ᠨᠢᠭᠡ ᠳᠤ᠂ ᠢᠯᠴᠢ ᠶᠢᠨ ᠡᠬᠢ ᠰᠤᠷᠪᠤᠯᠵᠢ ᠶᠢᠨ ᠪᠠᠲᠤᠯᠠᠭ᠎ᠠ ᠶᠢ ᠴᠢᠩᠭᠠᠳᠬᠠᠵᠤ᠂ ᠢᠯᠴᠢ ᠬᠠᠩᠭᠠᠬᠤ ᠴᠢᠳᠠᠪᠤᠷᠢ ᠶᠢ | ᠳᠡᠭᠡᠭᠰᠢᠯᠡᠭᠦᠯᠦᠨ᠎ᠡ᠃ ᠰᠢᠨ᠎ᠡ ᠪᠠᠷ ᠨᠡᠮᠡᠭᠳᠡᠭᠰᠡᠨ ᠢᠯᠴᠢ ᠬᠠᠩᠭᠠᠬᠤ ᠡᠬᠢ ᠰᠤᠷᠪᠤᠯᠵᠢ ᠪᠠ ᠪᠡᠯᠡᠳᠬᠡᠯ ᠢᠯᠴᠢ ᠶᠢᠨ | ᠢᠷᠡᠯᠲᠡ ᠶᠢ ᠬᠦᠢᠴᠡᠳ ᠲᠣᠬᠢᠷᠠᠭᠤᠯᠵᠤ᠂ ᠰᠢᠨ᠎ᠡ ᠪᠠᠷ ᠨᠡᠮᠡᠭᠳᠡᠭᠰᠡᠨ ᠢᠯᠴᠢ ᠬᠠᠩᠭᠠᠬᠤ ᠡᠬᠢ | ᠰᠤᠷᠪᠤᠯᠵᠢ ᠨᠢ ᠡᠵᠡᠨ᠎ᠡ ᠬᠤᠰᠢᠭᠤᠨ ᠤ ᠢᠯᠴᠢ ᠬᠠᠩᠭᠠᠬᠤ ᠣᠷᠭᠢᠯ ᠢ ᠲᠣᠬᠢᠷᠠᠭᠤᠯᠬᠤ᠂ ᠢᠯᠴᠢ | ᠬᠠᠩᠭᠠᠬᠤ ᠡᠬᠢ ᠰᠤᠷᠪᠤᠯᠵᠢ ᠪᠣᠯᠬᠤ ︽ᠲᠦᠷᠪᠡ ᠶᠢ ᠬᠡᠷᠡᠭᠯᠡᠵᠦ ᠨᠢᠭᠡ ᠶᠢ ᠪᠡᠯᠡᠳᠬᠡᠬᠦ ︾ ᠵᠠᠭᠪᠤᠷ ᠢ ᠪᠣᠶ ᠪᠣᠯᠭᠠᠵᠤ᠂ | ᠲᠥᠬᠦᠭᠡᠷᠦᠮᠵᠢ ᠶᠢᠨ ᠪᠦᠷᠢᠨ ᠪᠦᠲᠦᠨ ᠪᠠᠶᠢᠬᠤ ᠨᠣᠷᠮ᠎ᠠ ᠪᠠ ᠴᠠᠭ ᠢᠮᠠᠭᠲᠠ | ᠵᠠᠷᠯᠢᠭ ᠶᠣᠰᠣᠭᠠᠷ ᠡᠬᠢᠯᠡᠭᠦᠯᠬᠦ ᠶᠢ ᠪᠠᠲᠤᠯᠠᠵᠤ᠂ ᠣᠷᠭᠢᠯ ᠢ ᠲᠣᠬᠢᠷᠠᠭᠤᠯᠬᠤ᠂ ᠪᠠᠴᠢᠮ ᠪᠠᠶᠢᠳᠠᠯ ᠢ | ᠠᠷᠭᠠᠴᠠᠬᠤ ᠪᠠ ᠪᠡᠯᠡᠳᠬᠡᠯ ᠪᠠᠶᠢᠳᠠᠯ ᠳᠣᠤᠷᠠᠬᠢ ᠢᠯᠴᠢ ᠬᠠᠩᠭᠠᠬᠤ ᠱᠠᠭᠠᠷᠳᠠᠯᠭ᠎ᠠ ᠶᠢ ᠬᠠᠩᠭᠠᠨ᠎ᠠ᠃ ᠬᠣᠶᠠᠷ ᠲᠤ᠂ | ᠢᠯᠴᠢ ᠶᠢᠨ ᠲᠣᠣᠷ ᠤᠨ ᠰᠢᠨᠡᠴᠢᠯᠡᠯᠲᠡ ᠶᠢ ᠲᠦᠷᠭᠡᠳᠬᠡᠵᠦ᠂ ᠬᠠᠭᠤᠴᠢᠨ ᠬᠣᠭᠣᠯᠠᠶ ᠶᠢᠨ ᠲᠣᠣᠷ ᠢ ᠥᠭᠡᠷᠡᠴᠢᠯᠡᠨ᠎ᠡ᠃ | ᠬᠠᠭᠤᠴᠢᠨ ᠬᠣᠭᠣᠯᠠᠶ ᠲᠣᠸᠷ ᠤᠨ ᠥᠭᠡᠷᠡᠴᠢᠯᠡᠯᠲᠡ ᠶᠢ ᠪᠡᠶᠡᠯᠡᠭᠦᠯᠦᠨ᠎ᠡ ᠂ ᠰᠢᠨᠡᠳᠬᠡᠨ ᠥᠭᠡᠷᠡᠴᠢᠯᠡᠬᠦ | ᠠᠵᠢᠯᠯᠠᠭᠠᠨ ᠤ ᠵᠢᠯ ᠬᠤᠭᠤᠴᠠᠭ᠎ᠠ ᠨᠢ 20 ᠵᠢᠯ ᠡᠴᠡ ᠬᠡᠲᠦᠷᠡᠭᠰᠡᠨ ᠬᠣᠭᠣᠯᠠᠶ ᠪᠤᠶᠤ | ᠦᠨᠡᠯᠡᠨ ᠵᠢᠱᠢᠬᠦ ᠪᠡᠷ ᠳᠠᠮᠵᠢᠭᠠᠳ ᠠᠮᠤᠷ ᠲᠦᠪᠰᠢᠨ ᠦ ᠲᠦᠭᠰᠢᠭᠦᠷᠢ ᠪᠡᠷ ᠶᠡᠬᠡ ᠂ ᠢᠯᠴᠢ ᠶᠢᠨ | ᠳᠠᠭᠠᠭᠠᠴᠠ ᠨᠢ ᠬᠦᠨᠳᠦ ᠨᠣᠴᠢᠲᠠᠶ ᠵᠣᠬᠢᠴᠠᠯᠳᠤᠬᠤ ᠥᠬᠡᠶ ᠂ ᠪᠠᠶᠢᠴᠠᠭᠠᠨ ᠬᠡᠮᠵᠢᠬᠦ ᠪᠡᠷ | ᠳᠠᠮᠵᠢᠭᠠᠳ ᠢᠳᠡᠭᠳᠡᠯ ᠨᠢ ᠬᠦᠨᠳᠦ ᠨᠣᠴᠢᠲᠠᠶ ᠤᠰᠤ ᠠᠯᠳᠠᠭᠰᠠᠨ ᠨᠣᠷᠮ᠎ᠠ ᠨᠢ ᠪᠠᠭᠤᠷᠠᠬᠤ ᠥᠬᠡᠶ | ᠬᠣᠶᠠᠳᠤᠭᠠᠷ ᠤᠳᠠᠭᠠᠨ ᠤ ᠬᠣᠭᠣᠯᠠᠶ ᠶᠢ ᠵᠠᠰᠠᠨ ᠰᠢᠨᠡᠴᠢᠯᠡᠨ᠎ᠡ ᠃ ︽ᠨᠢᠭᠡ ᠲᠣᠸᠷ ᠣᠯᠠᠨ | ᠢᠷᠡᠯᠲᠡ ᠲᠡᠶ ᠪᠠᠶᠢᠬᠤ ︾ ᠪᠤᠶᠤ ︽ᠢᠯᠴᠢ ᠡᠭᠦᠰᠭᠡᠭᠴᠢ ᠶᠢ ᠬᠠᠷᠢᠯᠴᠠᠨ ᠪᠠᠲᠤᠯᠠᠬᠤ ︾ | ᠵᠠᠷᠴᠢᠮ ᠶᠣᠰᠣᠭᠠᠷ ᠂ ᠬᠣᠶᠠᠳᠠᠬᠢ ᠤᠳᠠᠭᠠᠨ ᠤ ᠭᠣᠸᠯ ᠪᠣᠯᠬᠤ ᠬᠣᠭᠣᠯᠠᠶ ᠶᠢᠨ ᠲᠣᠸᠷ ᠢ ᠰᠦᠯᠵᠢᠶᠡᠵᠢᠭᠦᠯᠦᠨ | ᠬᠠᠷᠢᠯᠴᠠᠨ ᠨᠡᠪᠲᠡᠷᠡᠭᠦᠯᠵᠦ ᠂ ᠬᠣᠭᠣᠯᠠᠶ ᠶᠢᠨ ᠲᠣᠸᠷ ᠤᠨ ᠬᠠᠷᠢᠯᠴᠠᠨ ᠬᠣᠯᠪᠣᠭᠠᠯᠠᠵᠤ ᠬᠠᠷᠢᠯᠴᠠᠨ ᠨᠡᠪᠲᠡᠷᠡᠯᠴᠡᠬᠦ ᠶᠢ | ᠪᠡᠶᠡᠯᠡᠭᠦᠯᠦᠨ᠎ᠡ ᠃ ᠭᠤᠷᠪᠠ ᠳᠤ᠂ ᠢᠯᠴᠢ ᠶᠢᠨ ᠬᠦᠴᠦᠨ ᠤ ᠥᠷᠲᠡᠭᠡ ᠶᠢᠨ ᠲᠠᠰ | ᠳᠡᠪᠰᠢᠬᠦ ᠶᠢ ᠠᠬᠢᠭᠤᠯᠵᠤ᠂ ᠰᠢᠨ᠎ᠡ ᠮᠡᠷᠭᠡᠵᠢᠯ ᠢ ᠳᠡᠯᠭᠡᠷᠡᠭᠦᠯᠦᠨ᠎ᠡ᠃ ᠢᠯᠴᠢ ᠬᠠᠩᠭᠠᠬᠤ | ᠷᠠᠳᠢᠦ᠋ᠰ ᠤᠨ ᠳᠣᠲᠣᠷᠠᠬᠢ ᠢᠯᠴᠢ ᠶᠢᠨ ᠳᠠᠭᠠᠭᠠᠴᠠ ᠶᠢᠨ ᠵᠢᠷᠤᠭ ᠲᠥᠯᠥᠪᠯᠡᠭᠡ ᠶᠢᠨ | ᠵᠢᠷᠤᠮᠵᠢᠯ ᠠᠴᠠ ᠬᠡᠲᠦᠷᠡᠭᠰᠡᠨ᠂ ︽ᠵᠢᠵᠢᠭ ᠮᠤᠷᠢ ᠲᠤᠮᠤ ᠲᠡᠷᠭᠡ ᠲᠠᠲᠠᠬᠤ︾ | ᠢᠯᠴᠢ ᠶᠢᠨ ᠬᠦᠴᠦᠨ ᠤ ᠥᠷᠲᠡᠭᠡ ᠳᠤ ᠭᠤᠣᠯᠳᠠᠯᠭ᠎ᠠ ᠲᠠᠢ ᠲᠣᠬᠢᠷᠠᠭᠤᠯᠤᠯᠲᠠ ᠪᠠ ᠰᠢᠨᠡᠴᠢᠯᠡᠯᠲᠡ ᠬᠢᠪᠡ᠃ | ᠢᠯᠴᠢ ᠬᠠᠩᠭᠠᠬᠤ ᠠᠵᠤ ᠠᠬᠤᠶᠢᠯᠠᠯ ᠤᠨ ᠲᠤᠬᠠᠶ ᠶᠢᠨ ᠭᠠᠵᠠᠷ ᠣᠷᠣᠨ ᠤ ᠪᠠᠶᠢᠳᠠᠯ ᠳᠤᠨᠢ ᠲᠣᠬᠢᠷᠠᠭᠤᠯᠬᠤ ᠶᠢ ᠵᠢᠯᠣᠭᠤᠳᠴᠤ᠂ | ᠢᠯᠴᠢ ᠰᠣᠯᠢᠯᠴᠠᠬᠤ ᠮᠠᠰᠢᠨ ᠴᠣᠭᠴᠠᠯᠠᠪᠤᠷᠢ ᠶᠢᠨ ︽ᠶᠡᠭᠡ ᠳᠤᠯᠠᠭᠠᠨ ᠤ ᠵᠥᠷᠢᠶ᠎ᠡ︾ ᠶᠢᠨ ᠮᠡᠷᠭᠡᠵᠢᠯ ᠤᠨ | ᠥᠭᠡᠷᠡᠴᠢᠯᠡᠯᠲᠡ ᠶᠢ ᠲᠦᠯᠬᠢᠨ ᠠᠬᠢᠭᠤᠯᠤᠨ᠎ᠠ᠃ ᠳᠥᠷᠪᠡ ᠳᠤ᠂ ᠪᠠᠴᠢᠮ ᠪᠠᠶᠢᠳᠠᠯ ᠢ | ᠠᠷᠭᠠᠴᠠᠬᠤ ᠪᠠᠲᠤᠯᠠᠭ᠎ᠠ ᠶᠢ ᠲᠡᠭᠦᠯᠳᠡᠷᠵᠢᠭᠦᠯᠵᠦ᠂ ᠠᠵᠢᠯ ᠤᠨ ᠲᠣᠭᠲᠠᠴᠠ ᠶᠢ ᠪᠦᠷᠢᠨᠰᠢᠭᠦᠯᠦᠨ᠎ᠡ᠃ ᠲᠣᠰ ᠣᠷᠣᠨ | ᠪᠦᠰᠡ ᠶᠢᠨ ᠳᠣᠲᠣᠷᠠᠬᠢ ᠢᠯᠴᠢ ᠬᠠᠩᠭᠠᠬᠤ ᠠᠳᠡᠯ ᠤᠨ ᠪᠠᠴᠢᠮ ᠪᠠᠶᠢᠳᠠᠯ ᠢ ᠠᠷᠭᠠᠴᠠᠭᠠᠬᠤ ᠪᠡᠯᠡᠳᠬᠡᠯ | ᠲᠥᠰᠦᠯ ᠢ ᠲᠣᠭᠲᠠᠭᠠᠵᠤ᠂ ᠪᠠᠴᠢᠮ ᠪᠠᠶᠢᠳᠠᠯ ᠢ ᠠᠷᠭᠠᠴᠠᠭᠠᠵᠤ ᠠᠶᠤᠯ ᠠᠴᠠ ᠠᠪᠤᠷᠠᠬᠤ ᠡᠩᠨᠡᠭᠡ ᠶᠢ | ᠵᠣᠬᠢᠶᠠᠨ ᠪᠠᠶᠢᠭᠤᠯᠬᠤ ᠶᠢᠨ ᠬᠠᠮᠲᠤ ᠪᠠᠴᠢᠮ ᠪᠠᠶᠢᠳᠠᠯ ᠢ ᠠᠷᠭᠠᠴᠠᠭᠠᠬᠤ ᠲᠥᠬᠦᠭᠡᠷᠦᠮᠵᠢ ᠪᠡᠯᠡᠳᠬᠡᠮᠵᠢ | ᠵᠢᠴᠢ ᠡᠳ᠋ ᠪᠣᠳᠠᠰ ᠢ ᠳᠣᠭᠢᠷᠠᠭᠤᠯᠵᠤ᠂ ᠲᠦᠭᠰᠢᠭᠦᠷᠢ ᠶᠢ ᠲᠠᠰ ᠬᠤᠪᠢᠶᠠᠨ ᠬᠠᠮᠢᠶᠠᠷᠤᠨ ᠡᠵᠡᠮᠳᠡᠬᠦ ᠪᠠ ᠳᠠᠯᠳᠠ | ᠬᠡᠮ ᠢ ᠵᠢᠭᠰᠠᠭᠠᠨ ᠪᠠᠶᠢᠴᠠᠭᠠᠵᠤ ᠵᠠᠰᠠᠬᠤ ᠳᠠᠪᠬᠤᠷ ᠤᠷᠢᠳᠴᠢᠯᠠᠨ ᠰᠡᠷᠭᠡᠶᠢᠯᠡᠬᠦ ᠲᠣᠭᠲᠠᠴᠠ ᠶᠢ ᠪᠠᠶᠢᠭᠤᠯᠤᠨ᠂ | ᠢᠯᠴᠢ ᠬᠠᠩᠭᠠᠬᠤ ᠬᠤᠭᠤᠴᠠᠭᠠᠨ ᠳᠤ 24 ᠴᠠᠭ ᠤᠨ ᠪᠠᠴᠢᠮ ᠪᠠᠶᠢᠳᠠᠯ ᠢ ᠠᠷᠭᠠᠴᠠᠭᠠᠬᠤ ᠪᠡᠯᠡᠳᠬᠡᠯ ᠠᠵᠢᠯ ᠢ ᠬᠡᠷᠡᠭᠵᠢᠭᠦᠯᠦᠨ᠎ᠡ᠃ | | |