ᠴᠠᠭᠠᠨ ᠰᠠᠷ᠎ᠠ ᠶᠢᠨ ᠦᠯᠵᠡᠶᠢᠳᠤ ᠡᠳᠤᠷ ᠤᠨ ᠵᠠᠬ᠎ᠠ ᠳᠡᠯᠭᠡᠭᠦᠷ ᠪᠠᠷᠠᠭ᠎ᠠ ᠲᠠᠸᠠᠷ ᠤᠨ ᠲᠥᠷᠥᠯ ᠵᠦᠢᠯ ᠤᠨ ᠬᠠᠩᠭᠠᠯᠲᠠ ᠪᠦᠷᠢᠨ ᠭᠦᠢᠴᠡᠳ
ᠨᠡᠶᠢᠲᠡᠯᠡᠭᠰᠡᠨ ᠴᠠᠭ᠄
2024/2/26
      ᠴᠠᠭᠠᠨ ᠰᠠᠷ᠎ᠠ ᠶᠢᠨ ᠦᠯᠵᠡᠶᠢᠳᠤ ᠡᠳᠤᠷ ᠤᠨ ᠪᠠᠶᠠᠷ ᠢᠶᠠᠷ᠂ ᠮᠠᠨ ᠤ ᠬᠤᠰᠢᠭᠤᠨ ᠤ ᠡᠯ᠎ᠡ ᠲᠣᠮᠣ ᠬᠤᠳᠠᠯᠳᠤᠭᠠᠨ ᠲᠡᠯᠭᠡᠭᠦᠷ ᠤᠨ ᠬᠢᠨ ᠪᠠᠷᠠᠭ᠎ᠠ ᠲᠠᠸᠠᠷ ᠢᠶᠠᠨ ᠪᠦᠷᠢᠨ ᠪᠡᠯᠡᠳᠬᠡᠵᠦ᠂ ᠪᠠᠷᠠᠭᠠᠨ ᠤ ᠲᠠᠯᠪᠢᠭᠤᠷ ᠲᠡᠭᠡᠷ᠎ᠡ ᠲᠦᠭᠦᠷᠡᠩ ᠦᠷᠦᠭᠳᠡᠵᠦ ᠪᠠᠶᠢᠭ᠎ᠠ ᠦᠯᠵᠡᠶᠢᠳᠤ ᠡᠳᠤᠷ ᠤᠨ ᠪᠤᠭᠤᠷᠰᠤᠭ ᠨᠢ ᠣᠳᠣᠬᠠᠨ ᠤ ᠪᠣᠷᠤᠯᠠᠭᠤᠯᠭ᠎ᠠ ᠰᠠᠶᠢᠲᠠᠢ ᠵᠦᠢᠯ ᠨᠢ ᠪᠣᠯᠵᠤ᠂ ᠰᠢᠨ᠎ᠡ ᠵᠢᠯ ᠤᠨ ᠠᠭᠤᠷ ᠠᠮᠢᠰᠬᠤᠯ ᠢ ᠥᠳᠬᠡᠷᠡᠭᠦᠯᠦᠨ᠎ᠡ᠃      ᠴᠠᠭᠠᠨ ᠰᠠᠷ᠎ᠠ ᠶᠢᠨ ᠦᠯᠵᠡᠶᠢᠳᠤ ᠡᠳᠤᠷ ᠢᠶᠠᠷ ᠦᠯᠵᠡᠶᠢᠳᠤ ᠡᠳᠤᠷ ᠤᠨ ᠪᠤᠭᠤᠷᠰᠤᠭ ᠨᠢ ᠬᠡᠷᠡᠭᠯᠡᠭᠴᠢᠳ ᠤᠨ ᠬᠠᠮᠤᠭ ᠠᠴᠠ ᠠᠷᠪᠢᠨ ᠬᠤᠳᠠᠯᠳᠤᠨ ᠠᠪᠤᠳᠠᠭ ᠵᠦᠢᠯ ᠨᠢ ᠪᠤᠯᠳᠠᠭ᠃ ᠮᠠᠨ ᠤ ᠬᠤᠰᠢᠭᠤᠨ ᠤ ᠡᠯ᠎ᠡ ᠲᠣᠮᠣ ᠬᠡᠲᠦ ᠳᠡᠯᠭᠡᠭᠦᠷ ᠲᠤ᠂ ᠡᠯ᠎ᠡ ᠵᠦᠢᠯ ᠤᠨ ᠨᠠᠷᠠᠲᠤ ᠲᠡᠮᠳᠡᠭ ᠤᠨ ᠥᠯᠵᠡᠶᠢᠲᠦ ᠡᠳᠤᠷ ᠤᠨ ᠪᠤᠭᠤᠷᠰᠤᠭ ᠢ ᠪᠠᠷᠠᠭᠠᠨ ᠤ ᠲᠠᠯᠪᠢᠭᠤᠷ ᠲᠡᠭᠡᠷ᠎ᠡ ᠳᠦᠭᠦᠷᠲᠡᠯ᠎ᠡ ᠲᠠᠯᠪᠢᠵᠤ᠂ ᠡᠳᠡᠭᠡᠷ ᠡᠯ᠎ᠡ ᠵᠦᠢᠯ ᠤᠨ ᠠᠮᠲᠠ ᠰᠢᠮᠲᠡ ᠲᠠᠢ ᠥᠯᠵᠡᠶᠢᠲᠦ ᠡᠳᠤᠷ ᠎ ᠤᠨ ᠪᠣᠭᠤᠷᠰᠤᠭ ᠨᠢ ᠰᠠᠭᠤᠭᠠᠯᠢ ᠠᠷᠠᠳ ᠤᠨ ᠠᠩᠬᠠᠷᠤᠯ ᠢ ᠲᠠᠲᠠᠨ᠎ᠠ᠃      ᠰᠠᠭᠤᠭᠠᠯᠢ ᠠᠷᠠᠳ  ᠮᠠ ᠢᠦᠢ ᠵᠢᠶᠧ᠄ ︽ᠵᠢᠯ ᠪᠤᠯᠭᠠᠨ ᠤ ᠴᠠᠭᠠᠨ ᠰᠠᠷ᠎ᠠ ᠶᠢᠨ ᠦᠯᠵᠡᠶᠢᠳᠤ ᠡᠳᠤᠷ ᠢᠶᠠᠷ ᠪᠢᠳᠠ ᠪᠦᠷ ᠦᠯᠵᠡᠶᠢᠳᠤ ᠡᠳᠤᠷ ᠤᠨ ᠪᠤᠭᠤᠷᠰᠤᠭ ᠢ ᠬᠤᠳᠠᠯᠳᠤᠨ ᠠᠪᠴᠤ ᠢᠳᠡᠳᠡᠭ᠂ ᠡᠨᠡ ᠨᠢ ᠪᠢᠳᠠᠨ ᠤ ᠰᠠᠶᠢᠨ ᠰᠠᠶᠢᠬᠠᠨ ᠤ ᠢᠷᠦᠭᠡᠯ ᠵᠦᠩᠨᠡᠯ ᠢ ᠪᠡᠯᠭᠡᠳᠡᠳᠡᠭ᠂ ᠤᠳᠤ ᠵᠠᠬ᠎ᠠ ᠲᠡᠯᠭᠡᠭᠦᠷ ᠲᠡᠭᠡᠷ᠎ᠡ ᠶᠠᠮᠠᠷ ᠴᠦ ᠶᠠᠭᠤᠮ᠎ᠠ ᠶᠢ ᠪᠦᠷ ᠬᠤᠳᠠᠯᠳᠤᠨ ᠠᠪᠬᠤ ᠳᠤ ᠰᠤᠩᠭᠤᠯᠳᠠ ᠪᠠᠷ ᠤᠯᠠᠨ᠂ ᠪᠢᠳᠠᠨ ᠤ ᠢᠳᠡᠭᠡᠨ ᠤ ᠰᠢᠷᠡᠭᠡ ᠶᠢ ᠤᠯᠠᠮ ᠪᠠᠶᠠᠯᠢᠭ       ᠪᠤᠯᠭᠠᠨ᠎ᠠ︾  ᠭᠡᠪᠡ᠃      ᠡᠨᠡ ᠵᠢᠯ ᠤᠯᠠᠮᠵᠢᠯᠠᠯᠲᠤ ᠬᠠᠷ᠎ᠠ ᠮᠠᠭᠠᠵᠢ ᠶᠢᠨ ᠥᠯᠵᠡᠶᠢᠲᠦ ᠪᠤᠭᠤᠷᠰᠤᠭ᠂ ᠯᠣᠬᠠᠱᠧᠩ ᠤᠨ ᠥᠯᠵᠡᠶᠢᠲᠦ ᠪᠤᠭᠤᠷᠰᠤᠭ ᠠᠴᠠ ᠭᠠᠳᠠᠨ᠎ᠠ ᠪᠠᠰᠠ ᠤᠯᠠᠨ ᠰᠢᠨ᠎ᠡ ᠵᠦᠢᠯ ᠤᠨ ᠠᠮᠳᠠ ᠲᠠᠢ ᠥᠯᠵᠡᠶᠢᠲᠦ ᠪᠤᠭᠤᠷᠰᠤᠭ ᠨᠢ ᠬᠡᠷᠡᠭᠯᠡᠭᠴᠢᠳ ᠤᠨ ᠲᠠᠭᠠᠰᠢᠶᠠᠯ ᠢ ᠣᠯᠣᠭᠰᠠᠨ ᠪᠠᠶᠢᠨ᠎ᠠ᠃      ᠪᠥᠸᠧ ᠯᠢ ᠸᠠᠨ ᠵᠢᠶᠠ ᠠᠮᠢᠳᠤᠷᠠᠯ ᠤᠨ ᠬᠡᠲᠦ ᠳᠡᠯᠭᠡᠭᠦᠷ ᠤᠨ ᠮᠡᠳᠡᠭᠡ ᠵᠠᠩᠭᠢᠴᠢ ᠵᠦ ᠳ᠋ᠠᠨ᠄ ︽ᠰᠢᠨ᠎ᠡ ᠶᠢᠨ ᠠᠷᠪᠠᠨ ᠠᠴᠠ ᠡᠬᠢᠯᠡᠨ ᠥᠯᠵᠡᠶᠢᠲᠦ ᠡᠳᠤᠷ ᠤᠨ ᠪᠣᠭᠤᠷᠰᠤᠭ ᠤᠨ ᠪᠣᠷᠤᠯᠠᠭᠤᠯᠭ᠎ᠠ ᠨᠢ ᠠᠭᠠᠵᠢᠮ ᠢᠶᠠᠷ ᠨᠡᠮᠡᠭᠳᠡᠭᠰᠡᠨ᠂ ᠬᠠᠮᠤᠭ ᠰᠠᠶᠢᠨ ᠬᠤᠳᠠᠯᠳᠤᠵᠤ ᠪᠠᠶᠢᠭ᠎ᠠ ᠨᠢ ᠤᠯᠠᠮᠵᠢᠯᠠᠯᠲᠤ ᠬᠠᠷ᠎ᠠ ᠮᠠᠭᠠᠵᠢ ᠶᠢᠨ ᠥᠯᠵᠡᠶᠢᠲᠦ ᠡᠳᠤᠷ ᠤᠨ ᠪᠣᠭᠤᠷᠰᠤᠭ᠂ ᠯᠣᠬᠠᠱᠧᠩ ᠤᠨ ᠥᠯᠵᠡᠶᠢᠲᠦ ᠡᠳᠤᠷ ᠤᠨ ᠪᠣᠭᠤᠷᠰᠤᠭ᠂ ᠡᠳᠦᠷ ᠪᠦᠷᠢ ᠪᠠᠷᠤᠭ 200 ᠪᠣᠭᠤᠯᠲᠠ ᠣᠷᠴᠢᠮ ᠬᠤᠳᠠᠯᠳᠤᠵᠤ ᠪᠠᠶᠢᠨ᠎ᠠ᠃ ᠡᠨᠡ ᠵᠢᠯ ᠤᠨ ᠥᠯᠵᠡᠶᠢᠲᠦ ᠡᠳᠤᠷ ᠤᠨ ᠪᠤᠭᠤᠷᠰᠤᠭ ᠶᠢᠨ ᠦᠨ᠎ᠡ ᠨᠢ ᠨᠢᠭᠡ ᠪᠤᠭᠤᠳᠠᠯ ᠨᠢ 6᠂ 7 ᠲᠥᠭᠦᠷᠢᠭ ᠠᠴᠠ 12 ᠲᠥᠭᠦᠷᠢᠭ ᠪᠣᠯᠣᠨ᠎ᠠ᠃      ᠮᠠᠩ ᠳ᠋ᠠᠩ ᠤᠰᠤᠨ ᠤ ᠭᠠᠷᠤᠯᠲᠠ ᠶᠢᠨ ᠢᠳᠡᠭᠡᠨ ᠤ ᠳᠡᠯᠭᠡᠭᠦᠷ ᠲᠤ᠂ ᠡᠯ᠎ᠡ ᠵᠦᠢᠯ ᠤᠨ ᠥᠯᠵᠡᠶᠢᠲᠦ ᠡᠳᠤᠷ ᠎ ᠤᠨ ᠪᠤᠭᠤᠷᠰᠤᠭ ᠨᠢ ᠥᠯᠵᠡᠶᠢᠲᠦ ᠡᠳᠤᠷ ᠤᠨ ᠭᠤᠣᠯ ᠬᠤᠳᠠᠯᠳᠤᠭᠠᠨ ᠤ ᠨᠢᠭᠡ ᠪᠣᠯᠵᠤ᠂ ᠳᠡᠯᠭᠡᠭᠦᠷ ᠤᠨ ᠡᠭᠦᠳᠡᠨ ᠡᠮᠦᠨᠡᠬᠢ ᠠᠷᠪᠠᠨ ᠬᠡᠳᠦᠨ ᠵᠦᠢᠯ ᠤᠨ ᠠᠮᠲᠠ ᠰᠢᠮᠲᠡ ᠲᠠᠢ ᠠᠳᠠᠯᠢ ᠪᠤᠰᠤ ᠥᠯᠵᠡᠶᠢᠲᠦ ᠪᠤᠭᠤᠷᠰᠤᠭ ᠨᠢ ᠵᠣᠴᠢᠳ ᠨᠢᠭᠡᠪᠦᠷᠢ ᠶᠢᠨ ᠠᠩᠬᠠᠷᠤᠯ ᠢ ᠲᠠᠳᠠᠨ᠎ᠠ︾ ᠭᠡᠪᠡ᠃      ᠮᠠᠩ ᠳ᠋ᠠᠩ ᠤᠰᠤᠨ ᠤ ᠭᠠᠷᠤᠯᠲᠠ ᠶᠢᠨ ᠢᠳᠡᠭᠡᠨ ᠤ ᠳᠡᠯᠭᠡᠭᠦᠷ ᠤᠨ ᠡᠵᠡᠨ  ᠸᠧᠢ ᠵᠢᠩ᠄ ︽ᠤᠳᠤᠬᠠᠨ ᠳᠤ ᠠᠷᠪᠠᠨ ᠬᠡᠳᠤᠨ ᠵᠦᠢᠯ ᠤᠨ ᠠᠮᠳᠠ ᠲᠠᠢ ᠪᠤᠭᠤᠷᠰᠤᠭ ᠪᠤᠢ᠂ ᠡᠳᠡᠭᠡᠷ ᠪᠤᠭᠤᠷᠰᠤᠭ ᠨᠢ ᠰᠠᠶᠢᠨ ᠰᠠᠶᠢᠬᠠᠨ ᠢᠷᠦᠭᠡᠯ ᠵᠦᠩᠨᠡᠯ ᠢ ᠪᠡᠯᠭᠡᠳᠡᠵᠤ ᠪᠠᠶᠢᠳᠠᠭ᠂ ᠤᠳᠤᠬᠠᠨ ᠳᠤ ᠪᠤᠷᠤᠯᠠᠭᠤᠯᠭ᠎ᠠ ᠪᠠᠷ ᠨᠡᠯᠢᠶᠡᠳ ᠰᠠᠶᠢᠨ ᠪᠠᠶᠢᠨ᠎ᠠ︾ ᠭᠡᠪᠡ᠃
 
ᠢᠷᠡᠯᠲᠡ᠄ ᠡᠵᠡᠨ᠎ᠡ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号