ᠦᠨᠡᠨᠴᠢ ᠬᠡᠮᠡᠬᠦ ᠦᠰᠦᠭ ᠢ ᠵᠢᠷᠦᠬᠡᠨ ᠳᠡᠭᠡᠨ ᠰᠢᠪᠡᠵᠦ᠂ ᠢᠲᠡᠭᠡᠯ ᠬᠡᠮᠡᠬᠦ ᠦᠭᠡ ᠪᠠᠷ ᠦᠢᠯᠡᠰ ᠤᠨ | ᠬᠠᠷᠭᠤᠢ ᠪᠠᠨ ᠭᠡᠷᠡᠯᠲᠦᠭᠦᠯᠦᠭᠰᠡᠨ ᠨᠦᠩ ᠹᠧᠩ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠢᠵᠠᠭᠠᠷᠲᠤ | ᠬᠠᠷᠢᠭᠤᠴᠠᠯᠭᠠᠲᠤ ᠺᠣᠮᠫᠠᠨᠢ ᠶᠢᠨ ᠳᠠᠭᠠᠭᠠᠮᠠᠯ ᠯᠢᠨ ᠹᠠ ᠷᠦ᠋ ᠪᠣᠯ ᠪᠦᠬᠦ ᠤᠯᠤᠰ ᠤᠨ ︽ᠦᠨᠡᠨᠴᠢ ᠢᠲᠡᠭᠡᠯ ᠤᠨ | ᠣᠳᠣᠨ︾᠂ ᠨᠡᠩ ᠴᠤ ᠥᠷᠭᠡᠨ ᠤᠯᠠᠨ ᠲᠠᠷᠢᠶᠠᠴᠢᠨ ᠡᠷᠦᠬᠡ ᠶᠢ ᠳᠠᠶᠢᠴᠢᠯᠠᠨ ᠬᠠᠮᠲᠤᠪᠠᠷ ᠴᠢᠨᠡᠭᠡᠯᠢᠭᠵᠢᠬᠦ ᠵᠠᠮ ᠢᠶᠠᠷ | ᠵᠠᠮᠨᠠᠭᠤᠯᠤᠭᠰᠠᠨ ᠭᠠᠷᠮᠠᠭᠠᠢ ᠬᠤᠰᠢᠭᠤᠴᠢ ᠪᠢᠯᠡ᠃ | 1996 ᠣᠨ ᠳᠤ᠂ ᠯᠢᠨ ᠹᠠ ᠷᠦ᠋ ᠥᠪᠡᠷ ᠢᠶᠠᠨ ᠪᠡᠯᠡ ᠮᠥᠩᠭᠦ ᠴᠤᠭᠯᠠᠭᠤᠯᠵᠤ ᠨᠦᠩ ᠹᠧᠩ | ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢ ᠪᠠᠶᠢᠭᠤᠯᠪᠠ᠃ | ᠮᠦᠨᠴᠦ ᠲᠡᠷᠡ ᠦᠶ᠎ᠡ ᠠᠴᠠ ᠡᠬᠢᠯᠡᠨ᠂ ︽ᠤᠴᠢᠷ ᠶᠠᠪᠤᠳᠠᠯ ᠪᠦᠲᠦᠭᠡᠬᠦ ᠳᠤ ᠪᠣᠳᠠᠲᠠᠢ ᠶᠢ ᠡᠷᠬᠢᠮᠯᠡᠵᠦ᠂ ᠦᠭᠡ | ᠬᠡᠯᠡᠬᠦ ᠳᠤ ᠢᠲᠡᠭᠡᠮᠵᠢ ᠶᠢ ᠡᠷᠬᠢᠮᠯᠡᠨ᠂ ᠬᠥᠮᠥᠨ ᠪᠣᠯᠬᠤ ᠳᠤ ᠦᠨᠡᠨᠴᠢ ᠪᠠᠶᠢᠬᠤ ᠶᠢ ᠡᠷᠬᠢᠮᠯᠡᠬᠦ︾ ᠨᠢ ᠲᠡᠭᠦᠨ ᠤ | ᠢᠮᠠᠭᠲᠠ ᠪᠠᠷᠢᠮᠲᠠᠯᠠᠭᠰᠠᠭᠠᠷ ᠢᠷᠡᠭᠰᠡᠨ ᠳᠠᠳᠬᠠᠯ ᠨᠢ ᠪᠣᠯᠣᠨ᠎ᠠ᠃ ︽ᠬᠡᠯᠡᠪᠡᠯ ᠦᠭᠡ ᠭᠢᠰᠬᠢᠪᠡᠯ ᠭᠠᠵᠠᠷ ᠦᠭᠡᠢ︾ | ᠭᠡᠭᠦ ᠠᠭᠠᠰᠢ ᠲᠠᠢ ᠯᠢᠨ ᠹᠠ ᠷᠦ᠋ ᠠᠭᠠᠵᠢᠮ ᠢᠶᠠᠷ ᠬᠠᠩᠭᠠᠯᠭ᠎ᠠ ᠶᠢᠨ ᠬᠤᠳᠠᠯᠳᠤᠭᠠᠴᠢᠨ ᠤ ᠢᠲᠡᠭᠡᠯ ᠢ ᠣᠯᠵᠤ᠂ ᠠᠵᠤ | ᠠᠬᠤᠶᠢᠯᠠᠯ ᠨᠢ ᠦᠨᠡᠨᠴᠢ ᠢᠲᠡᠭᠡᠮᠵᠢᠲᠡᠢ ᠪᠠᠷ ᠡᠵᠡᠩᠨᠡᠯᠲᠡ ᠬᠢᠬᠦ ᠡᠨᠡᠬᠦ ︽ᠠᠯᠳᠠᠨ ᠦᠰᠦᠭᠲᠦ ᠫᠠᠶᠢᠰᠠ︾ ᠶᠢᠨ | ᠨᠥᠯᠥᠭᠡᠯᠡᠯ ᠢᠶᠠᠷ ᠡᠳᠦᠷ ᠠᠴᠠ ᠡᠳᠦᠷ ᠥᠭᠡᠳᠡᠯᠡᠨ ᠮᠠᠨᠳᠤᠵᠤ᠂ ᠠᠵᠢᠯ ᠦᠢᠯᠡᠰ ᠨᠢ ᠪᠠᠭ᠎ᠠ ᠠᠮᠵᠢᠯᠲᠠ ᠣᠯᠣᠭᠰᠠᠨ | ᠦᠶ᠎ᠡ ᠳᠤ᠂ ᠲᠡᠭᠦᠨ ᠤ ᠨᠤᠲᠤᠭ ᠤᠰᠤᠨ ᠳᠠᠭᠠᠨ ᠬᠡᠷᠬᠢᠨ ᠠᠴᠢ ᠬᠠᠷᠢᠭᠤᠯᠬᠤ᠂ ᠲᠠᠷᠢᠶᠠᠴᠢᠨ ᠡᠷᠦᠬᠡ ᠲᠠᠢ | ᠬᠠᠮᠲᠤ ᠪᠠᠷ ᠪᠠᠶᠠᠵᠢᠬᠤ ᠶᠢ ᠪᠡᠶᠡᠯᠡᠭᠦᠯᠬᠦ ᠬᠦᠰᠡᠯ ᠡᠷᠡᠮᠡᠯᠵᠡᠯ ᠨᠢ ᠴᠦ ᠨᠡᠩ ᠪᠠᠲᠤ ᠴᠢᠩᠭ᠎ᠠ ᠪᠤᠯᠤᠭᠰᠠᠨ ᠪᠠᠶᠢᠨ᠎ᠠ᠃ | ᠨᠦᠩ ᠹᠧᠩ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ | ᠶᠢᠨ ᠶᠡᠷᠦᠩᠬᠡᠢ ᠳᠠᠭᠠᠭᠠᠮᠠᠯ ᠯᠢᠨ ᠹᠠ ᠷᠦ᠋᠄ ︽ᠪᠢ ᠮᠦᠨ ᠡᠶᠢᠮᠦᠷᠬᠦᠤ ᠪᠠᠶᠢᠳᠠᠭ᠂ ᠭᠠᠷᠠᠭ ᠤᠨ ᠨᠢᠭᠡᠨ ᠳᠤ ᠵᠣᠭᠤᠰ | ᠢᠶᠠᠨ ᠲᠦᠯᠦᠨ᠎ᠡ ᠭᠡᠪᠡᠯ ᠯᠠᠪᠲᠠᠢ ᠭᠠᠷᠠᠭ ᠤᠨ ᠬᠤᠶᠠᠷ ᠪᠤᠯᠲᠠᠯ᠎ᠠ ᠬᠤᠶᠢᠰᠢᠯᠠᠭᠤᠯᠬᠤ ᠦᠭᠡᠢ᠂ ᠠᠩᠬ᠎ᠠ ᠡᠬᠢᠯᠡᠭᠡᠳ | ᠤᠯᠠᠨ ᠬᠦᠮᠦᠨ ᠨᠠᠮ᠎ᠠ ᠶᠢ ᠢᠲᠡᠭᠡᠬᠦ ᠦᠭᠡᠢ ᠪᠠᠶᠢᠭᠰᠠᠨ᠂ ᠬᠡᠳᠦᠨ ᠵᠢᠯ ᠪᠤᠯᠤᠭᠠᠳ ᠤᠯᠠᠨ ᠢᠶᠠᠷ ᠢᠶᠠᠨ ᠨᠠᠮ᠎ᠠ ᠶᠢ ᠴᠦ | ᠤᠶᠢᠯᠠᠭᠠᠵᠤ ᠢᠷᠡᠭᠰᠡᠨ᠂ ᠮᠢᠨᠦ ᠬᠡᠯᠡᠵᠦ ᠬᠢᠭᠰᠡᠨ ᠳᠡᠭᠡᠨ ᠬᠦᠷᠦᠳᠡᠭ ᠤᠪᠤᠷ ᠢ ᠮᠡᠳᠡᠭᠰᠡᠨ᠂ ᠤᠳᠤ ᠪᠦᠷ ᠢᠲᠡᠭᠡᠯ | ᠲᠠᠢ ᠠᠳᠡ ᠠᠴᠠ ᠪᠠᠷᠠᠭ᠎ᠠ ᠠᠪᠳᠠᠭ ᠪᠤᠯᠤᠭᠰᠠᠨ ᠡ︾ ᠭᠡᠵᠦ ᠪᠠᠶᠢᠯ᠎ᠠ᠃ | ᠤᠯᠠᠨ ᠵᠢᠯ ᠤᠨ ᠲᠤᠷᠰᠢ᠂ ᠯᠢᠨ ᠹᠠ ᠷᠦ᠋ ︽ᠦᠨᠡᠨᠴᠢ ᠢᠲᠡᠭᠡᠮᠵᠢᠲᠡᠢ ᠪᠠᠷ ᠡᠵᠡᠩᠨᠡᠵᠦ᠂ ᠠᠰᠢᠭ ᠢᠶᠠᠨ | ᠬᠠᠶᠠᠵᠤ ᠵᠢᠷᠤᠮ ᠢ ᠣᠯᠬᠤ︾ ᠡᠵᠡᠩᠨᠡᠯᠲᠡ ᠶᠢᠨ ᠶᠣᠰᠣ ᠶᠢ ᠪᠠᠷᠢᠮᠲᠠᠯᠠᠵᠤ᠂ ᠲᠠᠷᠢᠶᠠᠴᠢᠨ ᠡᠷᠦᠬᠡ ᠶᠢᠨ ᠠᠰᠢᠭ | ᠲᠤᠰᠠ ᠶᠢ ᠴᠠᠭ ᠢᠮᠠᠭᠲᠠ ᠰᠡᠳᠬᠢᠯ ᠳᠡᠭᠡᠨ ᠪᠤᠳᠤᠵᠤ᠂ ᠥᠪᠡᠷ ᠢᠶᠠᠨ ᠬᠤᠬᠢᠷᠠᠯ ᠠᠮᠰᠠᠭᠰᠠᠨ ᠴᠤ ᠲᠠᠷᠢᠶᠠᠴᠢᠨ | ᠡᠷᠦᠬᠡ ᠶᠢᠨ ᠠᠰᠢᠭ ᠲᠤᠰᠠ ᠶᠢ ᠲᠡᠷᠢᠭᠦᠨ ᠳᠤ ᠲᠠᠯᠪᠢᠳᠠᠭ ᠪᠠᠶᠢᠨ᠎ᠠ᠃ ᠡᠭᠦᠨ ᠤ ᠲᠤᠯᠠᠳᠠ ᠲᠡᠷᠡ ᠤᠯᠠᠨ ᠤᠳᠠᠭ᠎ᠠ | ᠬᠤᠪᠢ ᠶᠢᠨ ᠰᠦᠢᠳᠬᠡᠯ ᠢᠶᠠᠷ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠲᠤᠰᠬᠠᠢ ᠮᠡᠷᠭᠡᠵᠢᠯᠲᠡᠨ ᠪᠣᠯᠣᠨ | ᠲᠠᠷᠢᠶᠠᠯᠠᠩ ᠤᠨ ᠮᠡᠷᠭᠡᠵᠢᠯᠲᠡᠨ ᠢ ᠤᠷᠢᠵᠤ ᠲᠠᠷᠢᠶᠠᠨ ᠭᠠᠵᠠᠷ ᠲᠤ ᠣᠴᠢᠭᠤᠯᠤᠨ ᠲᠠᠷᠢᠶᠠᠴᠢᠨ ᠡᠷᠤᠭᠡ ᠳᠤ | ᠲᠤᠬᠠᠢ ᠶᠢᠨ ᠭᠠᠵᠠᠷ ᠤᠨ ᠵᠢᠯᠣᠭᠤᠳᠤᠯᠭ᠎ᠠ ᠬᠢᠯᠭᠡᠵᠦ᠂ ᠬᠤᠪᠢ ᠶᠢᠨ ᠰᠦᠢᠳᠬᠡᠯ ᠢᠶᠠᠷ ᠲᠠᠷᠢᠶᠠᠴᠢᠨ ᠡᠷᠤᠭᠡ ᠳᠤ ᠡᠯ᠎ᠡ | ᠲᠦᠷᠦᠯ ᠤᠨ ᠪᠣᠯᠪᠠᠰᠤᠷᠠᠯ ᠤᠨ ᠠᠩᠭᠢ ᠶᠢ 10 ᠭᠠᠷᠤᠢ ᠤᠳᠠᠭ᠎ᠠ ᠡᠷᠬᠢᠯᠡᠵᠤ᠂ ᠪᠣᠯᠪᠠᠰᠤᠷᠠᠯ ᠳᠤ ᠣᠷᠣᠯᠴᠠᠭᠰᠠᠨ | ᠬᠥᠮᠦᠨ ᠤ ᠲᠤᠭ᠎ᠠ 1000 ᠭᠠᠷᠤᠢ ᠬᠥᠮᠥᠨ ᠤᠳᠠᠭ᠎ᠠ ᠳᠤ ᠬᠦᠷᠴᠦ᠂ ᠲᠠᠷᠢᠶᠠᠴᠢᠨ ᠡᠷᠤᠭᠡ ᠶᠢᠨ ᠲᠠᠷᠢᠮᠠᠯ ᠤᠨ | ᠰᠦᠢᠳᠦᠯ ᠢ ᠴᠢᠳᠠᠯ ᠤᠨ ᠬᠢᠷᠢ ᠪᠠᠷ ᠢᠶᠠᠨ ᠬᠠᠮᠤᠭ ᠤᠨ ᠳᠣᠣᠷ᠎ᠠ ᠬᠡᠮᠵᠢᠶᠡᠨ ᠳᠤ ᠬᠦᠷᠲᠡᠯ᠎ᠡ ᠪᠠᠭᠤᠷᠠᠭᠤᠯᠪᠠ᠃ | ᠤᠯᠠᠨ ᠵᠢᠯ ᠤᠨ ᠲᠤᠷᠰᠢ᠂ ᠯᠢᠨ ᠹᠠ ᠷᠦ᠋ ᠶᠠᠳᠠᠭᠤ ᠬᠦᠴᠢᠷᠳᠡᠯᠲᠡᠢ ᠲᠠᠷᠢᠶᠠᠴᠢᠨ ᠡᠷᠦᠬᠡ ᠶᠢ ᠨᠡᠶᠢᠳᠡ 700 | ᠭᠠᠷᠤᠢ ᠬᠠᠪᠰᠤᠷᠴᠤ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠬᠤᠳᠠᠯᠳᠤᠭᠠᠳ ᠭᠠᠷᠳᠠᠵᠤ ᠠᠪᠤᠭᠠᠳᠤᠢ | ᠮᠥᠩᠭᠦ ᠨᠡᠶᠢᠳᠡ 500 ᠭᠠᠷᠤᠢ ᠲᠦᠮᠡᠨ ᠲᠥᠭᠦᠷᠢᠭ ᠲᠤ ᠬᠦᠷᠴᠡᠢ᠃ 100 ᠭᠠᠷᠤᠢ ᠲᠦᠮᠡᠨ ᠲᠥᠭᠦᠷᠢᠭ ᠤᠨ | ᠬᠦᠦ ᠮᠥᠩᠭᠦ ᠶᠢ ᠡᠭᠦᠷᠭᠡᠯᠡᠨ᠂ ᠶᠠᠳᠠᠭᠤ ᠬᠦᠴᠢᠷᠳᠡᠯᠲᠡᠢ ᠲᠠᠷᠢᠶᠠᠴᠢᠨ ᠡᠷᠦᠬᠡ ᠶᠢᠨ ᠲᠠᠷᠢᠶᠠᠯᠠᠩ ᠤᠨ | ᠦᠢᠯᠡᠳᠪᠦᠷᠢᠯᠡᠯ ᠤᠨ ᠬᠡᠷᠡᠭᠰᠡᠯ ᠤᠨ ᠵᠣᠭᠤᠰ ᠢ 80 ᠭᠠᠷᠤᠢ ᠲᠦᠮᠡᠨ ᠲᠥᠭᠦᠷᠢᠭ ᠬᠠᠰᠤᠵᠤ ᠬᠡᠯᠲᠦᠷᠢᠭᠦᠯᠪᠡ᠃ | ᠪᠠᠶᠠᠨᠲᠤᠤᠷᠠᠢ ᠰᠤᠮᠤᠨ ᠤ ᠦᠰᠦ᠋ᠷᠦᠩᠭᠦᠢ ᠭᠠᠴᠠᠭᠠᠨ ᠤ ᠲᠠᠷᠢᠶᠠᠴᠢᠨ ᠯᠢᠨ ᠸᠠᠨ ᠱᠢ ᠯᠢᠨ ᠹᠠ ᠷᠦ᠋ ᠶᠢᠨ | ᠬᠠᠪᠰᠤᠷᠤᠯᠭ᠎ᠠ ᠪᠠᠷ ᠪᠠᠯᠲᠤ ᠬᠡᠮᠬᠡ ᠶᠢᠨ ᠲᠠᠷᠢᠶ᠎ᠠ ᠨᠢ 500 ᠮᠦ ᠪᠣᠯᠣᠨ ᠨᠡᠮᠡᠭᠳᠡᠵᠦ᠂ ᠣᠷᠣᠯᠭ᠎ᠠ ᠨᠢ ᠴᠦ ᠵᠢᠯ ᠪᠦᠷᠢ | ᠬᠡᠳᠦᠨ ᠲᠦᠮᠡᠨ ᠲᠥᠭᠦᠷᠢᠭ ᠪᠠᠶᠢᠭᠰᠠᠨ ᠠᠴᠠ ᠪᠠᠨ ᠬᠡᠳᠦᠨ ᠠᠷᠪᠠᠨ ᠲᠦᠮᠡᠨ ᠲᠥᠭᠦᠷᠢᠭ ᠪᠣᠯᠵᠠᠢ᠃ ᠲᠡᠭᠦᠨ ᠤ | ᠨᠢᠳᠦᠨ ᠳᠤ᠂ ᠯᠢᠨ ᠠᠪᠠᠭ᠋ᠠᠢ ᠪᠣᠯ ᠪᠠᠶᠠᠵᠢᠯ ᠤᠨ ᠳᠠᠭᠠᠭᠤᠯᠤᠭᠴᠢ ᠪᠣᠯᠬᠤ ᠪᠠᠷ ᠪᠠᠷᠠᠬᠤ ᠦᠭᠡᠢ᠂ ᠨᠡᠩ ᠴᠤ ᠣᠯᠠᠨ ᠤ | ᠰᠡᠳᠬᠢᠯ ᠢ ᠮᠡᠳᠡᠭᠴᠢ ᠪᠣᠯᠣᠨ᠎ᠠ᠃ | ᠣᠳᠣᠬᠠᠨ ᠳᠤ᠂ ᠪᠠᠷᠠᠭ᠎ᠠ ᠬᠠᠩᠭᠠᠬᠤ ᠬᠤᠳᠠᠯᠳᠤᠭᠠᠴᠢᠨ ᠵᠢᠯ ᠪᠦᠷᠢ ᠲᠣᠭᠲᠠᠭᠰᠠᠨ ᠬᠤᠭᠤᠴᠠᠭᠠᠨ ᠳᠠᠭᠠᠨ | ᠬᠡᠳᠦᠨ ᠵᠠᠭᠤᠨ ᠲᠦᠮᠡᠨ ᠲᠥᠭᠦᠷᠢᠭ ᠤᠨ ᠦᠷᠳᠡᠭ ᠲᠠᠢ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠢᠶᠠᠨ | ᠬᠤᠰᠢᠭᠤᠨ ᠳᠤ ᠬᠦᠷᠭᠡᠵᠦ ᠢᠷᠡᠳᠡᠭ ᠪᠠᠶᠢᠨ᠎ᠠ᠃ ᠲᠠᠷᠢᠶᠠᠯᠠᠭ᠎ᠠ ᠶᠢᠨ ᠶᠠᠭᠠᠷᠠᠤ ᠦᠶ᠎ᠡ ᠳᠤ᠂ ᠲᠠᠷᠢᠶᠠᠴᠢᠨ ᠡᠷᠦᠬᠡ ᠴᠦ | ᠨᠦᠩ ᠹᠧᠩ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠳᠤ | ᠬᠦᠷᠴᠦ᠂ ᠯᠢᠨ ᠹᠠ ᠷᠦ᠋ ᠠᠴᠠ ᠬᠢᠮᠢ ᠶᠢᠨ ᠪᠣᠷᠳᠣᠭᠤᠷ᠂ ᠰᠦᠯᠢᠶᠥᠦ ᠪᠦᠷᠬᠦᠪᠴᠢ ᠵᠡᠷᠭᠡ ᠲᠠᠷᠢᠶᠠᠯᠠᠩ ᠤᠨ | ᠦᠢᠯᠡᠳᠪᠦᠷᠢᠯᠡᠯ ᠤᠨ ᠬᠡᠷᠡᠭᠰᠡᠯ ᠢ ᠬᠤᠳᠠᠯᠳᠤᠨ ᠠᠪᠳᠠᠭ ᠠᠵᠢ᠃ ᠡᠲᠡᠭᠡᠷ ᠵᠢᠯ ᠤᠳ ᠲᠤ᠂ ᠯᠢᠨ ᠹᠠ ᠷᠦ᠋ ᠤᠷᠢᠳ | ᠬᠤᠵᠢᠳ ᠪᠥᠬᠦ ᠤᠯᠤᠰ ᠤᠨ ︽ᠠᠷᠪᠠᠨ ᠶᠡᠭᠡ ᠦᠨᠡᠨᠴᠢ ᠢᠲᠡᠭᠡᠮᠵᠢ ᠶᠢᠨ ᠣᠳᠣᠨ︾᠂ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠦᠨᠡᠨᠴᠢ ᠢᠲᠡᠭᠡᠮᠵᠢᠲᠡᠢ ᠶᠣᠰᠣ ᠮᠣᠷᠠᠯ ᠤᠨ ᠵᠢᠱᠢᠶᠡᠴᠢ᠂ ᠳᠣᠯᠣᠳᠤᠭᠠᠷ | ᠬᠤᠭᠤᠴᠠᠭᠠᠨ ᠤ ᠪᠥᠬᠦ ᠤᠯᠤᠰ ᠤᠨ ᠶᠣᠰᠣ ᠮᠣᠷᠠᠯ ᠤᠨ ᠵᠢᠱᠢᠶᠡᠴᠢ ᠶᠢᠨ ᠨᠡᠷ᠎ᠡ ᠳᠤᠷᠠᠳᠤᠭᠰᠠᠨ ᠱᠠᠩᠨᠠᠯ ᠵᠡᠷᠭᠡ ᠣᠯᠠᠨ | ᠵᠦᠢᠯ ᠤᠨ ᠢᠷᠠᠭᠤ ᠠᠯᠳᠠᠷ ᠤᠨ ᠴᠣᠯᠠ ᠶᠢ ᠭᠥᠷᠳᠡᠭᠰᠡᠨ ᠪᠠᠶᠢᠨ᠎ᠠ᠃ ᠢᠷᠠᠭᠤ ᠠᠯᠳᠠᠷ ᠤᠨ ᠡᠮᠦᠨ᠎ᠡ ᠯᠢᠨ ᠹᠠ ᠷᠦ᠋ | ᠦᠨᠡᠨᠴᠢ ᠢᠲᠡᠭᠡᠮᠵᠢᠲᠡᠢ ᠪᠠᠶᠢᠬᠤ ᠪᠣᠯ ᠦᠢᠯᠡᠰ ᠪᠣᠰᠬᠠᠬᠤ ᠶᠢᠨ ᠦᠨᠳᠦᠰᠦ᠂ ᠦᠨᠡᠨᠴᠢ ᠪᠠᠷ ᠬᠥᠮᠥᠨ ᠳᠤ ᠬᠠᠨᠳᠤᠬᠤ | ᠪᠣᠯ ᠦᠢᠯᠡᠰ ᠪᠣᠰᠬᠠᠬᠤ ᠶᠢᠨ ᠰᠠᠭᠤᠷᠢ ᠭᠡᠳᠡᠭ ᠪᠢᠯᠡ᠃ ᠤᠳᠤ ᠴᠦ ᠭᠡᠰᠡᠨ ᠲᠡᠷᠡ ᠮᠠᠨᠢ ᠦᠷᠭᠦᠯᠵᠢᠯᠡᠨ ᠦᠨᠡᠨᠴᠢ | ᠢᠲᠡᠭᠡᠮᠵᠢ ᠶᠢᠨ ︽ᠨᠡᠷ᠎ᠡ ᠶᠢᠨ ᠬᠠᠭᠤᠳᠠᠰᠤ︾ ᠪᠠᠨ ᠦᠷᠭᠦᠯᠵᠢᠯᠡᠨ ᠠᠷᠴᠢᠵᠤ᠂ ᠥᠪᠡᠷ ᠤᠨ ᠬᠠᠶᠢᠷᠠᠲᠠᠢ ᠦᠢᠯᠡᠰ | ᠢᠶᠠᠨ ᠯᠠᠪᠳᠠᠭᠤᠨ ᠪᠠᠲᠤᠲᠠᠢ ᠰᠠᠶᠢᠨ ᠬᠢᠭᠰᠡᠭᠡᠷ ᠪᠠᠶᠢᠬᠤ ᠶᠤᠮ᠃ | ᠨᠦᠩ ᠹᠧᠩ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ | ᠶᠢᠨ ᠶᠡᠷᠦᠩᠬᠡᠢ ᠳᠠᠭᠠᠭᠠᠮᠠᠯ ᠯᠢᠨ ᠹᠠ ᠷᠦ᠋᠄ ︽ᠠᠷᠠᠯᠵᠢᠶ᠎ᠠ ᠬᠤᠳᠠᠯᠳᠤᠭ᠎ᠠ ᠬᠢᠬᠦ ᠶᠢ ᠵᠥᠪᠬᠡᠨ ᠵᠣᠭᠤᠰ ᠤᠯᠬᠤ | ᠠᠵᠢᠯᠯᠠᠭ᠎ᠠ ᠭᠡᠵᠦ ᠭᠠᠭᠴᠠ ᠲᠠᠯ᠎ᠠ ᠠᠴᠠ ᠤᠶᠢᠯᠠᠭᠠᠵᠤ ᠪᠤᠯᠬᠤ ᠦᠭᠡᠢ᠂ ᠠᠵᠤ ᠲᠦᠷᠦᠨ ᠠᠮᠢᠳᠤᠷᠠᠵᠤ ᠪᠠᠶᠢᠭ᠎ᠠ | ᠡᠨᠡᠬᠦ ᠤᠷᠴᠢᠨ ᠳᠤ ᠦᠨᠡᠨᠴᠢ ᠢᠲᠡᠭᠡᠮᠵᠢ ᠬᠠᠮᠤᠭ ᠴᠢᠬᠤᠯᠠ᠂ ᠨᠢᠭᠡ ᠤᠳᠠᠭᠠᠨ ᠤ ᠬᠠᠷᠢᠯᠴᠠᠭᠠᠨ ᠠᠴᠠ ᠨᠢᠭᠡ | ᠨᠠᠶᠢᠵᠠ ᠨᠡᠮᠡᠭᠳᠡᠳᠡᠭ᠂ ᠡᠨᠡ ᠪᠤᠯ ᠮᠢᠨᠤ ᠨᠢᠭᠡ ᠨᠠᠰᠤᠨ ᠤ ᠬᠠᠮᠤᠭ ᠤᠨ ᠪᠠᠶᠠᠷ ᠪᠠᠶᠠᠰᠤᠯ ᠲᠠᠢ ᠬᠠᠮᠤᠭ ᠤᠨ ᠵᠣᠯ | ᠵᠢᠷᠭᠠᠯ ᠲᠠᠢ ᠶᠠᠪᠤᠳᠠᠯ ᠭᠡᠵᠦ ᠪᠢ ᠦᠵᠡᠨ᠎ᠡ︾ ᠭᠡᠪᠡ᠃ |