᠂ ᠪᠤᠯᠴᠢᠷᠬᠠᠢ | ᠬᠤᠳᠣᠭᠤᠳᠤᠨ ᠤ ᠦᠷᠪᠢᠰᠦᠯ ᠪᠠ ᠨᠠᠷᠢᠨ ᠭᠡᠳᠡᠰᠦᠨ ᠤ ᠪᠥᠮᠪᠥᠭᠡᠨ ᠬᠤᠷᠣᠬᠠᠢ ᠳᠤ ᠠᠮᠠᠷᠬᠠᠨ ᠨᠡᠷᠪᠡᠭᠳᠡᠨ᠎ᠡ᠃ 5. | ᠳᠤᠯᠠᠭᠠᠨ ᠢ ᠬᠠᠮᠠᠭᠠᠯᠠᠬᠤ ᠶᠢ ᠠᠩᠬᠠᠷᠴᠤ᠂ ᠲᠠᠬᠢᠶᠠᠨ ᠰᠦᠷᠦᠭ ᠤᠨ ᠣᠪᠣᠭᠠᠷᠠᠵᠤ ᠳᠠᠷᠤᠭᠳᠠᠵᠤ ᠦᠬᠦᠬᠦ ᠠᠴᠠ | ᠰᠡᠷᠭᠡᠶᠢᠯᠡᠨ᠎ᠡ᠃ 6. ᠸᠢᠲ᠋ᠠᠮᠢᠨ C ᠢ ᠤᠷᠢᠳᠴᠢᠯᠠᠨ ᠤᠤᠭᠤᠯᠭᠠᠵᠤ᠂ ᠠᠶᠤᠩᠭ᠎ᠠ ᠳᠤᠤᠭᠠᠷᠬᠤ ᠦᠶ᠎ᠡ ᠶᠢᠨ | ᠰᠡᠷᠡᠯᠵᠢᠯ ᠠᠴᠠ ᠵᠠᠶᠢᠯᠠᠰᠬᠢᠵᠦ᠂ ᠰᠥᠨᠢ ᠴᠠᠬᠢᠯᠭᠠᠨ ᠵᠣᠭᠰᠣᠪᠠᠯ ᠴᠠᠭ ᠲᠤᠬᠠᠢ ᠳᠤ ᠨᠢ ᠭᠡᠷᠡᠯᠲᠦᠭᠦᠯᠦᠨ᠎ᠡ᠃ 7. | ᠪᠣᠷᠣᠭᠠᠨ ᠲᠣᠩ ᠶᠡᠭᠡ ᠪᠣᠯ ᠲᠠᠬᠢᠶᠠᠨ ᠰᠦᠷᠦᠭ ᠭᠠᠷᠭᠠᠬᠤ ᠦᠭᠡᠢ᠂ ᠭᠡᠪᠡᠴᠦ ᠰᠠᠯᠬᠢ ᠵᠢᠪᠠᠷ ᠨᠡᠪᠲᠡᠷᠡᠭᠦᠯᠬᠦ ᠶᠢ | ᠪᠠᠲᠤᠯᠠᠬᠤ ᠬᠡᠷᠡᠭᠲᠡᠢ᠃ | |