ᠵᠤᠨ ᠤ ᠤᠯᠠᠷᠢᠯ ᠳᠤ ᠳᠤᠯᠠᠭᠠᠨ ᠤ ᠬᠡᠮᠵᠢᠶ᠎ᠡ ᠥᠨᠳᠥᠷ᠂ ᠰᠠᠭᠠᠯᠢ ᠶᠢᠨ ᠦᠨᠢᠶ᠎ᠡ ᠳᠤ ᠬᠠᠯᠠᠭᠤᠨ ᠤ ᠰᠡᠷᠡᠯᠵᠢᠯ | ᠲᠦᠢᠯ ᠤᠨ ᠠᠮᠠᠷᠬᠠᠨ ᠡᠭᠦᠰᠳᠡᠭ᠃ ᠥᠨᠳᠥᠷ ᠬᠠᠯᠠᠭᠤᠨ ᠤ ᠰᠠᠭᠠᠯᠢ ᠶᠢᠨ ᠦᠨᠢᠶ᠎ᠡ ᠳᠤ ᠦᠵᠡᠭᠦᠯᠬᠦ ᠠᠰᠢᠭ ᠦᠭᠡᠢ | ᠨᠥᠯᠥᠭᠡ ᠶᠢ ᠪᠠᠭᠠᠰᠬᠠᠬᠤ ᠶᠢᠨ ᠲᠥᠯᠥᠭᠡ᠂ ᠰᠠᠭᠠᠯᠢ ᠶᠢᠨ ᠦᠨᠢᠶᠡᠨ ᠤ ᠲᠠᠯᠠᠪᠠᠶ ᠶᠢᠨ ᠪᠦᠲᠦᠭᠡᠨ ᠪᠠᠶᠢᠭᠤᠯᠤᠯᠲᠠ᠂ | ᠠᠷᠠᠴᠢᠯᠠᠯᠲᠠ ᠬᠠᠮᠢᠶᠠᠷᠤᠯᠲᠠ᠂ ᠡᠪᠡᠳᠴᠢᠨ ᠡᠮᠭᠡᠭ ᠢ ᠰᠡᠷᠭᠡᠶᠢᠯᠡᠨ ᠵᠠᠰᠠᠬᠤ ᠲᠠᠯ᠎ᠠ ᠪᠠᠷ ᠵᠣᠬᠢᠴᠠᠩᠭᠤᠢ ᠠᠷᠭ᠎ᠠ | ᠬᠡᠮᠵᠢᠶ᠎ᠡ ᠠᠪᠬᠤ ᠠᠴᠠ ᠭᠠᠳᠠᠨ᠎ᠠ᠂ ᠪᠠᠰᠠ ᠡᠷᠬᠡᠪᠰᠢ ᠰᠢᠮ᠎ᠡ ᠲᠡᠵᠢᠭᠡᠯ ᠤᠨ ᠲᠣᠬᠢᠷᠠᠭᠤᠯᠤᠯ ᠡᠵᠡᠮᠳᠡᠯ ᠬᠢᠬᠦ ᠬᠡᠷᠡᠭᠲᠡᠢ᠄ | ᠨᠣᠭᠤᠭᠠᠨ ᠪᠣᠷᠳᠤᠭ᠎ᠠ ᠪᠠᠷ ᠲᠡᠵᠢᠭᠡᠨ᠎ᠡ᠃ ᠨᠣᠭᠤᠭᠠᠨ ᠰᠢᠭᠦᠰᠦᠯᠢᠭ ᠲᠡᠵᠢᠭᠡᠯ ᠪᠣᠷᠳᠣᠭᠠᠨ ᠳᠤ ᠨᠡᠭᠦᠷᠡᠰᠦ ᠤᠰᠤᠨ ᠤ | ᠨᠢᠭᠡᠳᠪᠦᠷᠢ ᠪᠠ ᠤᠰᠤ ᠡᠯᠪᠡᠭ ᠠᠭᠤᠯᠤᠭᠳᠠᠵᠤ᠂ ᠢᠳᠡᠬᠦ ᠳᠤ ᠵᠣᠬᠢᠴᠠᠬᠤ ᠪᠠᠷ ᠪᠠᠷᠠᠬᠤ ᠦᠭᠡᠢ᠂ ᠬᠠᠯᠠᠭᠤᠨ ᠢ | ᠰᠡᠷᠭᠡᠶᠢᠯᠡᠬᠦ ᠪᠠ ᠰᠠᠭᠠᠯᠢ ᠶᠢᠨ ᠦᠨᠢᠶᠡᠨ ᠤ ᠬᠠᠯᠠᠭᠤᠨ ᠤ ᠰᠡᠷᠡᠯᠵᠢᠯ ᠢ ᠨᠠᠮᠳᠠᠭᠤᠯᠬᠤ ᠳᠤ ᠲᠦᠢᠯ ᠤᠨ ᠠᠰᠢᠭ ᠲᠠᠢ | ᠪᠠᠶᠢᠳᠠᠭ᠃ ᠭᠦᠢᠴᠡᠳ ᠬᠡᠮᠵᠢᠶᠡᠨ ᠤ ᠬᠠᠭᠤᠷᠠᠢ ᠪᠣᠳᠠᠰ ᠢ ᠰᠢᠩᠭᠡᠬᠡᠨ ᠠᠪᠬᠤ ᠶᠢ ᠪᠠᠲᠤᠯᠠᠭᠰᠠᠨ ᠤᠷᠢᠲᠠᠯ ᠳᠣᠣᠷ᠎ᠠ᠂ | ᠴᠢᠨᠠᠷ ᠰᠠᠶᠢᠲᠠᠢ ᠬᠥᠬᠡ ᠡᠪᠡᠰᠦ᠂ ᠬᠤᠯᠤᠤᠪᠠᠩ᠂ ᠳ᠋ᠦᠩᠭᠤᠸᠠ ᠵᠡᠷᠭᠡ ᠶᠢ ᠵᠣᠬᠢᠬᠤ ᠬᠡᠮᠵᠢᠶ᠎ᠡ ᠪᠠᠷ ᠲᠡᠵᠢᠭᠡᠬᠦ ᠨᠢ | ᠰᠠᠭᠠᠯᠢ ᠶᠢᠨ ᠦᠨᠢᠶᠡᠨ ᠤ ᠰᠦᠨ ᠤ ᠭᠠᠷᠤᠯᠲᠠ ᠶᠢ ᠳᠡᠭᠡᠭᠰᠢᠯᠡᠭᠦᠯᠬᠦ ᠪᠠ ᠦᠨᠢᠶᠡᠨ ᠰᠦ ᠶᠢᠨ ᠰᠦᠨ ᠥᠭᠡᠬᠦ ᠶᠢᠨ | ᠨᠤᠷᠮ᠎ᠠ ᠶᠢ ᠳᠡᠭᠡᠭᠰᠢᠯᠡᠭᠦᠯᠬᠦ ᠳᠤ ᠠᠰᠢᠭᠲᠠᠢ ᠶᠤᠮ᠃ ᠰᠢᠩᠭᠡᠨ ᠪᠤᠳᠠᠭᠠᠨ ᠤ ᠪᠣᠷᠳᠤᠭ᠎ᠠ ᠪᠠᠷ ᠲᠡᠵᠢᠭᠡᠨ᠎ᠡ᠃ ᠬᠡᠰᠡᠭ | ᠨᠠᠷᠢᠯᠢᠭ ᠪᠣᠷᠳᠤᠭ᠎ᠠ ᠶᠢ ᠰᠢᠩᠭᠡᠨ ᠪᠤᠷᠳᠤᠭ᠎ᠠ ᠪᠣᠯᠭᠠᠵᠤ᠂ ᠨᠠᠷᠢᠯᠢᠭ ᠪᠣᠷᠳᠤᠭ᠎ᠠ 1.5 ᠺᠢᠯᠣᠭ᠍ᠷᠠᠮ᠂ ᠬᠤᠯᠤᠤᠪᠠᠩ ᠢ 1. | 25 ᠺᠢᠯᠣᠭ᠍ᠷᠠᠮ ᠠᠴᠠ 2.5 ᠺᠢᠯᠣᠭ᠍ᠷᠠᠮ᠂ ᠤᠰᠤ 58 ᠺᠢᠯᠣᠭ᠍ᠷᠠᠮ ᠨᠡᠮᠡᠵᠦ᠂ ᠰᠢᠩᠭᠡᠨ ᠪᠤᠳᠠᠭ᠎ᠠ ᠰᠢᠭ᠋ ᠴᠢᠨᠠᠵᠤ᠂ | ᠬᠥᠷᠥᠭᠡᠭᠰᠡᠨ ᠤ ᠳᠠᠷᠠᠭ᠎ᠠ ᠳᠠᠷᠤᠰᠢᠭᠤᠯᠤᠭᠰᠠᠨ ᠲᠡᠵᠢᠭᠡᠯ ᠪᠣᠷᠳᠤᠭ᠎ᠠ ᠳᠡᠭᠡᠷ᠎ᠡ ᠴᠢᠳᠬᠤᠨ ᠲᠡᠵᠢᠭᠡᠪᠡᠯ ᠰᠠᠭᠠᠯᠢ ᠶᠢᠨ | ᠦᠨᠢᠶ᠎ᠡ ᠶᠢᠨ ᠰᠢᠭᠡᠯᠭᠡᠬᠦ ᠬᠡᠮᠵᠢᠶ᠎ᠡ ᠶᠢ ᠨᠡᠮᠡᠭᠳᠡᠭᠦᠯᠦᠨ᠎ᠡ᠃ ᠳᠠᠪᠤᠰᠤ ᠲᠠᠢ ᠤᠰᠤᠨ ᠤ ᠬᠡᠪᠡᠭ ᠤᠨ ᠱᠥᠯᠥ | ᠤᠤᠭᠤᠯᠭᠠᠨ᠎ᠠ᠃ ᠰᠠᠭᠠᠯᠢ ᠶᠢᠨ ᠦᠨᠢᠶ᠎ᠡ ᠳᠤ ᠳᠠᠪᠤᠰᠤ ᠲᠠᠢ ᠤᠰᠤᠨ ᠤ ᠬᠡᠪᠡᠭ ᠤᠨ ᠱᠥᠯᠥ ᠤᠤᠭᠤᠯᠭᠠᠪᠠᠯ | ᠰᠠᠭᠠᠯᠢ ᠶᠢᠨ ᠦᠨᠢᠶᠡᠨ ᠤ ᠢᠳᠡᠭᠡᠨ ᠤ ᠳᠤᠷᠠᠰᠢᠯ ᠢ ᠨᠡᠮᠡᠭᠳᠡᠭᠦᠯᠵᠦ᠂ ᠤᠤᠭᠤᠬᠤ ᠤᠰᠤᠨ ᠤ ᠬᠡᠮᠵᠢᠶ᠎ᠡ ᠶᠢ ᠪᠠᠲᠤᠯᠠᠨ᠂ | ᠰᠣᠯᠢᠯᠴᠠᠭ᠎ᠠ ᠶᠢ ᠵᠣᠬᠢᠴᠠᠭᠤᠯᠵᠤ᠂ ᠰᠦᠨ ᠤ ᠭᠠᠷᠤᠯᠲᠠ ᠳᠣᠷᠣᠭᠰᠢᠯᠠᠬᠤ ᠶᠢ ᠪᠦᠲᠦᠮᠵᠢᠲᠡᠶ ᠬᠢᠵᠠᠭᠠᠷᠯᠠᠵᠤ ᠴᠢᠳᠠᠨ᠎ᠠ᠃ | ᠦᠨᠢᠶ᠎ᠡ ᠪᠦᠷᠢ ᠳᠤ ᠤᠳᠠᠭ᠎ᠠ ᠪᠦᠷᠢ 50 ᠺᠢᠯᠣᠭ᠍ᠷᠠᠮ ᠤᠰᠤ ᠤᠤᠭᠤᠯᠭᠠᠵᠤ᠂ ᠳᠡᠭᠡᠷ᠎ᠡ ᠨᠢ ᠢᠳᠡᠭᠡᠨ ᠤ ᠳᠠᠪᠤᠰᠤ | 50 ᠭᠷᠡᠮ᠂ ᠬᠡᠪᠡᠭ ᠢ 1 ᠺᠢᠯᠣᠭ᠍ᠷᠠᠮ ᠠᠴᠠ 1.5 ᠺᠢᠯᠣᠭ᠍ᠷᠠᠮ ᠨᠡᠮᠡᠵᠦ᠂ ᠡᠳᠦᠷ ᠲᠤ 3 ᠤᠳᠠᠭ᠎ᠠ ᠤᠤᠭᠤᠯᠭᠠᠨ᠎ᠠ᠃ | ᠨᠣᠭᠤᠭᠠᠨ ᠪᠤᠷᠴᠠᠭ ᠤᠨ ᠰᠥᠮᠥᠰᠤ ᠤᠤᠭᠤᠯᠭᠠᠨ᠎ᠠ᠃ ᠨᠣᠭᠤᠭᠠᠨ ᠪᠤᠷᠴᠠᠭ ᠤᠨ ᠰᠦᠮᠦᠰᠦ ᠨᠢ ᠬᠠᠯᠠᠭᠤᠨ ᠢ | ᠠᠷᠢᠯᠭᠠᠵᠤ ᠬᠤᠣᠷ ᠢ ᠲᠠᠶᠢᠯᠬᠤ᠂ ᠨᠠᠷᠠᠰᠢᠬᠤ ᠠᠴᠠ ᠰᠡᠷᠭᠡᠶᠢᠯᠡᠵᠦ ᠬᠠᠯᠠᠭᠤᠨ ᠢ ᠪᠠᠭᠤᠷᠠᠭᠤᠯᠬᠤ ᠦᠢᠯᠡᠳᠦᠯ ᠲᠠᠢ᠃ | ᠨᠥᠬᠦᠴᠡᠯ ᠲᠠᠢ ᠲᠡᠵᠢᠭᠡᠪᠦᠷᠢ ᠶᠢᠨ ᠲᠠᠯᠠᠪᠠᠢ ︵ᠡᠷᠦᠬᠡ︶ ᠵᠤᠨ ᠤ ᠤᠯᠠᠷᠢᠯ ᠳᠤ ᠰᠠᠭᠠᠯᠢ ᠶᠢᠨ ᠦᠨᠢᠶ᠎ᠡ ᠳᠤ ᠨᠣᠭᠤᠭᠠᠨ | ᠪᠤᠷᠴᠠᠭ ᠤᠨ ᠰᠥᠮᠥᠰᠤ ᠤᠤᠭᠤᠯᠭᠠᠵᠤ᠂ ᠰᠢᠨ᠎ᠡ ᠰᠣᠷᠭᠤᠭ ᠨᠣᠭᠤᠭᠠᠨ ᠪᠤᠷᠴᠠᠭ ᠢ 1 ᠺᠢᠯᠣᠭ᠍ᠷᠠᠮ ᠠᠴᠠ 1.5 | ᠺᠢᠯᠣᠭ᠍ᠷᠠᠮ᠂ 4 ᠺᠢᠯᠣᠭ᠍ᠷᠠᠮ ᠠᠴᠠ 5 ᠺᠢᠯᠣᠭ᠍ᠷᠠᠮ ᠤᠰᠤᠨ ᠳᠤ 1 ᠴᠠᠭ ᠠᠴᠠ 2 ᠴᠠᠭ ᠪᠤᠴᠠᠯᠭᠠᠨ᠂ ᠲᠡᠭᠡᠷ᠎ᠡ ᠨᠢ | ᠳᠠᠬᠢᠭᠠᠳ 40 ᠺᠢᠯᠣᠭ᠍ᠷᠠᠮ ᠴᠡᠪᠡᠷ ᠤᠰᠤ ᠬᠢᠵᠦ᠂ ᠡᠳᠦᠷ ᠲᠤ 1 ᠤᠳᠠᠭ᠎ᠠ ᠤᠤᠭᠤᠯᠭᠠᠨ᠎ᠠ᠃ ᠨᠡᠭᠦᠷᠡᠰᠦᠬᠦ᠋ᠴᠢᠯ ᠤᠨ | ᠤᠰᠤᠲᠥ᠋ᠷᠥᠭᠴᠢᠲᠤ ᠨᠠᠳ᠋ᠷᠢ ᠶᠢ ᠨᠥᠬᠦᠪᠦᠷᠢᠯᠡᠨ᠎ᠡ᠃ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠨᠠᠳ᠋ᠷᠢ ᠶᠢ | ᠨᠥᠬᠦᠪᠦᠷᠢᠯᠡᠬᠦ ᠨᠢ ᠰᠠᠭᠠᠯᠢ ᠶᠢᠨ ᠦᠨᠢᠶᠡᠨ ᠤ ᠪᠡᠶ᠎ᠡ ᠶᠢᠨ ᠳᠣᠲᠣᠷᠠᠬᠢ ᠬᠦᠴᠢᠯ ᠱᠦᠯᠲᠦ ᠶᠢᠨ ᠲᠡᠩᠴᠡᠭᠦᠷᠢ ᠶᠢ | ᠪᠠᠲᠤᠯᠠᠬᠤ ᠳᠤ ᠠᠰᠢᠭᠲᠠᠢ᠂ ᠪᠠᠰᠠ ᠰᠢᠩᠭᠡᠭᠡᠯᠲᠡ ᠶᠢ ᠲᠤᠰᠠᠯᠠᠬᠤ ᠦᠢᠯᠡᠳᠦᠯ ᠲᠠᠢ ᠪᠠᠶᠢᠵᠤ᠂ ᠰᠠᠭᠠᠯᠢ ᠶᠢᠨ | ᠦᠨᠢᠶᠡᠨ ᠤ ᠢᠳᠡᠰᠢᠯᠡᠬᠦ ᠬᠡᠮᠵᠢᠶ᠎ᠡ ᠶᠢ ᠳᠡᠭᠡᠭᠰᠢᠯᠡᠭᠦᠯᠵᠦ ᠪᠣᠯᠣᠨ᠎ᠠ᠃ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ | ᠨᠠᠳ᠋ᠷᠢ ᠶᠢᠨ ᠬᠡᠷᠡᠭᠯᠡᠬᠦ ᠬᠡᠮᠵᠢᠶ᠎ᠡ ᠨᠢ ᠶᠡᠷᠦ ᠳᠡᠭᠡᠨ ᠨᠠᠷᠢᠯᠢᠭ ᠪᠣᠷᠳᠣᠭᠠᠨ ᠤ 3.84% ᠶᠢ ᠡᠵᠡᠯᠡᠨ᠎ᠡ᠂ ᠡᠰᠡᠬᠦᠯ᠎ᠡ | ᠡᠳᠦᠷ ᠪᠦᠷᠢ ᠰᠠᠭᠠᠯᠢ ᠶᠢᠨ ᠦᠨᠢᠶ᠎ᠡ ᠪᠦᠷᠢ ᠳᠤ 340 ᠭᠷᠡᠮ ᠬᠡᠷᠡᠭᠯᠡᠵᠦ᠂ ᠨᠢᠮᠪᠡᠭᠡ ᠶᠢᠨ ᠬᠦᠴᠢᠯ ᠲᠠᠢ ᠬᠠᠮᠲᠤ | ᠬᠡᠷᠡᠭᠯᠡᠪᠡᠯ ᠦᠷ᠎ᠡ ᠳ᠋ᠦᠩ ᠨᠢ ᠨᠡᠩ ᠰᠠᠶᠢᠨ ᠪᠠᠶᠢᠳᠠᠭ᠃ ᠾᠯᠣᠷᠲᠤ ᠺᠠᠯᠢ ᠶᠢ ᠨᠥᠬᠦᠪᠦᠷᠢᠯᠡᠨ᠎ᠡ᠃ ᠰᠠᠭᠠᠯᠢ ᠶᠢᠨ | ᠦᠨᠢᠶ᠎ᠡ ᠳᠤ ᠬᠠᠯᠠᠭᠤᠨ ᠤ ᠰᠡᠷᠡᠯᠵᠢᠯ ᠡᠭᠦᠰᠬᠦ ᠦᠶ᠎ᠡ ᠳᠤ᠂ ᠺᠠᠯᠢ ᠶᠢᠨ ᠭᠠᠳᠠᠭᠰᠢᠯᠠᠬᠤ ᠬᠡᠮᠵᠢᠶ᠎ᠡ ᠮᠡᠳᠡᠭᠳᠡᠮ᠎ᠡ | ᠨᠡᠮᠡᠭᠳᠡᠵᠦ᠂ ᠴᠢᠰᠤᠨ ᠳᠣᠲᠣᠷᠠᠬᠢ ᠺᠠᠯᠢ ᠶᠢᠨ ᠠᠭᠤᠯᠤᠭᠳᠠᠴᠠ ᠶᠢ ᠳᠣᠷᠣᠭᠰᠢᠯᠠᠭᠤᠯᠳᠠᠭ ᠤᠴᠢᠷ ᠠᠴᠠ ᠡᠷᠬᠡᠪᠰᠢ | ᠺᠠᠯᠢ ᠶᠢ ᠨᠥᠬᠦᠪᠦᠷᠢᠯᠡᠬᠦ ᠬᠡᠷᠡᠭᠲᠡᠢ᠃ ᠶᠡᠷᠦ ᠳᠡᠭᠡᠨ ᠰᠠᠭᠠᠯᠢ ᠶᠢᠨ ᠦᠨᠢᠶ᠎ᠡ ᠶᠢᠨ ᠤᠤᠭᠤᠬᠤ ᠤᠰᠤᠨ ᠳᠤ ᠪᠤᠶᠤ | ᠡᠳᠦᠷ ᠤᠨ ᠲᠡᠵᠢᠭᠡᠯ ᠪᠣᠷᠳᠣᠭᠠᠨ ᠳᠤ ᠾᠯᠣᠷᠲᠤ ᠺᠠᠯᠢ ᠶᠢ ᠨᠡᠮᠡᠵᠦ ᠪᠣᠯᠣᠨ᠎ᠠ᠂ ᠨᠡᠮᠡᠬᠦ ᠬᠡᠮᠵᠢᠶ᠎ᠡ ᠨᠢ ᠡᠳᠦᠷ ᠪᠦᠷᠢ | ᠰᠠᠭᠠᠯᠢ ᠶᠢᠨ ᠦᠨᠢᠶ᠎ᠡ ᠪᠦᠷᠢ ᠳᠤ 60 ᠭᠷᠡᠮ ᠠᠴᠠ 80 ᠭᠷᠡᠮ ᠪᠠᠶᠢᠳᠠᠭ᠃ ᠸᠢᠲ᠋ᠠᠮᠢᠨ C ᠪᠣᠯᠣᠨ ᠸᠢᠲ᠋ᠠᠮᠢᠨ E | ᠨᠥᠬᠦᠪᠦᠷᠢᠯᠡᠨ᠎ᠡ᠃ ᠰᠠᠭᠠᠯᠢ ᠶᠢᠨ ᠦᠨᠢᠶ᠎ᠡ ᠶᠢᠨ ᠬᠠᠯᠠᠭᠤᠨ ᠤ ᠰᠡᠷᠡᠯᠵᠢᠯ ᠡᠭᠦᠰᠬᠦ ᠦᠶ᠎ᠡ ᠳᠤ ᠸᠢᠲ᠋ᠠᠮᠢᠨ C | ᠨᠡᠶᠢᠯᠡᠯᠭᠡ ᠶᠢᠨ ᠴᠢᠳᠠᠪᠤᠷᠢ ᠨᠢ ᠪᠠᠭᠤᠷᠠᠵᠤ᠂ ᠬᠡᠷᠡᠭᠰᠡᠬᠦ ᠬᠡᠮᠵᠢᠶ᠎ᠡ ᠨᠢ ᠬᠠᠷᠢᠨ ᠨᠡᠮᠡᠭᠳᠡᠳᠡᠭ᠃ ᠡᠶᠢᠮᠦ ᠠᠴᠠ ᠠᠭᠠᠭᠢᠮ᠎ᠠ | ᠬᠠᠯᠠᠭᠤᠨ ᠵᠤᠨ ᠤ ᠤᠯᠠᠷᠢᠯ ᠳᠤ ᠰᠠᠭᠠᠯᠢ ᠶᠢᠨ ᠦᠨᠢᠶ᠎ᠡ ᠳᠤ ᠸᠢᠲ᠋ᠠᠮᠢᠨ C ᠨᠥᠬᠦᠪᠦᠷᠢᠯᠡᠬᠦ ᠶᠢ ᠠᠩᠬᠠᠷᠬᠤ ᠬᠡᠷᠡᠭᠲᠡᠢ᠂ | ᠵᠤᠨ ᠤ ᠤᠯᠠᠷᠢᠯ ᠳᠤ ᠶᠡᠷᠦ ᠳᠡᠭᠡᠨ ᠰᠠᠭᠠᠯᠢ ᠶᠢᠨ ᠦᠨᠢᠶᠡᠨ ᠤ ᠲᠡᠵᠢᠭᠡᠯ ᠪᠣᠷᠳᠣᠭᠠᠨ ᠳᠤ 0.04% — 0. | 06% ᠶᠢᠨ ᠸᠢᠲ᠋ᠠᠮᠢᠨ C ᠨᠡᠮᠡᠵᠦ ᠪᠣᠯᠣᠨ᠎ᠠ᠃ ᠸᠢᠲ᠋ᠠᠮᠢᠨ E ᠨᠢ ᠰᠠᠭᠠᠯᠢ ᠶᠢᠨ ᠦᠨᠢᠶᠡᠨ ᠤ ᠪᠡᠶ᠎ᠡ ᠳᠠᠬᠢ | ᠥᠭᠡᠬᠦ ᠶᠢᠨ ᠢᠰᠦᠯᠳᠦᠬᠦ ᠪᠠ ᠡᠪᠳᠡᠭᠳᠡᠬᠦ ᠶᠢ ᠰᠡᠷᠭᠡᠶᠢᠯᠡᠵᠦ ᠴᠢᠳᠠᠬᠤ ᠪᠥᠭᠡᠳ ᠪᠤᠰᠤᠳ ᠸᠢᠲ᠋ᠠᠮᠢᠨ ᠢᠰᠦᠯᠳᠦᠬᠦ ᠶᠢ | ᠴᠦ ᠰᠡᠷᠭᠡᠶᠢᠯᠡᠵᠦ ᠴᠢᠳᠠᠨ᠎ᠠ᠃ |