ᠡᠳᠦᠷ ᠰᠤᠮᠤᠨ ᠤ ᠨᠠᠮ ᠤᠨ ᠬᠣᠷᠢᠶᠠᠨ ᠤ ᠱᠦᠵᠢ ᠵᠢᠨ ᠰᠢᠶᠣ ᠾᠦᠢ ᠨᠠᠮ ᠤᠨ | ᠬᠣᠷᠢᠶᠠᠨ ᠤ ᠳᠡᠳ᠋ ᠱᠦᠵᠢ᠂ ᠰᠤᠮᠤᠨ ᠳᠠᠷᠤᠭ᠎ᠠ ᠭᠠᠪᠢᠶᠠᠲᠤ ᠂ ᠠᠵᠢᠯᠲᠡᠨ ᠤ ᠡᠪᠯᠡᠯ ᠦᠨ | ᠲᠡᠷᠢᠭᠦᠯᠡᠭᠴᠢ ᠳ᠋ᠧᠩ ᠿᠦ᠍ ᠵᠢᠶᠦ᠋ᠨ ᠬᠠᠮᠲᠤ ᠪᠠᠷ ᠠᠵᠢᠯᠲᠠᠨ ᠶᠠᠩ ᠢᠦᠢ ᠾᠧ ᠨᠠᠮ ᠤᠨ | ᠵᠣᠬᠢᠶᠠᠨ ᠪᠠᠶᠢᠭᠤᠯᠤᠯᠲᠠ ᠵᠢᠴᠢ ᠠᠵᠢᠯᠴᠢᠨ ᠤ ᠡᠪᠯᠡᠯ ᠤᠨ ᠬᠠᠶᠢᠷ᠎ᠠ ᠬᠠᠯᠠᠮᠵᠢ ᠬᠦᠷᠭᠡᠵᠦ᠂ | ᠪᠣᠳᠠᠲᠠᠶ ᠰᠢᠶᠳᠪᠦᠷᠢᠯᠡᠵᠦ ᠥᠭᠪᠡ᠃ | ᠡᠳᠦᠷ ᠂ ᠰᠤᠮᠤᠨ ᠤ ᠤᠳᠤᠷᠢᠳᠤᠯᠭ᠎ᠠ ᠶᠠᠩ ᠢᠦᠢ ᠾᠧ ᠲᠡᠶ ᠶᠠᠷᠢᠯᠴᠠᠵᠤ᠂ ᠲᠡᠭᠦᠨ ᠦ ᠪᠡᠶ᠎ᠡ | ᠮᠠᠬᠠᠪᠣᠳ ᠤᠨ ᠡᠷᠡᠭᠦᠯ ᠮᠡᠨᠳᠦ ᠶᠢᠨ ᠪᠠᠶᠢᠳᠠᠯ ᠵᠢᠴᠢ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ ᠢ | ᠨᠠᠷᠢᠨ ᠣᠶᠢᠯᠠᠭᠠᠵᠤ ᠂ ᠰᠠᠨᠠᠭ᠎ᠠ ᠠᠮᠤᠷ ᠡᠪᠡᠳᠴᠢᠨ ᠢᠶᠡᠨ ᠰᠤᠪᠢᠯᠠᠵᠤ ᠂ ᠪᠡᠶ᠎ᠡ ᠪᠡᠨ ᠬᠢᠴᠢᠶᠡᠵᠦ ᠂ ᠡᠷᠲᠡᠬᠡᠨ | ᠡᠷᠡᠭᠦᠯᠵᠢᠬᠦ ᠶᠢ ᠬᠦᠰᠡᠭᠰᠡᠨ ᠪᠥᠭᠡᠳ ᠲᠡᠭᠦᠨ ᠳᠦ ᠲᠣᠬᠣᠨᠢᠭᠤᠯᠬᠤ ᠮᠥᠩᠭᠥ ᠬᠦᠷᠭᠡᠪᠡ ᠃ | ᠠᠵᠢᠯᠲᠠᠨ ᠢ ᠲᠣᠬᠣᠨᠢᠭᠤᠯᠵᠤ᠂ ᠲᠡᠳᠡᠨ ᠳᠦ ᠬᠠᠶᠢᠷ᠎ᠠ ᠬᠠᠯᠠᠮᠵᠢ ᠬᠦᠷᠭᠡᠭᠰᠡᠨ ᠨᠢ ᠵᠣᠬᠢᠶᠠᠨ ᠪᠠᠶᠢᠭᠤᠯᠤᠯᠲᠠ ᠶᠢᠨ | ᠰᠠᠨᠠᠭᠠᠰᠢᠷᠠᠯ ᠢ ᠳᠠᠮᠵᠢᠭᠤᠯᠤᠭᠰᠠᠨ ᠢᠶᠠᠷ ᠪᠠᠷᠠᠬᠤ ᠦᠭᠡᠢ᠂ ᠪᠠᠰᠠ ᠠᠵᠢᠯᠲᠠᠨ ᠤ | ᠠᠵᠢᠯ ᠤᠨ ᠬᠠᠯᠠᠭᠤᠨ ᠰᠡᠳᠬᠢᠯᠭᠡ ᠶᠢ ᠲᠤᠶᠢᠯ ᠤᠨ ᠶᠡᠬᠡ ᠪᠡᠷ ᠵᠣᠷᠢᠭᠵᠢᠭᠤᠯᠵᠤ᠂ ᠠᠵᠢᠯᠲᠠᠨ ᠤ | ᠲᠥᠪᠯᠡᠩᠭᠦᠢ ᠬᠦᠴᠦᠨ ᠪᠠ ᠨᠢᠭᠲᠠᠷᠠᠯ ᠤᠨ ᠬᠦᠴᠦᠨ ᠢ ᠳᠡᠭᠡᠭᠰᠢᠯᠡᠭᠦᠯᠪᠡ ᠃ | ᠰᠤᠮᠤᠨ ᠤ ᠠᠵᠢᠯᠴᠢᠨ ᠤ ᠡᠪᠯᠡᠯ ᠨᠢ ᠨᠠᠮ ᠤᠨ ᠬᠣᠷᠢᠶᠠᠨ ᠤ ᠪᠠ | ᠵᠢᠯᠤᠭᠤᠳᠤᠯᠭ᠎ᠠ ᠳᠣᠣᠷ᠎ᠠ ᠂ ᠡᠭᠦᠷᠭᠡ ᠴᠢᠳᠠᠪᠦᠷᠢ ᠤᠯᠠᠮ ᠨᠢᠭᠡ ᠠᠯᠬᠤᠮ ᠭᠦᠢᠴᠡᠳᠬᠡᠵᠦ᠂ | ᠬᠥᠭᠥᠷᠭᠡ ᠬᠣᠯᠪᠣᠭᠠᠰᠤ ᠶᠢᠨ ᠦᠢᠯᠡᠳᠦᠯ ᠢᠶᠡᠨ ᠭᠦᠢᠴᠡᠳ ᠪᠠᠳᠠᠷᠠᠭᠤᠯᠵᠤ ᠂ ᠠᠵᠢᠯᠳᠠᠨ ᠢ ᠬᠠᠯᠠᠮᠵᠢᠯᠠᠨ ᠬᠠᠶᠢᠷᠠᠯᠠᠬᠤ | ᠠᠵᠢᠯ ᠢ ᠦᠷᠭᠦᠯᠵᠢᠯᠡᠨ ᠰᠠᠶᠢᠲᠤᠷ ᠬᠢᠵᠦ᠂ ᠠᠵᠢᠯᠳᠠᠨ ᠤ ᠪᠤᠳᠤᠵᠦ ᠪᠠᠶᠢᠭ᠎ᠠ ᠵᠦᠢᠯ ᠢ ᠪᠤᠳᠤᠵᠦ ᠂ ᠠᠵᠢᠯᠳᠠᠨ | ᠳᠤ ᠰᠤᠮᠤᠨ ᠤ ᠲᠣᠮᠤ ᠭᠡᠷ ᠪᠦᠯᠢ ᠶᠢᠨ ᠬᠠᠶᠢᠷ᠎ᠠ ᠬᠠᠯᠠᠮᠵᠢ ᠶᠢ ᠴᠠᠭ ᠢᠮᠠᠭᠲᠠ ᠮᠡᠳᠡᠭᠦᠯᠵᠦ ᠂ ᠬᠠᠯᠠᠭᠤᠨ ᠳᠤᠯᠠᠭᠠᠨ ᠡᠶ᠎ᠡ ᠵᠣᠬᠢᠴᠠᠩᠭᠤᠢ᠂ | ᠪᠦᠯᠬᠦᠮᠳᠡᠨ ᠳᠠᠪᠰᠢᠭᠰᠠᠨ ᠠᠵᠢᠯ ᠠᠮᠢᠳᠤᠷᠠᠯ ᠤᠨ ᠠᠭᠤᠷ ᠠᠮᠢᠰᠬᠤᠯ ᠢ ᠴᠢᠷᠮᠠᠶᠢᠨ ᠪᠤᠢ ᠪᠣᠯᠭᠠᠨ᠎ᠠ᠃ | |