ᠹᠦᠳᠠᠨ ᠶᠡᠭᠡ ᠰᠤᠷᠭᠠᠭᠤᠯᠢ ᠶᠢᠨ ᠬᠠᠷᠢᠶᠠᠲᠤ ᠬᠠᠪᠤᠳᠠᠷ ᠤᠨ ᠡᠮᠨᠡᠯᠭᠡ ᠶᠢᠨ ᠬᠤᠷᠢᠶᠠᠨ ᠤ ᠬᠤᠣᠷᠲᠤ ᠴᠢᠨᠠᠷᠲᠠᠢ | ᠬᠠᠷ᠎ᠠ ᠬᠠᠪᠤᠳᠠᠷ ᠢ ᠣᠨᠣᠰᠢᠯᠠᠨ ᠵᠠᠰᠠᠬᠤ ᠲᠥᠪ ᠤᠨ ᠡᠷᠬᠢᠯᠡᠭᠴᠢ ᠴᠧᠨ ᠶᠦᠩ ᠤᠨ ᠲᠠᠨᠢᠯᠴᠠᠭᠤᠯᠤᠭᠰᠠᠨ ᠢᠶᠠᠷ᠂ | ᠬᠠᠷ᠎ᠠ ᠬᠠᠪᠤᠳᠠᠷ ᠪᠣᠯ ᠨᠢᠭᠡ ᠵᠦᠢᠯ ᠤᠨ ᠬᠡᠪ ᠤᠨ ᠪᠤᠰᠤ ᠬᠠᠷ᠎ᠠ ᠥᠩᠭᠡᠨ ᠡᠳ᠋ ᠤᠨ ᠡᠰ ᠤᠨ ᠬᠡᠲᠦ ᠨᠡᠮᠡᠭᠳᠡᠯ ᠠᠴᠠ | ᠪᠣᠯᠤᠭᠰᠠᠨ ᠬᠤᠣᠷᠲᠤ ᠬᠠᠪᠤᠳᠠᠷ ᠮᠥᠨ᠂ ᠣᠯᠠᠩᠬᠢ ᠨᠢ 30 ᠨᠠᠰᠤ ᠦᠩᠭᠡᠷᠡᠭᠰᠡᠨ ᠬᠦᠮᠦᠰ ᠲᠤ ᠳᠣᠬᠢᠶᠠᠯᠳᠣᠳᠠᠭ | ᠶᠤᠮ ᠪᠠᠶᠢᠨ᠎ᠠ᠃ ᠡᠳᠦᠷ ᠲᠤᠲᠤᠮ ᠤᠨ ᠠᠮᠢᠳᠤᠷᠠᠯ ᠳᠤ ᠨᠡᠷᠡᠨ ᠳᠤ ᠰᠢᠷᠠᠭᠳᠠᠬᠤ ᠠᠴᠠ ᠰᠡᠷᠭᠡᠶᠢᠯᠡᠬᠦ ᠬᠡᠷᠡᠭᠲᠡᠢ᠃ | ᠶᠠᠮᠠᠷᠪᠠ ᠬᠥᠮᠥᠨ ᠴᠥᠮ ᠠᠷᠠᠰᠤᠨ ᠤ ᠥᠮᠡᠨ ᠳᠤ ᠨᠡᠷᠪᠡᠭᠳᠡᠵᠦ ᠮᠡᠳᠡᠨ᠎ᠡ᠂ ᠭᠡᠪᠡᠴᠦ ᠵᠠᠷᠢᠮ ᠪᠠᠶᠢᠳᠠᠯ ᠳᠤ ᠡᠶᠢᠮᠦ | ᠦᠮᠡᠨ ᠳᠤ ᠨᠡᠷᠪᠡᠭᠳᠡᠬᠦ ᠨᠣᠷᠮ᠎ᠠ ᠨᠢ ᠨᠠᠩ ᠶᠡᠭᠡ ᠪᠠᠶᠢᠳᠠᠭ᠂ ᠵᠢᠱᠢᠶᠡᠯᠡᠪᠡᠯ ᠨᠡᠷᠡᠨ ᠳᠤ ᠰᠢᠷᠠᠭᠳᠠᠭᠰᠠᠨ ᠬᠥᠮᠥᠨ ᠨᠠᠩ | ᠠᠮᠠᠷᠬᠠᠨ ᠠᠷᠠᠰᠤᠨ ᠤ ᠥᠮᠡᠨ ᠣᠯᠳᠠᠭ ᠶᠤᠮ ᠪᠠᠶᠢᠨ᠎ᠠ᠃ | ᠴᠧᠨ ᠶᠦᠩ ᠡᠷᠬᠢᠯᠡᠭᠴᠢ ᠶᠢᠨ ᠲᠠᠨᠢᠯᠴᠠᠭᠤᠯᠤᠭᠰᠠᠨ ᠢᠶᠠᠷ᠂ ᠬᠠᠷ᠎ᠠ ᠬᠠᠪᠤᠳᠠᠷ ᠤᠨ ᠬᠤᠪᠢᠷᠠᠯᠲᠠ ᠨᠢ 7 | ᠵᠦᠢᠯ ᠤᠨ ᠡᠬᠢᠨ ᠤ ᠦᠶ᠎ᠡ ᠶᠢᠨ ᠰᠢᠨᠵᠢ ᠳᠡᠮᠳᠡᠭ ᠲᠠᠢ᠄ 1. ᠬᠠᠷ᠎ᠠ ᠬᠠᠪᠤᠳᠠᠷ ᠨᠢ ᠲᠡᠭᠰᠢ ᠬᠡᠮ ᠦᠭᠡᠢ ᠪᠠᠶᠢᠵᠦ | ᠬᠠᠮᠢᠭ᠎ᠠ ᠴᠦ ᠭᠠᠷᠴᠦ ᠮᠡᠳᠡᠨ᠎ᠡ᠃ 2. ᠬᠠᠷ᠎ᠠ ᠬᠠᠪᠤᠳᠠᠷ ᠬᠤᠪᠢᠷᠠᠯᠲᠠ ᠭᠠᠷᠬᠤ ᠦᠶ᠎ᠡ ᠳᠤ ᠬᠥᠪᠡᠭᠡ ᠨᠢ ᠵᠢᠭᠳᠡ | ᠪᠤᠰᠤ ᠪᠣᠯᠵᠤ᠂ ᠬᠢᠷᠦᠭᠡᠨ ᠰᠢᠳᠦ ᠶᠢᠨ ᠬᠡᠯᠪᠡᠷᠢ ᠲᠠᠢ ᠪᠤᠯᠳᠠᠭ᠃ 3. ᠡᠩ ᠤᠨ ᠬᠠᠷ᠎ᠠ ᠬᠠᠪᠤᠳᠠᠷ ᠶᠡᠷᠦ ᠳᠡᠭᠡᠨ | ᠭᠦᠢᠬᠡᠨ ᠬᠠᠷ᠎ᠠ ᠥᠩᠭᠡᠲᠡᠢ᠂ ᠬᠠᠷᠢᠨ ᠬᠤᠤᠷᠳᠦ ᠬᠠᠷ᠎ᠠ ᠬᠠᠪᠤᠳᠠᠷ ᠲᠠᠢ ᠬᠥᠮᠥᠨ ᠤ ᠥᠩᠭᠡ ᠨᠢ ᠭᠦᠨ ᠪᠤᠶᠤ ᠵᠢᠭᠳᠡ | ᠪᠤᠰᠤ ᠬᠤᠪᠢᠷᠠᠯᠲᠠ ᠭᠠᠷᠤᠨ᠎ᠠ᠃ 4. ᠬᠠᠷ᠎ᠠ ᠬᠠᠪᠤᠳᠠᠷ ᠤᠨ ᠳ᠋ᠢᠶᠠᠮᠧᠳ᠋ᠷ ᠨᠢ 5mm ᠠᠴᠠ ᠶᠡᠭᠡ ᠪᠤᠶᠤ | ᠥᠩᠭᠡ ᠶᠢᠨ ᠲᠣᠯᠪᠤ ᠨᠢ ᠲᠣᠮᠣ ᠪᠣᠯᠬᠤ ᠦᠶ᠎ᠡ ᠳᠤ ᠬᠢᠴᠢᠶᠡᠬᠦ ᠬᠡᠷᠡᠭᠲᠡᠢ᠃ 5. ᠬᠠᠷ᠎ᠠ ᠬᠠᠪᠤᠳᠠᠷ ᠤᠨ ᠭᠤᠣᠯ ᠳᠤᠨᠢ | ᠬᠠᠲᠠᠭᠤ ᠵᠠᠩᠭᠢᠷᠠᠭ᠎ᠠ ᠭᠠᠷᠬᠤ ᠪᠤᠶᠤ ᠡᠷᠭᠢᠨ ᠲᠣᠭᠤᠷᠢᠨ ᠳᠤᠨᠢ ᠵᠢᠵᠢᠭ ᠬᠠᠷ᠎ᠠ ᠲᠣᠯᠪᠤ ᠭᠠᠷᠤᠨ᠎ᠠ᠂ ᠵᠠᠷᠢᠮ ᠬᠠᠷ᠎ᠠ | ᠬᠠᠪᠤᠳᠠᠷ ᠤᠨ ᠡᠬᠢᠨ ᠤ ᠬᠤᠭᠤᠴᠠᠭᠠᠨ ᠳᠤ ᠬᠠᠪᠤᠳᠠᠷ ᠨᠢ ᠪᠠᠭ᠎ᠠ ᠰᠠᠭ᠎ᠠ ᠭᠦᠳᠦ᠋ᠢᠨᠡ᠃ 6. ᠬᠠᠷ᠎ᠠ ᠬᠠᠪᠤᠳᠠᠷ | ᠣᠬᠤᠷᠬᠠᠨ ᠬᠤᠭᠤᠴᠠᠭᠠᠨ ᠳᠤ ᠮᠡᠳᠡᠭᠳᠡᠮ᠎ᠡ ᠶᠡᠬᠡᠰᠴᠦ᠂ ᠬᠡᠰᠡᠭ ᠭᠠᠵᠠᠷ ᠲᠤ ᠵᠠᠭᠠᠲᠤᠨᠠᠬᠤ᠂ ᠬᠠᠯᠠᠵᠤ ᠡᠪᠡᠳᠬᠦ ᠪᠠ | ᠳᠠᠷᠣᠪᠠᠯ ᠬᠦᠨᠳᠡᠬᠦᠷᠢ ᠪᠠᠶᠢᠳᠠᠭ᠃ 7. ᠬᠠᠷ᠎ᠠ ᠬᠠᠪᠤᠳᠠᠷ ᠤᠨ ᠥᠩᠭᠡᠨ ᠲᠠᠯ᠎ᠠ ᠶᠢᠨ ᠰᠢᠷ᠎ᠠ ᠦᠰᠦ ᠨᠢ ᠤᠨᠠᠬᠤ ᠪᠤᠶᠤ | ᠭᠠᠳᠠᠷ ᠬᠠᠯᠢᠰᠤ ᠨᠢ ᠥᠪᠡᠷᠲᠡᠭᠡᠨ ᠬᠠᠭᠠᠷᠠᠬᠤ᠂ ᠴᠢᠰᠤ ᠭᠠᠷᠬᠤ᠂ ᠠᠮᠠᠷᠬᠠᠨ ᠡᠳᠡᠭᠡᠷᠡᠬᠦ ᠦᠭᠡᠢ ᠰᠢᠷᠬᠠᠯᠠᠭ᠎ᠠ | ᠡᠭᠦᠰᠦᠨ᠎ᠡ᠃ ᠡᠶᠢᠮᠦᠷᠬᠦ ᠰᠢᠨᠵᠢ ᠲᠡᠮᠳᠡᠭ ᠲᠠᠢ ᠬᠥᠮᠥᠨ ᠪᠤᠯᠬᠤ ᠶᠢᠨ ᠳᠣᠳᠣᠷ᠎ᠠ ᠡᠮᠨᠡᠯᠭᠡ ᠶᠢᠨ ᠠᠷᠠᠰᠤᠨ ᠤ ᠰᠠᠯᠠᠭ᠎ᠠ | ᠪᠤᠶᠤ ᠬᠠᠪᠤᠳᠠᠷ ᠤᠨ ᠲᠤᠰᠬᠠᠢ ᠰᠠᠯᠠᠭᠠᠨ ᠳᠤ ᠣᠴᠢᠵᠦ ᠪᠠᠶᠢᠴᠠᠭᠠᠯᠭᠠᠬᠤ ᠭᠡᠷᠡᠭᠳᠡᠢ᠃ ᠣᠨᠣᠰᠢᠯᠠᠬᠤ ᠠᠴᠠ ᠡᠮᠦᠨ᠎ᠡ | ᠬᠠᠷ᠎ᠠ ᠬᠠᠪᠤᠳᠠᠷ ᠲᠡᠭᠡᠷ᠎ᠡ ᠳᠤᠷ᠎ᠠ ᠪᠠᠷ ᠢᠶᠠᠨ ᠡᠮ ᠲᠦᠷᠬᠢᠵᠦ ᠪᠣᠯᠬᠤ ᠦᠭᠡᠢ᠂ ᠨᠡᠩ ᠴᠤ ᠵᠡᠭᠦᠦ ᠪᠠᠷ ᠬᠠᠳᠬᠤᠬᠤ | ᠪᠤᠶᠤ ᠬᠥᠩᠭᠡᠨ ᠬᠠᠭᠤᠳᠠᠮ ᠢᠶᠠᠷ ᠣᠭᠲᠣᠯᠵᠤ ᠪᠣᠯᠬᠤ ᠦᠭᠡᠢ ᠶᠤᠮ᠃ |