ᠨᠡᠭᠦᠳᠡᠯ ᠤᠨ ᠰᠢᠪᠠᠭᠤᠳ ᠡᠵᠡᠨ᠎ᠡ ᠳᠤ ᠰᠠᠭᠠᠲᠠᠯ᠎ᠠ
ᠨᠡᠶᠢᠲᠡᠯᠡᠭᠰᠡᠨ ᠴᠠᠭ᠄
2024/3/18
      ᠲᠡᠭᠷᠢ ᠳᠤᠯᠠᠭᠠᠷᠠᠬᠤ ᠶᠢ ᠳᠠᠭᠠᠯᠳᠤᠨ᠂ ᠮᠦᠰᠦ ᠠᠭᠠᠵᠢᠮ ᠢᠶᠠᠷ ᠬᠠᠶᠢᠯᠵᠤ᠂ ᠮᠠᠨ ᠤ ᠬᠤᠰᠢᠭᠤᠨ ᠤ ᠬᠡᠰᠡᠭ ᠤᠰᠤᠨ ᠤᠷᠤᠨ ᠨᠢ ᠠᠩᠬᠠᠨ ᠤ ᠪᠦᠯᠦᠭ ᠨᠡᠭᠦᠳᠡᠯ ᠤᠨ ᠰᠢᠪᠠᠭᠤ ᠶᠢ ᠤᠭᠲᠤᠨ ᠠᠪᠴᠦ᠂ ᠡᠬᠡ ᠭᠠᠵᠠᠷ ᠲᠤ ᠠᠮᠢᠵᠢᠷᠠᠯ ᠤᠨ ᠬᠦᠴᠦᠨ ᠢ ᠨᠡᠮᠡᠷᠢᠯᠡᠭᠰᠡᠨ ᠪᠠᠶᠢᠨ᠎ᠠ᠃      ᠬᠠᠷ᠎ᠠ ᠭᠤᠣᠯ ᠪᠣᠯ ᠮᠠᠨ ᠤ ᠤᠯᠤᠰ ᠤᠨ ᠬᠤᠶᠠᠳᠤᠭᠠᠷ ᠶᠡᠭᠡ ᠳᠣᠲᠣᠭᠠᠳᠤ ᠬᠠᠭᠤᠷᠠᠢ ᠶᠢᠨ ᠭᠤᠣᠯ ᠪᠠᠶᠢᠵᠤ᠂ ᠬᠠᠪᠤᠷ ᠤᠨ ᠤᠷᠢ ᠣᠷᠣᠬᠤ ᠶᠢ ᠳᠠᠭᠠᠯᠳᠤᠨ ᠭᠤᠣᠯ ᠤᠨ ᠮᠥᠰᠥ ᠭᠡᠰᠴᠦ ᠶᠡᠬᠡᠩᠬᠢ ᠭᠤᠣᠯ ᠤᠨ ᠤᠷᠤᠰᠬᠠᠯ ᠠᠭᠠᠵᠢᠮ ᠢᠶᠠᠷ ᠤᠷᠤᠰᠴᠤ᠂ ᠠᠩᠭᠢᠷ ᠰᠢᠪᠠᠭᠤᠳ ᠰᠦᠷᠦᠭᠯᠡᠨ ᠭᠤᠣᠯ ᠤᠨ ᠳᠠᠭᠠᠤ ᠪᠠᠷ ᠭᠠᠩᠭᠠᠷ ᠭᠤᠩᠭᠤᠷ ᠨᠢᠰᠦᠯᠴᠡᠨ᠎ᠡ᠃      ᠰᠢᠷ᠎ᠠ ᠨᠠᠭᠤᠷ ᠤᠨ ᠤᠰᠤᠨ ᠴᠥᠭᠦᠷᠥᠮ ᠳᠤ ᠠᠷᠪᠠ ᠭᠠᠷᠤᠢ ᠲᠣᠯᠪᠣᠲᠤ ᠬᠤᠨ ᠪᠠᠭᠤᠵᠤ᠂ ᠨᠡᠭᠦᠳᠡᠯ ᠤᠨ ᠰᠢᠪᠠᠭᠤᠳ ᠬᠠᠪᠤᠷ ᠤᠨ  ᠤᠷᠢᠨ ᠳᠤ ᠬᠠᠶᠠ ᠨᠢᠰᠴᠦ᠂ ᠬᠠᠶᠠ ᠥᠲᠥ ᠰᠥᠳᠥ ᠪᠠᠨ ᠴᠡᠪᠡᠷᠯᠡᠨ ᠴᠢᠯᠡᠭᠡ ᠪᠠᠨ ᠲᠠᠶᠢᠯᠤᠨ ᠠᠮᠠᠷᠠᠬᠤ ᠳᠤ᠂ ᠬᠤᠶᠠᠷ ᠴᠠᠭᠠᠨ ᠰᠡᠭᠦᠯᠲᠦ ᠵᠠᠭᠠᠯᠠᠢ ᠬᠠᠷᠢᠨ ᠲᠡᠳᠡᠨᠡᠷ ᠢ ᠦᠶ᠎ᠡ ᠦᠶ᠎ᠡ ᠰᠢᠷᠲᠡᠨ ᠠᠩᠨᠠᠵᠤ ᠪᠠᠷᠢᠬᠤ ᠪᠠᠷ ᠴᠠᠭ ᠢᠮᠠᠭᠲᠠ ᠪᠡᠯᠡᠬᠡᠨ ᠬᠠᠷᠠᠭᠳᠠᠨ᠎ᠠ᠃      ᠣᠳᠣᠬᠠᠨ ᠳᠤ᠂ ᠮᠠᠨ ᠤ ᠬᠤᠰᠢᠭᠤᠨ ᠳᠤ ᠨᠢᠰᠴᠦ ᠢᠷᠡᠭᠰᠡᠨ ᠨᠡᠭᠦᠳᠡᠯ ᠤᠨ ᠰᠢᠪᠠᠭᠤᠨ ᠳᠤ ᠭᠤᠣᠯᠳᠠᠭᠤ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠰᠢᠪᠠᠭᠤᠨ ᠤ ᠲᠥᠷᠥᠯ ᠤᠨ ᠴᠠᠭᠠᠨ ᠰᠡᠭᠦᠯᠲᠦ ᠵᠠᠭᠠᠯᠠᠢ᠂ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠶᠢᠨ ᠰᠢᠪᠠᠭᠤᠨ ᠤ ᠲᠥᠷᠥᠯ ᠤᠨ ᠲᠣᠯᠪᠣᠲᠤ ᠬᠤᠨ ᠵᠢᠴᠢ ᠭᠤᠷᠪᠠ ᠪᠠᠭᠲᠠᠭᠠᠭᠰᠠᠨ ᠬᠠᠮᠠᠭᠠᠯᠠᠯᠲᠠ ᠲᠠᠢ ᠰᠢᠪᠠᠭᠤᠨ ᠤ ᠲᠥᠷᠥᠯ ᠪᠣᠷᠣ ᠠᠩᠭᠢᠷ᠂ ᠤᠯᠠᠭᠠᠨ ᠨᠤᠭᠤᠰᠤ᠂ ᠤᠯᠠᠭᠠᠨ ᠬᠤᠰᠢᠭᠤᠲᠤ ᠴᠠᠬᠤᠯᠠᠢ ᠵᠡᠷᠭᠡ ᠪᠤᠢ᠂ ᠡᠭᠦᠨ ᠳᠤ ᠤᠯᠠᠭᠠᠨ ᠨᠤᠭᠤᠰᠤ ᠶᠢᠨ ᠲᠤᠭ᠎ᠠ ᠨᠢ ᠣᠯᠠᠨ ᠪᠠᠶᠢᠵᠤ᠂ ᠡᠵᠡᠨ᠎ᠡ ᠶᠢᠨ ᠡᠬᠡ ᠭᠠᠵᠠᠷ ᠲᠤ ᠦᠵᠡᠰᠬᠦᠯᠡᠩᠲᠦ ᠰᠠᠶᠢᠬᠠᠨ ᠠᠮᠢ ᠠᠬᠤᠢ ᠶᠢᠨ ᠦᠵᠡᠮᠵᠢ ᠶᠢ ᠪᠦᠲᠦᠭᠡᠨ᠂ ᠬᠠᠪᠤᠷ ᠤᠨ ᠤᠯᠠᠷᠢᠯ ᠤᠨ ᠰᠢᠪᠠᠭᠤ ᠶᠢ ᠰᠣᠨᠢᠷᠬᠠᠬᠤ ᠬᠠᠮᠤᠭ ᠤᠨ ᠰᠠᠶᠢᠬᠠᠨ ᠬᠤᠭᠤᠴᠠᠭ᠎ᠠ ᠪᠠᠨ ᠤᠭᠲᠤᠨ ᠠᠪᠴᠦ ᠪᠠᠶᠢᠨ᠎ᠠ᠃
 
ᠢᠷᠡᠯᠲᠡ᠄ ᠡᠵᠡᠨ᠎ᠡ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号