ᠮᠠᠽᠥ᠋ᠩᠱᠠᠨ ᠠᠭᠤᠯᠠ ᠶᠢᠨ ᠬᠣᠷᠮᠣᠶ ᠳᠤ ᠬᠥᠪᠡᠭᠡ ᠬᠢᠵᠠᠭᠠᠷ ᠨᠢ ᠬᠠᠷᠠᠭᠳᠠᠬᠤ ᠥᠬᠡᠶ ᠥᠷᠭᠡᠨ ᠠᠭᠤᠳᠠᠮ | ᠡᠯᠡᠰᠦᠨ ᠴᠥᠯ ᠪᠠᠶᠢᠵᠤ ᠂ ᠤᠷᠭᠤᠮᠠᠯ ᠤᠨ ᠬᠤᠴᠢᠯᠭ᠎ᠠ ᠰᠡᠶᠢᠷᠡᠭ ᠂ ᠵᠢᠯ ᠦᠨ ᠳᠤᠮᠳᠠᠴᠢ ᠬᠤᠷ᠎ᠠ | ᠲᠤᠨᠳᠠᠰᠤᠨ ᠤ ᠬᠡᠮᠵᠢᠶ᠎ᠡ ᠨᠢ 50 ᠮᠢᠯᠢᠮᠧᠲ᠋ᠷ ᠲᠦ ᠬᠥᠷᠬᠥ ᠥᠬᠡᠶ ᠂ ᠤᠰᠤᠨ ᠤ ᠡᠬᠢ ᠪᠠᠶᠠᠯᠢᠭ | ᠲᠤᠶᠢᠯ ᠤᠨ ᠳᠤᠲᠠᠮᠠᠭ ᠂ ᠪᠠᠶᠢᠭᠠᠯᠢ ᠶᠢᠨ ᠣᠷᠴᠢᠨ ᠲᠣᠭᠣᠷᠢᠨ ᠨᠢ ᠮᠠᠭᠤ ᠂ ᠬᠥᠮᠦᠨ ᠴᠥᠭᠡᠨ | ᠪᠠᠶᠢᠵᠤ ᠂ ᠮᠤᠷᠤᠶ ᠰᠠᠷᠤᠶ ᠭᠣᠪᠢ ᠳᠠᠭᠠᠤ 170 ᠭᠠᠷᠤᠶ ᠺᠢᠯᠣᠮᠧᠲ᠋ᠷ ᠲᠣᠭᠣᠷᠢᠨ ᠶᠠᠪᠤᠬᠤ ᠳᠤ | ᠮᠠᠽᠥ᠋ᠩᠱᠠᠨ ᠠᠭᠤᠯᠠ ᠶᠢᠨ ᠬᠢᠯᠢ ᠶᠢᠨ ᠲᠣᠮᠢᠯᠠᠭᠰᠠᠨ ᠰᠠᠯᠪᠤᠷᠢ ᠨᠢᠳᠦᠨ ᠡᠮᠦᠨ᠎ᠡ ᠰᠦᠨᠳᠡᠷᠯᠡᠵᠦ ᠪᠠᠶᠢᠳᠠᠭ ᠃ | ᠠᠯᠠᠱᠠ ᠶᠢᠨ ᠬᠢᠯᠢ ᠶᠢᠨ ᠬᠠᠮᠢᠶᠠᠷᠤᠯᠲᠠ ᠶᠢᠨ ᠰᠠᠯᠪᠤᠷᠢ ᠠᠩᠬᠢ ᠶᠢᠨ ᠪᠠᠶᠢᠭᠤᠯᠤᠯᠭ᠎ᠠ ᠠᠴᠠ ᠨᠡᠯᠢᠶᠡᠳ ᠬᠤᠯᠠ | ᠪᠠᠶᠢᠭ᠎ᠠ ᠲᠣᠮᠢᠯᠠᠭᠰᠠᠨ ᠰᠠᠯᠪᠤᠷᠢ ᠪᠣᠯᠤᠭᠰᠠᠨ ᠤ ᠬᠤᠪᠢ ᠳᠤ᠂ ᠲᠡᠷᠡ 23.98 ᠺᠢᠯᠣᠮᠧᠲᠷ ᠤᠨ | ᠬᠢᠯᠢ ᠶᠢᠨ ᠱᠤᠭᠤᠮ ᠢ ᠰᠠᠬᠢᠨ ᠬᠠᠮᠠᠭᠠᠯᠠᠬᠤ ᠡᠭᠦᠷᠭᠡ ᠶᠢ ᠡᠭᠦᠷᠭᠡᠯᠡᠵᠦ ᠪᠤᠢ᠃ ᠲᠣᠮᠢᠯᠠᠭᠰᠠᠨ | ᠰᠠᠯᠪᠤᠷᠢ ᠶᠢᠨ ᠤᠳᠤᠷᠢᠳᠤᠯᠭ᠎ᠠ ᠮᠠᠨ ᠤ ᠡᠨᠳᠡ 25 ᠡᠷᠦᠬᠡ 53 ᠬᠥᠮᠦᠨ ᠲᠡᠶ ᠂ ᠬᠠᠷᠢᠶ᠎ᠠ | ᠣᠷᠣᠨ ᠤ ᠲᠠᠯᠠᠪᠠᠶ ᠨᠢ 1.73 ᠲᠦᠮᠡᠨ ᠲᠡᠭᠰᠢ ᠳᠥᠷᠪᠡᠯᠵᠢᠨ ᠺᠢᠯᠣᠮᠧᠲ᠋ᠷ ᠲᠦ ᠬᠦᠷᠴᠦ ᠂ ᠬᠥᠮᠦᠨ ᠳᠤᠮᠳᠠᠴᠢ ᠶᠢᠨ | ᠣᠷᠣᠨ ᠰᠠᠭᠤᠴᠠ ᠶᠢᠨ ᠲᠠᠯᠠᠪᠠᠶ ᠨᠢ ᠮᠠᠰᠢ ᠶᠡᠬᠡ ᠂ ᠮᠣᠩᠭᠣᠯ ᠭᠡᠷ ᠨᠢᠭᠡᠪᠦᠷᠢ ᠨᠢ ᠴᠥᠮ ᠪᠠᠲᠤ ᠪᠡᠬᠢ | ᠪᠡᠬᠢᠯᠡᠯᠲᠡ ᠶᠢᠨ ᠡᠷᠦᠬᠡ ᠪᠣᠯᠬᠤ ᠶᠤᠮ ᠭᠡᠵᠤ ᠭᠠᠵᠠᠷ ᠠᠭᠤᠳᠠᠮ ᠬᠥᠮᠦᠨ | ᠴᠥᠭᠡᠨ ᠣᠳᠣᠬᠢ ᠪᠠᠶᠢᠳᠠᠯ ᠢ ᠱᠣᠭ ᠶᠦᠮᠦᠷ ᠬᠡᠯᠪᠡᠷᠢ ᠪᠡᠷ ᠬᠡᠯᠡᠵᠦ ᠭᠠᠷᠭᠠᠵᠠᠶ ᠃ | ᠬᠠᠭᠠᠯᠭ᠎ᠠ ᠶᠢ ᠨᠡᠭᠡᠭᠡᠵᠤ ᠤᠷᠤᠪᠠᠯ ᠂ ᠮᠠᠽᠦ᠋ᠩᠱᠠᠨ ᠠᠭᠤᠯᠠ ᠶᠢᠨ ᠬᠢᠯᠢ ᠶᠢᠨ ᠲᠣᠮᠢᠯᠠᠭᠰᠠᠨ ᠰᠠᠯᠪᠤᠷᠢ ᠶᠢᠨ | ᠴᠠᠭᠳᠠᠭ᠎ᠠ ᠨᠠᠷ ᠤᠨ ᠡᠷᠡᠯᠬᠡᠭ ᠪᠠᠭᠠᠲᠤᠷᠯᠢᠭ ᠂ ᠬᠤᠷᠴᠠ ᠪᠣᠷᠣᠭᠵᠢᠭᠤᠨ | ᠢᠨᠢᠶᠡᠮᠰᠦᠩᠭᠦᠶ ᠴᠢᠷᠠᠶ ᠶᠢ ᠣᠯᠵᠤ ᠬᠠᠷᠠᠨ᠎ᠠ ᠂ ᠡᠨᠳᠡᠬᠢ ᠴᠠᠭᠳᠠᠭ᠎ᠠ ᠨᠠᠷ ᠣᠷᠳᠣ | ᠬᠤᠭᠤᠴᠠᠭ᠎ᠠ ᠪᠠᠷ ᠨᠡᠯᠦᠭᠡᠷ ᠭᠣᠪᠢ ᠲᠠᠩ ᠳᠡᠭᠡᠷ᠎ᠡ ᠠᠮᠢᠳᠤᠷᠠᠵᠤ ᠂ ᠬᠡᠳᠦᠨ ᠠᠷᠪᠠᠨ | ᠵᠢᠯ ᠦᠨ ᠲᠤᠷᠰᠢ ᠮᠠᠯᠴᠢᠨ ᠲᠦᠮᠡᠨ ᠲᠡᠶ ᠵᠢᠷᠭᠠᠯ ᠵᠣᠪᠠᠯᠠᠩ ᠢᠶᠠᠨ ᠬᠠᠮᠲᠤᠳᠬᠠᠨ ᠂ ᠰᠢᠷᠭᠠᠭᠤ | ᠬᠠᠲᠠᠭᠤᠵᠢᠯᠲᠠᠶ ᠠᠵᠢᠯᠯᠠᠵᠤ ᠪᠠᠶᠢᠭᠠᠳ ᠤᠷ᠎ᠠ ᠮᠡᠷᠭᠡᠵᠢᠯ ᠢᠶᠡᠨ ᠪᠣᠯᠪᠠᠰᠤᠷᠠᠵᠤ ᠂ ᠪᠥᠬᠦ | ᠲᠠᠯ᠎ᠠ ᠪᠠᠷ ᠭᠠᠷᠮᠠᠭᠠᠶᠢᠯᠠᠭᠰᠠᠨ ᠪᠠᠭᠠᠲᠤᠷ ᠰᠢᠭ᠋ ᠭᠣᠪᠢ ᠳᠡᠭᠡᠷᠡᠬᠢ ᠮᠠᠯᠴᠢᠨ ᠲᠦᠮᠡᠨ ᠲᠡᠶ ᠰᠠᠬᠢᠨ ᠪᠠᠷᠠᠯᠠᠵᠤ ᠬᠠᠷᠢᠯᠴᠠᠨ | ᠬᠠᠪᠰᠤᠷᠤᠯᠴᠠᠵᠤ ᠪᠠᠶᠢᠳᠠᠭ ᠃ | ᠲᠠᠪᠤᠨ ᠵᠢᠯ ᠦᠨ ᠡᠮᠦᠨ᠎ᠡ᠂ ᠵᠤᠤ ᠵᠢᠶᠧ ᠮᠠᠽᠦ᠋ᠩᠱᠠᠨ ᠠᠭᠤᠯᠠᠨ ᠤ ᠬᠢᠯᠢ ᠶᠢᠨ ᠲᠣᠮᠢᠯᠠᠭᠰᠠᠨ ᠰᠠᠯᠪᠤᠷᠢ ᠳᠤ ᠬᠦᠷᠴᠦ | ᠤᠯᠤᠰ ᠲᠦᠷᠦ ᠶᠢᠨ ᠵᠢᠭᠠᠨ ᠵᠢᠯᠤᠭᠤᠳᠤᠬᠴᠢ ᠶᠢᠨ ᠲᠤᠰᠢᠶᠠᠯ ᠢ ᠡᠭᠦᠷᠭᠡᠯᠡᠪᠡ᠃ ᠳᠣᠲᠣᠭᠠᠳᠤ ᠶᠢ ᠬᠠᠮᠠᠭᠠᠯᠠᠬᠤ ᠲᠣᠮᠢᠯᠠᠭᠰᠠᠨ | ᠰᠠᠯᠪᠤᠷᠢ ᠳᠤ ᠠᠩᠬ᠎ᠠ ᠬᠦᠷᠬᠦ ᠳᠦ᠂ ᠵᠤᠤ ᠵᠢᠶᠧ ᠨᠢᠭᠡ ᠠᠷᠠᠳ ᠢᠷᠭᠡᠳ ᠲᠦ ᠦᠢᠯᠡᠴᠢᠯᠡᠵᠦ᠂ ᠦᠢᠯᠡᠰ ᠪᠦᠲᠦᠭᠡᠶ᠎ᠡ ᠭᠡᠵᠦ | ᠢᠲᠡᠭᠡᠯ ᠳᠦᠭᠦᠷᠡᠩ ᠪᠠᠶᠢᠵᠠᠢ᠂ ᠭᠡᠪᠡᠴᠦ ᠲᠡᠷᠡ ᠮᠠᠽᠦ᠋ᠩᠱᠠᠨ ᠠᠭᠤᠯᠠ ᠶᠢᠨ ᠤᠷᠬᠢᠯ ᠳᠤ ᠵᠣᠭᠰᠣᠨ | ᠪᠠᠷᠠᠯᠠᠬᠤ ᠳᠤ ᠨᠡᠯᠦᠭᠡᠷ ᠶᠡᠬᠡ ᠡᠯᠡᠰᠦᠨ ᠴᠦᠯ ᠭᠡᠭᠴᠢ ᠶᠠᠭᠤ ᠪᠣᠯᠬᠤ ᠶᠢ ᠠᠩᠬ᠎ᠠ ᠤᠳᠠᠭ᠎ᠠ | ᠦᠨᠡᠨ ᠰᠡᠳᠬᠢᠯ ᠡᠴᠡ ᠪᠡᠨ ᠣᠶᠢᠯᠠᠭᠠᠪᠠ᠃ ᠲᠩᠷᠢ ᠲᠤᠯᠤᠮ᠎ᠠ ᠨᠡᠭᠦᠳᠡᠯ ᠡᠯᠡᠰᠦ ᠲᠡᠭᠦᠨ ᠦ ᠰᠡᠳᠬᠢᠯ ᠳᠦ | ᠤᠷᠤᠭᠰᠠᠨ ᠮᠡᠲᠦ ᠰᠠᠨᠠᠭᠳᠠᠬᠤ ᠳᠤ ᠂ ᠲᠡᠷᠡ ᠥᠪᠡᠷ ᠦᠨ ᠡᠷᠬᠡ ᠦᠭᠡᠶ ᠄ ᠡᠨᠡ ᠭᠠᠵᠠᠷ ᠬᠥᠮᠦᠨ ᠵᠦᠭ | ᠴᠢᠭ ᠢᠶᠡᠨ ᠠᠯᠳᠠᠬᠤ ᠳᠤ ᠬᠦᠷᠪᠡᠯ ᠂ ᠮᠠᠯᠴᠢᠨ ᠠᠶᠢᠯ ᠳᠤ ᠠᠶᠤᠯ ᠭᠠᠷᠬᠤ ᠳᠤ ᠬᠦᠷᠪᠡᠯ ᠂ ᠪᠠᠷᠤᠭ ᠁ ᠭᠡᠵᠦ | ᠵᠢᠷᠦᠬᠡᠰᠢᠶᠡᠪᠡ ᠃ ᠠᠯᠤᠰ ᠬᠤᠯᠠ ᠶᠢᠨ ᠲᠥᠰᠦᠭᠡᠯᠡᠯ ᠨᠢ ᠵᠤᠤ ᠵᠢᠶᠧ ᠶᠢᠨ ᠰᠡᠳᠬᠢᠯ | ᠵᠢᠷᠦᠬᠡ ᠶᠢ ᠨᠢ ᠰᠢᠮᠰᠢᠷᠡᠭᠦᠯᠬᠦ ᠶᠢᠨ ᠬᠠᠮᠲᠤ ᠰᠡᠳᠬᠢᠯ ᠰᠠᠨᠠᠭ᠎ᠠ ᠶᠢ ᠨᠢ ᠰᠢᠨᠠᠯᠭᠠᠵᠤ ᠪᠠᠶᠢᠯ᠎ᠠ᠃ | ᠭᠡᠪᠡᠴᠦ ᠲᠡᠷᠡ ᠳᠣᠲᠣᠷ᠎ᠠ ᠢᠶᠠᠨ ᠤᠳᠤ ᠠᠴᠠ ᠡᠬᠢᠯᠡᠨ ᠬᠢᠵᠦ᠂ ᠡᠯᠡᠰᠦ ᠰᠢᠭᠤᠷᠭ᠎ᠠ ᠶᠢ ᠭᠢᠰᠬᠢᠵᠦ᠂ | ᠨᠤᠲᠤᠭ ᠤᠨ ᠠᠬ᠎ᠠ ᠳᠡᠭᠦᠦ ᠨᠡᠷ ᠦᠨ ᠳᠤ ᠤᠴᠢᠬᠤ ᠠᠴᠠ ᠡᠬᠢᠯᠡᠨ ᠴᠢᠷᠮᠠᠶᠢᠨ᠎ᠠ ᠭᠡᠵᠤ ᠪᠤᠳᠤᠪᠠ ᠃ | ᠬᠠᠷᠢᠶᠠᠲᠤ ᠣᠷᠣᠨ ᠤ ᠪᠠᠨ ᠪᠠᠶᠢᠳᠠᠯ ᠢ ᠪᠥᠬᠥ ᠲᠠᠯ᠎ᠠ ᠪᠠᠷ ᠣᠶᠢᠯᠠᠭᠠᠵᠤ ᠡᠵᠡᠮᠰᠢᠬᠦ ᠶᠢᠨ ᠲᠥᠯᠥᠭᠡ ᠂ ᠵᠣᠣ ᠵᠢᠶᠧ | ᠵᠢᠭᠠᠨ ᠵᠢᠯᠣᠭᠣᠳᠣᠭᠴᠢ ᠲᠣᠮᠢᠯᠠᠭᠰᠠᠨ ᠰᠠᠯᠪᠤᠷᠢ ᠶᠢᠨ ᠭᠠᠳᠠᠭᠠᠳᠤ ᠦᠶᠯᠡᠴᠢᠯᠡᠭᠡᠨ ᠦ ᠴᠠᠭᠳᠠᠭ᠎ᠠ ᠶᠢ | ᠳᠠᠭᠠᠭᠤᠯᠤᠨ ᠨᠢᠭᠡ ᠨᠢᠭᠡ ᠬᠡᠷ ᠢᠶᠡᠷ ᠶᠠᠪᠤᠵᠤ ᠂ ᠨᠢᠭᠡ ᠨᠢᠭᠡ ᠡᠷᠦᠬᠡ ᠪᠡᠷ ᠵᠣᠭᠣᠭᠳᠠᠨ ᠶᠠᠪᠤᠳᠠᠭ᠃ | ᠨᠢᠭᠡ ᠡᠳᠦᠷ ᠴᠢᠯᠠᠭᠤᠨ ᠵᠠᠮ ᠢᠶᠠᠷ ᠶᠠᠪᠤᠬᠤ ᠳᠤ ᠱᠠᠬᠠᠶ ᠭᠤᠲᠤᠯ ᠤᠨ ᠳᠣᠲᠣᠷ᠎ᠠ ᠨᠢ ᠡᠯᠡᠰᠦ ᠰᠢᠷᠤᠢ ᠪᠠᠷ ᠳᠦᠭᠦᠷᠡᠩ᠂ | ᠦᠳᠡ ᠪᠠ ᠦᠳᠡ ᠶᠢᠨ ᠬᠣᠶᠢᠨᠠ ᠴᠤ ᠬᠣᠭᠣᠯᠠ ᠬᠦᠨᠡᠰᠦ ᠢᠳᠡᠵᠦ ᠥᠬᠡᠶ ᠪᠠᠶᠢᠳᠠᠭ᠃ ᠭᠣᠪᠢ ᠤᠷᠤᠨ ᠤ | ᠠᠷᠠᠳ ᠤᠨ ᠴᠠᠭᠳᠠᠭ᠎ᠠ ᠨᠢ ᠬᠤᠲᠠᠵᠡᠭᠡᠯᠢ ᠶᠢᠨ ᠠᠷᠠᠳ ᠤᠨ ᠴᠠᠭᠳᠠᠭ᠎ᠠ ᠡᠴᠡ ᠢᠯᠭᠠᠭ᠎ᠠ ᠲᠠᠶ ᠪᠠᠶᠢᠳᠠᠭ ᠃ | ᠬᠦᠴᠢᠷ ᠵᠣᠪᠠᠯᠠᠩ ᠢ ᠢᠯᠠᠨ ᠳᠠᠪᠠᠵᠤ ᠂ ᠦᠨᠳᠦᠰᠦᠨ ᠱᠠᠲᠤ ᠳᠤ ᠭᠦᠨᠵᠡᠭᠡᠶᠢᠷᠡᠵᠦ ᠭᠡᠷ ᠤᠨ ᠠᠵᠢᠯ ᠳᠤ | ᠤᠷᠤᠯᠴᠠᠬᠤ ᠪᠣᠯ ᠲᠡᠳᠡᠨ ᠤ ᠡᠳᠦᠷ ᠲᠤᠲᠤᠮ ᠂ ᠬᠠᠯᠠᠭᠤᠨ ᠳᠤᠯᠠᠭᠠᠨ ᠢ ᠨᠢ ᠠᠰᠠᠭᠤᠵᠤ ᠵᠣᠭᠣᠭ ᠳᠡᠯᠭᠡᠬᠦ ᠪᠣᠯ | ᠲᠡᠳᠡᠨ ᠦ ᠮᠠᠯᠴᠢᠨ ᠲᠦᠮᠡᠨ ᠲᠡᠶ ᠣᠶᠢᠷᠠᠲᠤᠭᠤᠯᠬᠤ ᠳᠤ ᠡᠷᠬᠡᠪᠰᠢ ᠱᠠᠭᠠᠷᠳᠠᠭᠳᠠᠬᠤ ᠮᠡᠷᠭᠡᠵᠢᠯ | ᠪᠣᠯᠤᠨ᠎ᠠ ᠃ | ᠬᠠᠷᠢᠶᠠᠲᠤ ᠣᠷᠣᠨ ᠳᠤ ᠨᠠᠰᠤᠲᠠᠶᠢᠴᠤᠳ ᠣᠯᠠᠨ ᠪᠠᠶᠢᠳᠠᠭ ᠪᠣᠯᠬᠣᠷ ᠲᠣᠮᠢᠯᠠᠭᠰᠠᠨ ᠰᠠᠯᠪᠤᠷᠢ ᠶᠢᠨ ᠴᠠᠭᠳᠠᠭ᠎ᠠ ᠨᠠᠷ | ᠰᠢᠭᠤᠳ ᠨᠠᠰᠤᠲᠠᠨ ᠤ ᠬᠡᠦᠬᠡᠳ ᠢᠶᠡᠷ ᠥᠪᠡᠷ ᠢ ᠪᠡᠨ ᠦᠵᠡᠳᠡᠭ᠂ ᠪᠠᠲᠤ ᠡᠪᠦᠭᠡ ᠡ᠂ ᠲᠠᠨ ᠤ ᠡᠨᠡ ᠵᠢᠯ ᠦᠨ | ᠡᠪᠡᠰᠦ ᠪᠣᠷᠳᠣᠭ᠎ᠠ ᠪᠠᠨ ᠬᠤᠳᠠᠯᠳᠤᠨ ᠠᠪᠤᠭᠰᠠᠨ ᠦᠦ᠂ ᠦᠨ᠎ᠡ ᠨᠢ ᠥᠨᠳᠥᠷ ᠦᠦ ᠦᠭᠡᠢ ᠦᠦ᠂ ᠠᠯᠢ ᠨᠢᠭᠡ ᠡᠳᠦᠷ | ᠲᠣᠮᠢᠯᠠᠭᠰᠠᠨ ᠰᠠᠯᠪᠤᠷᠢ ᠠᠴᠠ ᠬᠠᠪᠰᠤᠷᠴᠤ ᠡᠪᠡᠰᠦ ᠪᠣᠷᠳᠣᠭ᠎ᠠ ᠪᠠᠨ ᠠᠴᠢᠶᠠᠯᠠᠵᠤ ᠪᠠᠭᠤᠯᠭᠠᠭᠰᠠᠭᠠᠷ | ᠤᠲᠠᠰᠤᠳᠠᠴᠢᠬᠠ ᠳ᠋ᠠ ︕ ᠂ ᠡᠵᠢ ᠡ ᠂ ᠴᠢᠰᠤᠨ ᠳᠠᠷᠤᠯᠲᠠ ᠶᠢ ᠪᠠᠭᠤᠷᠠᠭᠤᠯᠬᠤ ᠡᠮ ᠢ ᠪᠢ ᠲᠠᠨ ᠳᠤ ᠠᠪᠴᠢᠷᠠᠯ᠎ᠠ ᠂ | ᠲᠠ ᠢᠳᠡᠵᠦ ᠪᠠᠨ ᠪᠢᠲᠡᠭᠡᠶ ᠮᠠᠷᠲᠠᠴᠢᠬ᠎ᠠ ︾ ᠂ ︽ᠸᠠᠩ ᠠᠨᠢᠶ᠎ᠠ ᠡ ᠂ ᠰᠢᠯᠭᠠᠨ ᠪᠠᠲᠤᠯᠠᠬᠤ ᠨᠣᠮᠧᠷ | ᠣᠯᠤᠭᠰᠠᠨ ᠪᠣᠯ ᠪᠢᠲᠡᠭᠡᠶ ᠳᠤᠷ᠎ᠠ ᠪᠠᠷ ᠢᠶᠠᠨ ᠪᠤᠰᠤᠳ ᠲᠤ ᠥᠭᠭᠦᠭᠡᠴᠢ ᠂ ᠤᠴᠢᠷ ᠭᠠᠷᠪᠠᠯ ᠲᠠ | ᠰᠢᠭᠤᠳ ᠨᠠᠳᠠ ᠤᠷᠤᠭᠤ ᠤᠲᠠᠰᠤᠳᠠᠭᠠᠷᠠᠶ ︕ ︾ ᠃ ᠳᠡᠭᠡᠷᠡᠬᠢ ᠪᠠᠶᠢᠳᠠᠯ ᠰᠢᠭ᠋ ᠡᠳᠦᠷ ᠲᠤᠲᠤᠮ ᠤᠨ | ᠬᠥᠳᠡᠭᠡ ᠪᠠᠭᠤᠵᠤ ᠠᠶᠢᠯᠴᠢᠯᠠᠨ ᠰᠤᠷᠪᠤᠯᠵᠢᠯᠠᠬᠤ ᠳᠠᠭᠠᠨ ᠮᠠᠯᠴᠢᠳ ᠲᠤ ᠰᠢᠨ᠎ᠡ ᠰᠣᠷᠭᠣᠭ ᠢᠳᠡᠰᠢᠨ ᠨᠣᠭᠣᠭ᠎ᠠ᠂ | ᠠᠮᠤ ᠪᠤᠳᠠᠭ᠎ᠠ ᠬᠣᠯᠢᠰᠢᠨ ᠢᠳᠡᠭᠡᠨ ᠠᠪᠴᠢᠷᠠᠨ ᠥᠭᠴᠦ᠂ ᠮᠠᠯᠴᠢᠳ ᠢ ᠬᠠᠪᠰᠤᠷᠤᠨ ᠮᠠᠯ ᠲᠡᠵᠢᠭᠡᠯᠭᠡᠬᠦ᠂ ᠲᠡᠮᠡᠭᠡ | ᠲᠠᠭᠤᠬᠤ ᠨᠢ ᠪᠦᠷ ᠭᠠᠷ ᠤᠨ ᠠᠶ᠎ᠠ ᠪᠠᠷ ᠶᠠᠪᠤᠭᠳᠠᠳᠠᠭ᠃ | ᠨᠢᠭᠡᠨ ᠤᠳᠠᠭᠠᠨ ᠤ ᠲᠤᠭᠰᠢᠨ ᠰᠢᠭᠤᠷᠭ᠎ᠠ ᠳᠣᠣᠷ᠎ᠠ᠂ ᠬᠠᠷᠢᠶᠠᠲᠤ ᠣᠷᠣᠨ ᠤ ᠭᠠᠭᠴᠠᠭᠠᠷ ᠰᠠᠭᠤᠭ᠎ᠠ ᠮᠠᠯᠴᠢᠨ | ᠭᠡᠷᠡᠯᠴᠢᠮᠡᠭ ᠦᠨ ᠭᠡᠷ ᠦᠨ ᠨᠡᠷᠡᠨ ᠦ ᠡᠨᠧᠷᠭᠢ ᠶᠢᠨ ᠴᠠᠬᠢᠯᠭᠠᠨ ᠭᠠᠷᠭᠠᠬᠤ ᠬᠠᠪᠲᠠᠰᠤ ᠨᠢ ᠡᠪᠳᠡᠷᠡᠪᠡ ᠂ ᠵᠢᠯ ᠲᠤᠷᠰᠢ | ᠭᠠᠭᠴᠠᠭᠠᠷ ᠢᠶᠠᠨ ᠰᠠᠭᠤᠵᠤ ᠪᠠᠶᠢᠭᠰᠠᠨ ᠭᠡᠷᠡᠯᠴᠢᠮᠡᠭ ᠲᠤᠭᠰᠢᠨ ᠰᠠᠯᠬᠢᠨ ᠤ ᠡᠮᠦᠨ᠎ᠡ ᠤᠬᠠᠭᠠᠨ ᠪᠠᠯᠠᠷᠠᠪᠠ᠂ ᠴᠠᠬᠢᠯᠭᠠᠨ | ᠲᠠᠰᠤᠷᠠᠭᠰᠠᠨ ᠠᠴᠠ ᠭᠡᠷ ᠨᠢ ᠬᠠᠷᠠᠩᠭᠤᠶ ᠪᠤᠯᠵᠤ᠂ ᠤᠲᠠᠰᠤ ᠴᠤ ᠤᠲᠠᠰᠤᠳᠠᠵᠤ ᠳᠡᠶᠢᠯᠬᠦ | ᠦᠭᠡᠢ ᠪᠤᠯᠤᠭᠰᠠᠨ ᠠᠴᠠ ᠭᠡᠷ ᠲᠡᠬᠡᠨ ᠯᠡ ᠶᠠᠭᠠᠷᠠᠨ ᠰᠠᠨᠳᠤᠷᠴᠤ ᠯᠠ ᠰᠠᠭᠤᠨ᠎ᠠ᠃ | ᠶᠠᠭ ᠰᠠᠶᠢᠬᠠᠨ ᠳᠠᠭᠠᠷᠠᠭᠰᠠᠨ ᠶᠠᠪᠤᠳᠠᠯ ᠭᠡᠪᠡᠯ ᠂ ᠪᠠᠶᠢᠨ ᠳᠠᠬᠢᠨ ᠬᠥᠳᠡᠭᠡ ᠪᠠᠭᠤᠳᠠᠭ ᠵᠣᠣ ᠵᠢᠶᠧ ᠲᠡᠶ ᠲᠠᠭᠠᠷᠠᠯᠳᠤᠵᠠᠢ ᠂ | ᠲᠡᠷᠡ ᠪᠠᠶᠢᠳᠠᠯ ᠢ ᠦᠵᠡᠮᠡᠭᠴᠡ ᠠᠷᠠᠳ ᠤᠨ ᠴᠠᠭᠳᠠᠭ᠎ᠠ ᠨᠠᠷ ᠢ ᠳᠠᠶᠢᠴᠢᠯᠠᠵᠤ ᠨᠡᠷᠡᠨ ᠦ ᠪᠠᠷᠠᠭᠤᠨ ᠠᠴᠠ | ᠰᠢᠩᠭᠡᠬᠦ ᠠᠴᠠ ᠡᠮᠦᠨ᠎ᠡ ᠴᠠᠬᠢᠯᠭᠠᠨ ᠭᠠᠷᠭᠠᠬᠤ ᠬᠠᠪᠲᠠᠰᠤ ᠶᠢ ᠵᠠᠰᠠᠵᠤ ᠳᠠᠭᠤᠰᠬᠠᠪᠠ ᠃ ᠵᠠᠰᠠᠵᠤ | ᠳᠠᠭᠤᠰᠬᠠᠭᠰᠠᠨ ᠤ ᠳᠠᠷᠠᠭ᠎ᠠ ᠵᠣᠣ ᠵᠢᠶᠧ ᠮᠥᠨ ᠯᠡ ᠰᠠᠨᠠᠭ᠎ᠠ ᠠᠮᠤᠷ ᠥᠬᠡᠶ ᠪᠠᠶᠢᠵᠤ ᠂ ᠬᠦᠶᠲᠡᠨ ᠰᠠᠯᠬᠢᠨ ᠤ ᠳᠤᠮᠳᠠ | ᠬᠠᠭᠠᠰ ᠴᠠᠭ ᠭᠠᠷᠤᠶ ᠵᠣᠭᠰᠣᠵᠤ ᠂ ᠴᠠᠬᠢᠯᠭᠠᠨ ᠭᠠᠷᠭᠠᠬᠤ ᠬᠠᠪᠲᠠᠰᠤᠨ ᠤ ᠬᠡᠪ ᠦᠨ ᠪᠠᠶᠢᠳᠠᠯ ᠢᠶᠠᠷ | ᠠᠵᠢᠯᠯᠠᠬᠤ ᠶᠢ ᠪᠠᠲᠤᠯᠠᠪᠠ ᠃ | ᠤᠳᠠᠯ ᠦᠭᠡᠢ ᠲᠩᠷᠢ ᠶᠢᠨ ᠬᠠᠶᠠᠭᠠᠨ ᠤ ᠬᠠᠮᠤᠭ ᠰᠡᠭᠦᠯᠴᠢ ᠶᠢᠨ ᠨᠢᠭᠡ ᠵᠤᠷᠪᠤᠰ ᠭᠡᠷᠡᠯ ᠬᠠᠷᠠᠩᠭᠤᠶ ᠳᠤ | ᠵᠠᠯᠭᠢᠭᠳᠠᠨ ᠂ ᠰᠥᠨᠢ ᠶᠢᠨ ᠨᠠᠮ ᠬᠥᠮ ᠪᠦᠬᠦ ᠭᠠᠵᠠᠷ ᠢ ᠪᠦᠷᠬᠦᠪᠡ ᠃ ᠰᠠᠯᠬᠢᠨ ᠳᠤ ᠮᠣᠳᠣᠨ | ᠨᠠᠪᠴᠢ ᠠᠯᠭᠤᠷᠬᠠᠨ ᠢᠶᠠᠷ ᠡᠷᠭᠢᠯᠳᠦᠵᠦ᠂ ᠭᠡᠷᠡᠯᠴᠢᠮᠡᠭ ᠠᠨᠢᠶ᠎ᠠ ᠭᠡᠷ ᠦᠨ ᠳ᠋ᠧᠩ ᠢᠶᠠᠨ ᠨᠣᠴᠣᠭᠠᠪᠠ ᠃ | ᠰᠤᠯᠠᠬᠠᠨ ᠭᠡᠷᠡᠯ ᠭᠡᠷᠡᠯᠴᠢᠮᠡᠭ ᠠᠨᠢᠶ᠎ᠠ ᠶᠢᠨ ᠰᠠᠯᠬᠢ ᠪᠣᠷᠣᠭᠠᠨ ᠢ ᠲᠤᠭᠤᠯᠤᠭᠰᠠᠨ ᠴᠢᠷᠠᠶ ᠳᠡᠭᠡᠷ᠎ᠡ | ᠳᠤᠰᠤᠨ᠎ᠠ ᠃ ᠲᠤᠩᠭᠠᠯᠠᠭ ᠨᠢᠳᠦᠨ ᠳᠦᠨᠢ ᠠᠮᠠᠷᠬᠠᠨ ᠮᠡᠳᠡᠭᠳᠡᠬᠦ ᠦᠭᠡᠢ ᠨᠢᠯᠪᠤᠰᠤ ᠭᠢᠯᠠᠯᠵᠠᠭᠤᠯᠤᠨ ᠂ | ᠪᠦᠳᠡᠭᠢ ᠭᠡᠷᠡᠯ ᠬᠠᠷᠠᠩᠭᠤᠶ ᠶᠢᠨ ᠭᠡᠯᠮᠡᠭᠳᠡᠯ ᠢ ᠰᠠᠷᠨᠢᠭᠤᠯᠵᠤ ᠂ ᠭᠡᠷᠡᠯᠴᠢᠮᠡᠭ ᠠᠨᠢᠶ᠎ᠠ ᠶᠢᠨ ᠲᠠ ᠨᠠᠷ ᠲᠤ | ᠲᠠᠯᠠᠷᠬᠠᠵᠤ ᠪᠠᠶᠢᠨ᠎ᠠ ᠂ ᠲᠣᠮᠢᠯᠠᠭᠰᠠᠨ ᠰᠠᠯᠪᠤᠷᠢ ᠶᠢᠨ ᠪᠢᠳᠡᠨ ᠢ ᠢᠮᠠᠭᠲᠠ ᠰᠠᠬᠢᠨ | ᠬᠠᠮᠠᠭᠠᠯᠠᠭᠰᠠᠭᠠᠷ ᠢᠷᠡᠭᠰᠡᠨ ᠳᠦ ᠲᠠᠯᠠᠷᠬᠠᠵᠤ ᠪᠠᠶᠢᠨ᠎ᠠ ᠁ ᠭᠡᠰᠡᠨ ᠦᠭᠡ | ᠮᠣᠩᠭᠣᠯ ᠭᠡᠷ ᠲᠦ ᠤᠳᠠᠲᠠᠯ᠎ᠠ ᠴᠤᠤᠷᠢᠶᠠᠳᠤᠨ᠎ᠠ ᠂ ᠠᠷᠠᠳ ᠤᠨ ᠴᠠᠭᠳᠠᠭ᠎ᠠ ᠨᠠᠷ ᠥᠪᠡᠷ ᠦᠨ ᠬᠢᠪᠡᠰᠦ | ᠵᠣᠬᠢᠬᠤ ᠶᠠᠪᠤᠳᠠᠯ ᠢᠶᠠᠨ ᠯᠠ ᠬᠢᠵᠦ ᠪᠠᠶᠢᠭᠰᠠᠨ ᠪᠣᠯᠪᠠᠴᠤ ᠮᠠᠯᠴᠢᠳ ᠲᠤ ᠠᠪᠴᠣ ᠬᠡᠯᠡᠪᠡᠯ ᠬᠠᠷᠢᠨ | ᠳᠠᠭᠠᠷᠠᠭᠰᠠᠨ ᠬᠥᠮᠦᠨ ᠳᠦ ᠳᠠᠬᠤ ᠬᠦᠷᠭᠡᠬᠦ ᠤᠴᠢᠷ ᠪᠤᠯᠠᠬᠤ ᠶᠤᠮ᠃ | ᠡᠶᠢᠮᠦᠷᠬᠦ ᠪᠠᠴᠢᠮ ᠪᠠᠶᠢᠳᠠᠯ ᠢ ᠠᠪᠤᠷᠠᠬᠤ ᠶᠠᠪᠤᠳᠠᠯ ᠪᠠᠰᠠ ᠮᠠᠰᠢ ᠤᠯᠠᠨ ᠪᠠᠶᠢᠨ᠎ᠠ᠂ ᠪᠦᠬᠦ ᠬᠠᠷᠢᠶ᠎ᠠ ᠣᠷᠣᠨ ᠳᠤ | ᠲᠣᠮᠢᠯᠠᠭᠰᠠᠨ ᠰᠠᠯᠪᠤᠷᠢ ᠠᠴᠠ ᠲᠤᠰᠠᠯᠠᠮᠵᠢ ᠭᠤᠶᠤᠭᠰᠠᠨ ᠦᠭᠡᠢ ᠮᠠᠯᠴᠢᠨ ᠡᠷᠦᠬᠡ ᠭᠡᠵᠦ ᠦᠭᠡᠢ᠃ | ᠦᠨᠡᠨ ᠳᠡᠭᠡᠨ ᠂ ᠬᠢᠯᠢ ᠶᠢᠨ ᠲᠣᠮᠢᠯᠠᠭᠰᠠᠨ ᠰᠠᠯᠪᠤᠷᠢ ᠳᠤ ᠠᠪᠴᠤ ᠬᠡᠯᠡᠪᠡᠯ᠂ ᠬᠢᠯᠢ ᠬᠢᠵᠠᠭᠠᠷ ᠤᠨ ᠭᠣᠸᠯ ᠠᠵᠢᠯ ᠢ ᠰᠠᠬᠢᠨ | ᠬᠠᠮᠠᠭᠠᠯᠠᠬᠤ ᠠᠴᠠ ᠭᠠᠳᠠᠨ᠎ᠠ᠂ ᠬᠢᠯᠢ ᠶᠢᠨ ᠣᠷᠣᠨ ᠤ ᠮᠠᠯᠴᠢᠳ ᠲᠤ ᠰᠠᠶᠢᠲᠤᠷ | ᠦᠶᠯᠡᠴᠢᠯᠡᠬᠦ ᠨᠢ ᠴᠦ ᠵᠠᠶᠢᠯᠠᠭᠤᠯᠵᠤ ᠪᠣᠯᠤᠰᠢ ᠥᠬᠡᠶ ᠬᠠᠷᠢᠭᠤᠴᠠᠯᠭ᠎ᠠ ᠪᠣᠯᠬᠤ ᠶᠤᠮ ᠃ | ᠰᠦᠬᠡᠳᠠᠯᠠᠢ ᠠᠪᠠᠭ᠎ᠠ ᠶᠢ ᠬᠠᠪᠰᠤᠷᠤᠨ ᠲᠡᠮᠡᠭᠡ ᠡᠷᠢᠬᠦ ᠂ ᠬᠥᠮᠦᠵᠢᠯ ᠠᠪᠠᠭ᠎ᠠ ᠶᠢᠨ ᠬᠤᠨᠢᠨ ᠤ ᠬᠠᠰᠢᠶ᠎ᠠ ᠶᠢ ᠴᠡᠪᠡᠷᠯᠡᠵᠦ᠂ | ᠬᠦᠨᠳᠦ ᠠᠵᠢᠯ ᠬᠢᠬᠦ᠂ ᠪᠠᠲᠤ ᠨᠠᠰᠣᠲᠠᠨ ᠳᠤ ᠦᠨ᠎ᠡ ᠲᠥᠯᠥᠪᠦᠷᠢ ᠦᠭᠡᠢ ᠪᠡᠷ ᠪᠤᠳᠠᠭ᠎ᠠ ᠪᠤᠳᠠᠭ᠎ᠠ ᠬᠤᠳᠠᠯᠳᠤᠨ ᠠᠪᠴᠤ | ᠥᠭᠬᠦ ᠡᠳᠡᠭᠡᠷ ᠵᠢᠵᠢᠭ ᠰᠠᠵᠢᠭ ᠶᠠᠪᠤᠳᠠᠯ ᠤᠳ ᠢ ᠲᠡᠳᠡ ᠡᠳᠦᠷ ᠡᠳᠦᠷ ᠬᠢᠵᠦ ᠪᠠᠶᠢᠨ᠎ᠠ᠃ ᠡᠨᠡ ᠬᠦ ᠶᠠᠪᠤᠴᠠ ᠳᠤ ᠣᠯᠳᠠᠬᠤᠶ᠎ᠠ | ᠪᠡᠷᠬᠡ ᠶᠠᠪᠤᠳᠠᠯ ᠪᠣᠯ ᠨᠢᠭᠡ ᠡᠳᠦᠷ ᠦᠨ ᠪᠤᠶᠠᠨ ᠦᠢᠯᠡᠳᠬᠦ ᠶᠠᠪᠤᠳᠠᠯ ᠪᠢᠰᠢ᠂ ᠬᠠᠷᠢᠨ ᠬᠡᠳᠦᠨ ᠠᠷᠪᠠᠨ ᠵᠢᠯ ᠢᠶᠠᠷ ᠲᠠᠬᠢᠨ | ᠳᠠᠪᠲᠠᠨ ᠮᠠᠯᠵᠢᠬᠤ ᠡᠷᠤᠭᠡ ᠠᠵᠢᠯ ᠢ ᠬᠠᠮᠵᠢᠨ ᠬᠢᠬᠦ ᠶᠠᠪᠤᠳᠠᠯ ᠪᠣᠯᠤᠨ᠎ᠠ᠃ ᠡᠯᠡᠰᠦᠨ ᠴᠥᠯ ᠡᠴᠡ | ᠲᠥᠭᠡᠷᠢᠭᠰᠡᠨ ᠲᠡᠮᠡᠭᠡ ᠶᠢ ᠡᠷᠢᠬᠦ ᠪᠣᠯᠭᠠᠨ ᠠᠶᠤᠯ ᠲᠦᠭᠰᠢᠭᠦᠷᠢ ᠪᠡᠷ ᠳᠦᠭᠦᠷᠦᠭᠰᠡᠨ ᠠᠶᠠᠯᠠᠯ | ᠪᠣᠯᠤᠨ᠎ᠠ ᠃ | ᠤᠳᠠᠭ᠎ᠠ ᠪᠦᠷᠢ ᠨᠢᠭᠡ ᠲᠤᠬᠤᠢ ᠭᠦᠨ ᠬᠤᠨᠢᠨ ᠤ ᠬᠠᠰᠢᠶ᠎ᠠ ᠶᠢ ᠴᠡᠪᠡᠷᠯᠡᠬᠦ ᠳᠦ ᠴᠥᠮ ᠲᠣᠭ᠎ᠠ ᠲᠣᠮᠰᠢ ᠦᠭᠡᠢ | ᠰᠢᠷᠭᠠᠭᠤ ᠬᠥᠳᠡᠯᠮᠦᠷᠢ ᠶᠢᠨ ᠬᠦᠴᠦ ᠬᠥᠯᠥᠰᠥ ᠪᠡᠨ ᠤᠷᠤᠰᠬᠠᠳᠠᠭ᠃ ᠤᠳᠠᠭ᠎ᠠ ᠪᠦᠷᠢ ᠮᠠᠯᠴᠢᠳ ᠢ | ᠬᠠᠪᠰᠤᠷᠤᠨ ᠠᠷᠪᠠᠨ ᠬᠡᠳᠦᠨ ᠺᠢᠯᠣᠮᠧᠲ᠋ᠷ ᠦᠨ ᠴᠠᠭᠠᠨ᠎ᠠ ᠬᠦᠷᠴᠦ ᠡᠳᠦᠷ ᠲᠤᠲᠤᠮ ᠤᠨ ᠤᠤᠭᠤᠬᠤ | ᠤᠰᠤ ᠶᠢ ᠵᠥᠭᠡᠭᠡᠪᠦᠷᠢᠯᠡᠬᠦ ᠳᠡᠭᠡᠨ ᠬᠡᠳᠦᠨ ᠲᠣᠨ ᠤᠰᠤ ᠶᠢ ᠰᠠᠭᠤᠯᠠᠭᠠᠨ ᠳᠤ ᠬᠢᠵᠦ ᠂ ᠳᠠᠬᠢᠨ ᠪᠠᠲᠤ ᠪᠡᠬᠢ | ᠮᠥᠷᠦᠨ ᠳᠡᠭᠡᠷ᠎ᠡ ᠪᠠᠨ ᠡᠭᠦᠷᠴᠦ ᠵᠣᠭᠣᠷᠢᠨ ᠳᠤ ᠨᠢ ᠡᠭᠦᠷᠴᠦ ᠣᠷᠤᠭᠤᠯᠵᠤ ᠦᠭᠭᠦᠨ᠎ᠡ᠃ ᠡᠨᠡ ᠬᠦ ᠶᠠᠪᠤᠴᠠ ᠳᠤ | ᠬᠦᠴᠢᠷ ᠪᠡᠷᠬᠡᠰᠢᠶᠡᠯ ᠲᠡᠶ ᠭᠠᠵᠠᠷ ᠨᠢ ᠲᠡᠳᠡᠭᠡᠷ ᠶᠠᠳᠠᠷᠠᠭ᠎ᠠ ᠲᠠᠶ ᠬᠦᠴᠦᠨ ᠦ ᠠᠵᠢᠯ ᠢ ᠬᠢᠬᠦ ᠪᠢᠰᠢ᠂ ᠬᠠᠷᠢᠨ | ᠡᠳᠦᠷ ᠡᠳᠦᠷ ᠮᠠᠯᠴᠢᠳ ᠲᠠᠶ ᠬᠠᠮᠲᠤ ᠪᠠᠷ ᠠᠮᠢᠳᠤᠷᠠᠵᠤ ᠪᠠᠶᠢᠭ᠎ᠠ ᠰᠢᠭ᠋ ᠲᠠᠩ ᠴᠤᠯᠭᠤᠶ ᠡᠳᠦᠷ ᠳᠤᠲᠣᠮ ᠪᠣᠯᠤᠨ᠎ᠠ | ᠡᠨᠡ ᠨᠢ ᠮᠥᠨ ᠴᠦ ᠨᠡᠶᠢᠳᠡᠮ ᠳᠡᠭᠡᠨ ᠪᠣᠶᠢᠳᠠ ᠪᠥᠭᠯᠡᠭᠦᠦ ᠬᠢᠯᠢ ᠬᠢᠵᠠᠭᠠᠷ ᠤᠨ ᠲᠣᠮᠢᠯᠠᠭᠰᠠᠨ ᠰᠠᠯᠪᠤᠷᠢ ᠶᠢᠨ | ᠶᠡᠷᠦᠳᠡ ᠶᠢᠨ ᠪᠠᠶᠢᠳᠠᠯ ᠪᠣᠯᠤᠨ᠎ᠠ ᠂ ᠠᠯᠠᠱᠠ ᠶᠢᠨ ᠬᠢᠯᠢ ᠶᠢᠨ ᠬᠠᠮᠢᠶᠠᠷᠤᠯᠲᠠ ᠶᠢᠨ ᠰᠠᠯᠪᠤᠷᠢ ᠠᠩᠬᠢ ᠳᠤ᠂ | ᠮᠠᠽᠦ᠋ᠩᠱᠠᠨ ᠠᠭᠤᠯᠠ ᠶᠢᠨ ᠬᠢᠯᠢ ᠶᠢᠨ ᠲᠣᠮᠢᠯᠠᠭᠰᠠᠨ ᠰᠠᠯᠪᠤᠷᠢ ᠰᠢᠭ᠋ ᠪᠤᠢᠢᠳᠠ ᠪᠥᠭᠯᠡᠭᠦᠦ ᠭᠠᠵᠠᠷ ᠮᠠᠰᠢ ᠤᠯᠠᠨ ᠪᠤᠢ᠂ | ᠪᠢ ᠪᠠᠰᠠ ᠪᠤᠢᠢᠳᠠ ᠪᠥᠭᠯᠡᠭᠦᠦ ᠬᠢᠯᠢ ᠶᠢᠨ ᠲᠣᠮᠢᠯᠠᠭᠰᠠᠨ ᠰᠠᠯᠪᠤᠷᠢ ᠳᠤ ᠠᠮᠢᠳᠤᠷᠠᠵᠤ ᠠᠵᠢᠯᠯᠠᠵᠤ ᠥᠩᠭᠡᠷᠡᠵᠡᠢ᠂ ᠠᠳᠡ | ︽ᠶᠢᠷᠲᠢᠨᠴᠦ ᠶᠢᠨ ᠭᠠᠳᠠᠨᠠᠬᠢ ᠲᠤᠭᠤᠷ ᠤᠨ ᠬᠦᠷᠢᠶᠡᠯᠡᠩ︾ ᠲᠠᠢ ᠠᠳᠠᠯᠢ᠂ ᠭᠡᠪᠡᠴᠦ ︽ᠠᠩᠬᠢᠯᠤᠮ᠎ᠠ ᠰᠠᠶᠢᠬᠠᠨ | ᠡᠪᠡᠰᠦ ᠪᠡᠯᠴᠢᠭᠡᠷ︾ ᠪᠠᠶᠢᠬᠤ ᠦᠭᠡᠢ᠂ ︽ᠰᠠᠶᠢᠨ ᠲᠠᠷᠢᠶ᠎ᠠ᠂ ᠦᠵᠡᠰᠬᠦᠯᠡᠩᠲᠦ ᠨᠠᠭᠤᠷ᠂ ᠢᠯᠠᠮ᠎ᠠ | ᠬᠤᠯᠤᠰᠤᠨ ᠤ ᠲᠦᠷᠦᠯ︾ ᠴᠦ ᠪᠠᠶᠢᠬᠤ ᠦᠭᠡᠢ᠂ ᠭᠡᠪᠡᠴᠦ ᠳᠣᠲᠣᠭᠠᠳᠤ ᠰᠡᠳᠬᠢᠯ ᠦᠨ ᠬᠦᠴᠦᠨ | ᠴᠢᠳᠠᠯ ᠪᠣᠯᠤᠨ ᠬᠠᠶᠢᠷ᠎ᠠ ᠰᠡᠳᠬᠢᠯᠭᠡ ᠨᠢ ᠭᠠᠳᠠᠨᠠᠬᠢ ᠠᠴᠠ ᠥᠴᠦᠭᠦᠬᠡᠨ ᠴᠦ ᠲᠤᠲᠠᠬᠤ ᠦᠭᠡᠢ᠃ | ᠨᠢᠳᠦ ᠢᠷᠮᠡᠬᠦ ᠶᠢᠨ ᠵᠠᠭᠤᠷ᠎ᠠ᠂ ᠪᠤᠶᠠᠨ᠎ᠠ ᠰᠠᠯᠪᠤᠷᠢ ᠶᠢᠨ ᠳᠠᠷᠤᠭ᠎ᠠ ᠪᠣᠯᠤᠨ ᠵᠤᠤ ᠵᠢᠶᠧ ᠵᠢᠭᠠᠨ ᠵᠢᠯᠤᠭᠤᠳᠤᠬᠴᠢ | ᠮᠠᠽᠦ᠋ᠩᠱᠠᠨ ᠠᠭᠤᠯᠠᠨ ᠤ ᠬᠢᠯᠢ ᠶᠢᠨ ᠲᠣᠮᠢᠯᠠᠭᠰᠠᠨ ᠰᠠᠯᠪᠤᠷᠢ ᠳᠤ ᠢᠷᠡᠭᠡᠳ ᠨᠢᠭᠡᠨᠲᠡ ᠵᠢᠷᠭᠤᠭᠠᠨ ᠵᠢᠯ ᠪᠣᠯᠵᠠᠢ᠃ | ᠵᠠᠷᠢᠮ ᠳᠠᠭᠠᠨ ᠲᠣᠮᠢᠯᠠᠭᠰᠠᠨ ᠰᠠᠯᠪᠤᠷᠢ ᠶᠢᠨ ᠤᠳᠤᠷᠢᠳᠤᠯᠭ᠎ᠠ ᠨᠠᠷ ᠲᠡᠭᠦᠨ ᠲᠡᠶ ᠠᠳᠠᠯᠢ ᠪᠠᠷ ᠡᠨᠡᠬᠦ ᠭᠣᠪᠢ ᠶᠢᠨ | ᠳᠠᠩ ᠳᠤ ᠪᠠᠲᠤ ᠰᠠᠬᠢᠵᠤ ᠪᠠᠶᠢᠭᠰᠠᠨ ᠵᠠᠭ ᠮᠣᠳᠣ ᠶᠢ ᠰᠢᠷᠲᠡᠨ ᠂ ᠳᠡᠯ ᠠᠭᠤᠯᠠᠨ ᠤ ᠬᠢᠯᠢ ᠶᠢᠨ | ᠳᠣᠲᠣᠭᠠᠳᠤ ᠶᠢ ᠬᠠᠮᠠᠭᠠᠯᠠᠬᠤ ᠲᠣᠮᠢᠯᠠᠭᠰᠠᠨ ᠰᠠᠯᠪᠤᠷᠢ ᠶᠢᠨ ᠴᠠᠭᠳᠠᠭ᠎ᠠ ᠨᠠᠷ ᠡᠳᠡᠭᠡᠷ ᠣᠷᠬᠢᠴᠠ | ᠮᠣᠳᠣ ᠲᠠᠶ ᠠᠳᠠᠯᠢ ᠪᠠᠷ ᠠᠯᠢ ᠬᠡᠳᠦᠶᠢᠨ ᠥᠪᠡᠷ ᠦᠨ ᠦᠨᠳᠦᠰᠦ ᠪᠡᠨ ᠡᠨᠡ ᠠᠭᠤᠯᠠᠨ ᠳᠤ ᠭᠦᠨ | ᠬᠠᠳᠬᠤᠵᠤ ᠂ ᠠᠯᠢ ᠬᠡᠳᠦᠶᠢᠨ ᠡᠨᠳᠡᠬᠢ ᠶᠢᠨ ᠢᠮᠠᠬᠤ ᠶᠢᠨ ᠲᠡᠳᠦᠶ ᠭᠠᠵᠠᠷ ᠰᠢᠷᠣᠶ᠂ ᠡᠯᠡᠰᠦ ᠮᠠᠩᠬ᠎ᠠ᠂ ᠭᠣᠪᠢ ᠶᠢᠨ | ᠴᠢᠯᠠᠭᠤ ᠂ ᠮᠠᠯᠴᠢᠳ ᠨᠢᠭᠡᠪᠦᠷᠢ ᠶᠢ ᠴᠥᠮ ᠰᠡᠳᠬᠢᠯ ᠳᠡᠭᠡᠨ ᠬᠠᠳᠠᠩᠰᠢᠭᠤᠯᠤᠭᠰᠠᠨ ᠢ ᠲᠡᠳᠡ ᠮᠡᠳᠡᠳᠡᠭ᠃ | ᠡᠯᠡᠰᠦᠨ ᠴᠥᠯ ᠦᠨ ᠥᠨᠥᠴᠢᠨ ᠤᠲᠤᠭ᠎ᠠ ᠨᠢ ᠮᠠᠽᠦ᠋ᠩᠱᠠᠨ ᠠᠭᠤᠯᠠᠨ ᠤ ᠬᠢᠯᠢ ᠶᠢᠨ ᠲᠣᠮᠢᠯᠠᠭᠰᠠᠨ ᠰᠠᠯᠪᠤᠷᠢ ᠶᠢᠨ | ᠬᠠᠮᠤᠭ ᠤᠨ ᠭᠣᠶᠣ ᠦᠵᠡᠮᠵᠢ ᠮᠥᠨ ᠭᠡᠵᠦ ᠬᠡᠯᠡᠬᠦ ᠳᠦ ᠭᠦᠷᠪᠡᠯ ᠂ ᠲᠣᠮᠢᠯᠠᠭᠰᠠᠨ ᠰᠠᠯᠪᠤᠷᠢ ᠶᠢᠨ | ᠴᠠᠭᠳᠠᠭ᠎ᠠ ᠨᠠᠷ ᠦᠭᠡ ᠲᠠᠭᠤᠨ ᠥᠬᠡᠶ ᠪᠡᠷ ᠬᠤᠪᠢ ᠨᠡᠮᠡᠷᠢ ᠦᠵᠡᠭᠦᠯᠵᠦ ᠂ ᠡᠷᠡᠯᠬᠡᠭᠯᠡᠨ | ᠲᠡᠮᠡᠴᠡᠵᠦ ᠪᠠᠲᠤ ᠰᠠᠬᠢᠬᠤ ᠵᠣᠷᠢᠭ ᠰᠠᠨᠠᠭ᠎ᠠ ᠪᠠᠷ ᠠᠮᠤᠷ ᠲᠦᠪᠰᠢᠨ ᠬᠢᠯᠢ ᠶᠢᠨ ᠡᠨᠡ ᠬᠦ ᠰᠦᠷᠯᠢᠭ | ᠰᠠᠶᠢᠬᠠᠨ ᠵᠢᠷᠤᠭ ᠢ ᠵᠢᠷᠤᠭᠯᠠᠵᠤ ᠪᠠᠶᠢᠭ᠎ᠠ ᠪᠢᠯᠡ ᠃ | |