1. ᠰᠤᠶᠤᠭᠠᠯᠠᠬᠰᠠᠨ ᠲᠦᠮᠦᠰᠤ ᠢᠳᠡᠬᠦ ᠶᠢ ᠴᠡᠬᠡᠷᠯᠡᠨᠠ᠂ ᠰᠤᠶᠤᠭᠠᠯᠠᠬᠰᠠᠨ ᠲᠦᠮᠦᠰᠤ ᠨᠢ ᠶᠡᠭᠡ | ᠬᠡᠮᠵᠢᠶᠡᠨ ᠤ ︽ᠨᠤᠬᠠᠢ ᠶᠢᠨ ᠦᠵᠤᠮ︾ ᠤᠨ ᠬᠤᠤᠷᠳᠤ ᠡᠳ᠋ ᠢ ᠪᠤᠢ ᠪᠤᠯᠭᠠᠳᠠᠬ ᠳᠤᠯᠠ ᠢᠳᠡᠪᠡᠯ ᠬᠤᠤᠷᠳᠠᠬᠳᠠᠬᠤ | ᠪᠠᠶᠢᠳᠠᠯ ᠢᠯᠡᠷᠡᠨ᠎ᠠ᠃ | 2. ᠨᠤᠭᠤᠭᠠᠨ ᠲᠦᠪᠡᠳ ᠬᠠᠰᠢ ᠢᠳᠡᠬᠦ ᠶᠢ ᠴᠡᠭᠡᠷᠯᠡᠨ᠎ᠠ᠂ ᠪᠤᠯᠪᠠᠰᠤᠷᠠᠭᠠ ᠦᠬᠡᠢ ᠲᠦᠪᠡᠳ ᠬᠠᠰᠢ ᠪᠠ | ᠲᠦᠮᠤᠰᠤ ᠶᠢᠨ ᠰᠤᠶᠤᠭ᠎ᠠ᠂ ᠬᠠᠯᠢᠰᠤ ᠨᠢ ᠬᠤᠤᠷᠳᠤ ᠴᠢᠨᠠᠷ ᠨᠢ ᠠᠳᠠᠯᠢ ᠪᠠᠶᠢᠳᠠᠬ ᠳᠤᠯᠠ ᠠᠮᠠ ᠵᠠᠪᠠᠭᠠᠷᠠᠵᠤ᠂ | ᠠᠬᠠᠳᠠᠪᠠᠯ ᠬᠤᠤᠷᠳᠠᠬᠳᠠᠬᠰᠠᠨ ᠪᠠᠶᠢᠳᠠᠯ ᠢᠯᠡᠷᠡᠨ᠎ᠠ᠃ | 3. ᠰᠠᠶ᠋ᠢᠬᠠᠨ ᠳᠡᠭᠦᠭᠰᠡᠨ ᠰᠢᠷ ᠠ ᠴᠡᠴᠡᠭ ᠢ ᠢᠳᠡᠬᠦ ᠶᠢ ᠴᠡᠭᠡᠷᠯᠡᠨ᠎ᠠ᠂ ᠰᠠᠶ᠋ᠢᠬᠠᠨ ᠳᠡᠭᠦᠭᠰᠡᠨ ᠰᠤᠷᠭᠤᠬ | ᠰᠢᠷ᠎ᠠ ᠴᠡᠴᠡᠭ ᠲᠤ ᠰᠡᠷᠢᠬᠦᠨ ᠴᠡᠴᠡᠭ ᠤᠨ ᠱᠦᠯᠳᠤ ᠬᠡᠮᠡᠬᠦ ᠨᠢᠬᠡᠨ ᠬᠤᠤᠷᠳᠤ ᠪᠤᠳᠠᠰ ᠪᠠᠶᠢᠳᠠᠬ ᠳᠤᠯᠠ ᠢᠳᠡᠪᠡᠯ | ᠬᠤᠭᠤᠯᠠᠢ ᠬᠠᠳᠠᠵᠤ᠂ ᠬᠤᠳᠤᠭᠤᠳᠤ ᠡᠪᠡᠳᠬᠦ᠂ ᠲᠤᠷ ᠠ ᠪᠤᠯᠬᠢᠬᠤ᠂ ᠨᠢᠷᠤᠭᠤ ᠡᠪᠡᠳᠬᠦ᠂ ᠰᠠᠭᠤᠯᠭᠠᠬᠤ ᠵᠡᠷᠭᠡ | ᠡᠪᠡᠳᠴᠢᠨ ᠤ ᠰᠢᠨᠵᠢ ᠢᠯᠡᠷᠡᠳᠡᠭ᠃ | 4. ᠢᠯᠵᠢᠷᠡᠭᠰᠠᠨ ᠲᠦᠬᠦᠬᠡᠢ ᠭᠠ ᠢᠳᠡᠬᠦ ᠶᠢ ᠴᠡᠬᠡᠷᠯᠡᠨᠠ᠂ ᠲᠦᠬᠦᠬᠡᠢ ᠭᠠ ᠢᠯᠵᠢᠷᠠᠪᠠᠯ ᠭᠠᠪᠤᠷ ᠬᠡᠬᠦ | ᠦᠮᠠᠨ ᠡᠬᠦᠰᠬᠡᠬᠦ ᠪᠤᠳᠠᠰ ᠢ ᠪᠤᠢ ᠪᠤᠯᠭᠠᠳᠠᠬ᠂ ᠡᠬᠦᠨ ᠢ ᠢᠳᠡᠪᠡᠯ ᠡᠯᠢᠬᠡᠨ ᠤ ᠦᠮᠠᠨ ᠪᠠ ᠬᠤᠭᠤᠯᠠᠢ ᠶᠢᠨ ᠦᠮᠠᠨ ᠢ | ᠡᠬᠦᠰᠬᠡᠨ᠎ᠠ᠃ | 5. ᠬᠦᠢᠴᠡᠳ ᠪᠤᠯᠭᠤᠬᠰᠠᠨ ᠦᠬᠡᠢ ᠪᠤᠷᠴᠠᠬ ᠢᠳᠡᠬᠦ ᠶᠢ ᠴᠡᠬᠡᠷᠯᠡᠨᠠ᠂ ᠬᠦᠢᠴᠡᠳ ᠪᠤᠯᠭᠤᠬᠰᠠᠨ ᠦᠬᠡᠢ | ᠪᠤᠷᠴᠠᠭ ᠲᠤ ᠤᠷᠭᠤᠮᠠᠯ ᠤᠨ ᠴᠢᠰᠤᠨ ᠴᠠᠭᠠᠨ ᠢ ᠴᠠᠷᠴᠠᠭᠤᠯᠬᠤ ᠡᠳ᠋ ᠬᠡᠬᠦ ᠬᠤᠤᠷᠳᠤ ᠪᠤᠳᠠᠰ ᠪᠠᠶᠢᠵᠤ ᠴᠢᠰᠤ ᠶᠢ | ᠴᠠᠷᠴᠠᠭᠤᠯᠬᠤ ᠦᠢᠯᠡᠳᠤᠯ ᠦᠵᠡᠬᠦᠯᠳᠡᠭ ᠳᠤᠯᠠ ᠢᠳᠡᠪᠡᠯ ᠬᠤᠤᠷᠳᠠᠬᠳᠠᠨ᠎ᠠ᠃ ᠳᠡᠶᠢᠮᠤ ᠠᠴᠠ ᠪᠤᠷᠴᠠᠭ | ᠢᠳᠡᠬᠦ ᠳᠤ ᠪᠠᠨ ᠰᠢᠯᠵᠠᠷᠠᠳᠠᠯᠠ ᠴᠢᠨᠠᠬᠤ ᠬᠡᠷᠡᠭᠳᠡᠢ᠃ | 6. ᠢᠯᠵᠢᠷᠡᠭᠰᠠᠨ ᠴᠠᠭᠠᠨ ᠨᠤᠭᠤᠭ᠎ᠠ ᠢᠳᠡᠬᠦ ᠶᠢ ᠴᠡᠬᠡᠷᠯᠡᠨᠠ᠂ ᠴᠠᠭᠠᠨ ᠨᠤᠭᠤᠭ᠎ᠠ ᠢᠯᠵᠢᠷᠠᠪᠠᠯ ᠳᠤᠳᠠᠭᠤ | ᠠᠼᠤᠲ ᠬᠦᠴᠢᠯ ᠤᠨ ᠳᠠᠪᠤᠰᠤ ᠪᠤᠢ ᠪᠤᠯᠳᠠᠬ ᠳᠤᠯᠠ ᠬᠦᠴᠢᠯᠳᠦ᠋ᠷᠦᠭᠴᠢ ᠳᠤᠳᠠᠬᠳᠠᠬᠤ ᠬᠤᠤᠷᠳᠠᠯᠭ᠎ᠠ ᠪᠤᠯᠵᠤ | ᠬᠦᠡᠭᠭᠡᠨ ᠰᠢᠭ ᠪᠤᠯ ᠤᠷᠤᠭᠤᠯ ᠠᠮᠠ ᠠᠷᠠᠰᠤ ᠬᠦᠬᠡᠷᠡᠨ ᠠᠬᠠᠳᠠᠪᠠᠯ ᠠᠮᠢ ᠨᠠᠰᠤᠨ ᠳᠤ ᠠᠶᠤᠯᠳᠡᠢ᠃ | 7. ᠴᠢᠨᠠᠷ ᠬᠤᠪᠢᠷᠠᠬᠰᠠᠨ ᠳᠠᠯᠳᠠᠤ ᠶᠢ ᠢᠳᠡᠬᠦ ᠶᠢ ᠴᠡᠬᠡᠷᠯᠡᠨᠠ᠂ ᠴᠢᠨᠠᠷ ᠬᠤᠪᠢᠷᠠᠬᠰᠠᠨ ᠳᠠᠯᠳᠡᠤ ᠠᠴᠠ ᠶᠡᠭᠡ | ᠬᠡᠮᠵᠢᠶᠡᠨ ᠤ ᠢᠰᠭᠡᠭᠰᠡᠨ ᠪᠤᠳᠠᠭ᠎ᠠ᠂ ᠭᠤᠯᠢᠷ ᠤᠨ ᠰᠢᠷ ᠠ ᠰᠠᠪᠬᠠᠨ ᠪᠠᠺᠲ᠋ᠧᠷᠢ ᠶᠢᠨ ᠡᠳ᠋ ᠪᠤᠢ ᠪᠤᠯᠵᠤ᠂ ᠡᠬᠦᠨ ᠢ | ᠢᠳᠡᠪᠡᠯ ᠬᠤᠳᠤᠭᠤᠳᠤ ᠡᠪ ᠦᠭᠡᠶᠢᠷᠡᠨ᠂ ᠬᠦᠨᠳᠤ ᠰᠢᠭ ᠨᠢ ᠬᠤᠤᠷᠳᠠᠯᠭ᠎ᠠ ᠶᠢᠨ ᠴᠢᠨᠠᠷᠳᠡᠢ ᠮᠠᠨᠠᠷᠠᠬᠤ ᠪᠤᠯᠤᠨ᠎ᠠ᠃ | 8. ᠬᠡᠳᠤ ᠬᠠᠯᠠᠭᠤᠨ ᠱᠦᠯᠦ ᠤᠤᠭᠤᠬᠤ ᠪᠠ ᠨᠤᠭᠤᠭ᠎ᠠ ᠢᠳᠡᠬᠦ ᠶᠢ ᠴᠡᠭᠡᠷᠯᠡᠨ᠎ᠠ᠂ ᠪᠤᠴᠠᠯᠤᠮ᠎ᠠ ᠬᠠᠯᠠᠭᠤᠨ | ᠱᠦᠯᠦ ᠤᠤᠭᠤᠵᠤ᠂ ᠨᠤᠭᠤᠭ᠎ᠠ ᠢᠳᠡᠪᠡᠯ ᠠᠮᠠᠨ ᠬᠦᠨᠳᠡᠢ᠂ ᠪᠠᠭᠠᠯᠵᠠᠭᠤᠷ᠂ ᠤᠯᠠᠭᠠᠨ ᠬᠤᠭᠤᠯᠠᠢ᠂ | ᠬᠤᠳᠤᠭᠤᠳᠤ ᠶᠢᠨ ᠰᠠᠯᠢᠰᠤᠳᠤ ᠪᠦᠷᠬᠦᠬᠦᠯ ᠤᠨ ᠬᠠᠯᠠᠭᠠᠬᠰᠠᠨ ᠰᠢᠷᠬ᠎ᠠ ᠪᠤᠯᠵᠤ ᠴᠢᠰᠤ ᠬᠤᠷᠠᠨ ᠢᠯᠪᠤᠷᠠᠵᠤ | ᠰᠢᠷᠬᠠᠯᠠᠭ᠎ᠠ ᠪᠤᠯᠳᠠᠬ᠃ ᠪᠠᠶᠢᠨ ᠳᠠᠬᠢᠨ ᠬᠡᠮᠳᠤᠬᠡᠵᠤ᠂ ᠰᠡᠳᠡᠯᠳᠡ ᠦᠭᠭᠦᠭᠡᠳ ᠪᠠᠶᠢᠪᠠᠯ ᠡᠳᠤᠷ ᠤᠨ | ᠤᠳᠠᠭᠠᠨ ᠳᠤ ᠪᠠᠨ ᠮᠠᠭᠤ ᠬᠤᠪᠢᠷᠠᠯᠳᠠ ᠭᠠᠷᠴᠤ ᠦᠮᠠᠨ ᠡᠬᠦᠰᠭᠡᠵᠤ ᠮᠡᠳᠡᠨ᠎ᠠ᠃ |