ᠬᠠᠷ᠎ᠠ ᠪᠦᠷᠭᠦᠳ ᠤᠨ ᠠᠭᠤᠯᠠ ᠪᠠᠯᠭᠠᠰᠤ ᠨᠢᠭᠡ ᠤᠳᠠᠭᠠᠨ ᠤ ᠠᠵᠤ ᠠᠬᠤᠢ ᠶᠢᠨ ᠵᠢᠭᠤᠷᠠᠯᠳᠤᠭᠠᠨ ᠢ ᠠᠮᠵᠢᠯᠲᠠ ᠲᠠᠢ ᠪᠠᠷ ᠰᠢᠢᠳᠪᠦᠷᠢᠯᠡᠪᠡ
ᠨᠡᠶᠢᠲᠡᠯᠡᠭᠰᠡᠨ ᠴᠠᠭ᠄
2024/8/16
     ᠠᠷᠠᠳ ᠤᠯᠠᠨ ᠤ ᠬᠠᠤᠯᠢ ᠶᠣᠰᠣᠨ ᠤ ᠡᠷᠬᠡ ᠠᠰᠢᠭ ᠪᠣᠯᠣᠨ ᠨᠡᠶᠢᠭᠡᠮ ᠤᠨ ᠡᠶ᠎ᠡ ᠵᠣᠬᠢᠴᠠᠩᠭᠤᠢ ᠲᠣᠭᠲᠠᠭᠤᠨ ᠢ ᠬᠠᠮᠠᠭᠠᠯᠠᠵᠤ᠂ ᠠᠷᠠᠳ ᠤᠯᠠᠨ ᠤ ᠵᠦᠢ ᠶᠣᠰᠣᠨ ᠤ ᠬᠦᠰᠡᠯ ᠱᠠᠭᠠᠷᠳᠠᠯᠭ᠎ᠠ ᠶᠢ ᠴᠠᠭ ᠲᠤᠬᠠᠢ ᠳᠤᠨᠢ ᠰᠢᠢᠳᠪᠦᠷᠢᠯᠡᠵᠦ᠂ ᠦᠨᠳᠦᠰᠦᠨ ᠱᠠᠲᠤᠨ ᠤ ᠵᠥᠷᠢᠴᠡᠯ ᠵᠢᠭᠤᠷᠠᠯᠳᠤᠭᠠᠨ ᠢ ᠰᠢᠢᠳᠪᠣᠷᠢᠯᠡᠭᠦ ᠶᠢᠨ ᠲᠥᠯᠥᠭᠡ᠂ 8 ᠰᠠᠷ᠎ᠠ ᠶᠢᠨ 13 ᠤ ᠡᠳᠦᠷ᠂ ᠬᠠᠷ᠎ᠠ ᠪᠦᠷᠭᠦᠳ ᠤᠨ ᠠᠭᠤᠯᠠ ᠪᠠᠯᠭᠠᠰᠤᠨ ᠤ ᠵᠠᠰᠠᠭ ᠤᠨ ᠣᠷᠳᠣᠨ ᠬᠠᠷ᠎ᠠ ᠪᠦᠷᠭᠦᠳ ᠤᠨ ᠠᠭᠤᠯᠠ  ᠪᠠᠯᠭᠠᠰᠤᠨ ᠤ ᠬᠠᠤᠯᠢ ᠴᠠᠭᠠᠵᠠ ᠶᠢᠨ ᠭᠠᠵᠠᠷ᠂ ᠡᡁᠸ ᠶᠢᠩ ᠱᠠᠨ ᠤ ᠬᠢᠯᠢ ᠶᠢᠨ ᠲᠣᠮᠢᠯᠠᠭᠰᠠᠨ ᠰᠠᠯᠪᠤᠷᠢ ᠲᠠᠢ ᠬᠠᠮᠲᠤᠷᠠᠨ ᠵᠥᠷᠢᠴᠡᠯ ᠵᠢᠭᠤᠷᠠᠯᠳᠤᠭᠠᠨ ᠢ ᠡᠶᠡᠳᠡᠭᠦᠯᠬᠦ ᠠᠵᠢᠯ ᠢ ᠢᠳᠡᠪᠬᠢᠲᠡᠢ ᠥᠷᠨᠢᠭᠦᠯᠵᠦ᠂ ᠡᠯᠡᠰᠣ ᠰᠢᠷᠣᠢ ᠶᠢᠨ ᠲᠡᠭᠡᠭᠡᠪᠦᠷᠢ ᠶᠢᠨ ᠵᠠᠷᠤᠳᠠᠯ ᠤᠨ ᠲᠤᠬᠠᠢ ᠠᠵᠤ ᠠᠬᠤᠢ ᠶᠢᠨ ᠵᠢᠭᠤᠷᠠᠯᠳᠤᠭᠠᠨ ᠢ ᠠᠮᠵᠢᠯᠲᠠ ᠲᠠᠢ ᠡᠶᠡᠳᠡᠭᠦᠯᠪᠡ᠃    ᠮᠠᠨ ᠤ ᠪᠠᠯᠭᠠᠰᠤᠨ ᠤ ᠬᠠᠷᠢᠶᠠᠨ ᠳᠠᠬᠢ ᠨᠢᠭᠡᠨ ᠵᠠᠮ ᠤᠨ ᠬᠡᠰᠡᠭ ᠤᠨ ᠪᠠᠷᠢᠯᠭ᠎ᠠ ᠶᠢᠨ ᠵᠦᠢᠯᠡᠰ ᠲᠤ ᠬᠠᠷᠢᠶᠠᠯᠠᠭᠳᠠᠬᠤ ᠬᠡᠰᠡᠭ ᠤᠨ ᠳᠠᠭᠠᠭᠠᠴᠢᠯᠠᠯᠲᠠ ᠶᠢᠨ ᠺᠣᠮᠫᠠᠨᠢ ᠪᠣᠯᠣᠨ ᠨᠢᠭᠡᠨ ᠲᠡᠭᠡᠭᠡᠪᠦᠷᠢ ᠶᠢᠨ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠬᠤᠶᠠᠷ ᠲᠠᠯ᠎ᠠ ᠪᠠᠷ ᠢᠶᠠᠨ ᠡᠯᠡᠰᠣ ᠰᠢᠷᠣᠢ ᠶᠢᠨ ᠲᠡᠭᠡᠭᠡᠪᠦᠷᠢ ᠶᠢᠨ ᠵᠠᠷᠤᠳᠠᠯ  49.5 ᠲᠦᠮᠡ ᠭᠠᠷᠤᠢ ᠲᠥᠭᠦᠷᠢᠭ ᠢ ᠴᠠᠭ ᠲᠤᠨᠢ ᠲᠤᠰᠢᠶᠠᠭᠰᠠᠨ ᠦᠭᠡᠢ ᠠᠴᠠ ᠪᠣᠯᠵᠤ ᠵᠠᠭᠤᠷᠠᠯᠳᠤᠭᠠᠨ ᠡᠭᠦᠰᠪᠡ᠃ ᠬᠡᠷᠡᠭ ᠤᠨ ᠪᠠᠶᠢᠳᠠᠯ ᠵᠢᠴᠢ ᠬᠤᠶᠠᠷ ᠲᠠᠯ᠎ᠠ ᠶᠢᠨ ᠮᠠᠷᠭᠤᠯᠳᠤᠭᠠᠨ ᠪᠠ ᠭᠤᠮᠣᠳᠠᠯ ᠱᠠᠭᠠᠷᠳᠠᠯᠭ᠎ᠠ ᠶᠢ ᠣᠶᠢᠯᠠᠭᠠᠭᠰᠠᠨ ᠤ ᠲᠠᠷᠠᠭ᠎ᠠ᠂ ᠡᠶᠡᠳᠡᠭᠦᠯᠬᠦ ᠳᠤᠭᠤᠶᠢᠯᠠᠩ ᠤᠨ ᠬᠢᠨ ᠬᠤᠶᠠᠷ ᠲᠠᠯ᠎ᠠ ᠶᠢ ᠪᠦᠬᠦ ᠰᠡᠳᠬᠢᠯ ᠢᠶᠠᠷ ᠲᠠᠶᠢᠳᠬᠤᠷᠠᠭᠤᠯᠵᠤ᠂          ︽ᠢᠷᠭᠡᠨ ᠤ ᠬᠠᠤᠯᠢ ᠶᠢᠨ ᠪᠢᠴᠢᠭ︾᠂ ︽ᠬᠥᠳᠡᠯᠮᠦᠷᠢ  ᠦᠢᠯᠡᠴᠢᠯᠡᠭᠡᠨ ᠤ ᠭᠡᠷ᠎ᠡ ᠶᠢᠨ ᠬᠠᠤᠯᠢ︾ ᠵᠡᠷᠭᠡ ᠬᠤᠯᠪᠣᠭᠳᠠᠯ ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ ᠲᠠᠢ ᠤᠶᠠᠯᠳᠤᠭᠤᠯᠤᠨ᠂ ᠨᠢᠭᠡ ᠳᠤ ᠰᠣᠨᠣᠰᠬᠤ᠂ ᠬᠤᠶᠠᠷ ᠲᠤ ᠢᠳᠬᠠᠬᠤ᠂ ᠭᠤᠷᠪᠠ ᠳᠤ ᠡᠶᠡᠳᠡᠭᠦᠯᠬᠦ ᠪᠠᠷ ᠳᠠᠮᠵᠢᠭᠤᠯᠤᠨ᠂ ᠨᠠᠷᠢᠨ ᠬᠢᠨᠠᠮᠠᠭᠠᠢ᠂ ᠬᠦᠯᠢᠴᠡᠩᠭᠦᠢ᠂ ᠪᠦᠬᠦ ᠰᠡᠳᠬᠢᠯ ᠢᠶᠠᠷ ᠢᠶᠠᠨ  ᠴᠢᠷᠮᠠᠶᠢᠵᠣ ᠡᠴᠦᠰ ᠲᠡᠭᠡᠨ ᠬᠤᠶᠠᠷ ᠲᠠᠯ᠎ᠠ ᠪᠠᠷ ᠢᠶᠠᠨ ᠰᠠᠨᠠᠯ ᠨᠢᠭᠡᠲᠡᠢ ᠬᠡᠯᠡᠯᠴᠡᠭᠡᠷ       ᠲᠣᠭᠲᠠᠪᠠ᠃    ᠳᠠᠷᠠᠭᠠᠴᠢ ᠶᠢᠨ ᠠᠯᠬᠤᠮ ᠳᠤ᠂  ᠬᠠᠷ᠎ᠠ ᠪᠦᠷᠭᠦᠳ ᠤᠨ ᠠᠭᠤᠯᠠ ᠪᠠᠯᠭᠠᠰᠤ ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠣᠶᠢᠯᠠᠭᠠᠭᠳᠠᠬᠤᠨ ᠢ ᠢᠮᠠᠭᠲᠠ ᠪᠠᠷᠢᠮᠲᠠᠯᠠᠵᠤ᠂ ᠰᠠᠨᠠᠭᠠᠴᠢᠯᠠᠭ᠎ᠠ ᠠᠴᠠ ᠪᠠᠨ ᠠᠵᠢᠯᠯᠠᠵᠤ᠂ ︽ᠨᠢᠭᠡ ᠦᠷᠳᠡᠭᠡ ᠶᠢᠨ ᠬᠡᠯᠪᠡᠷᠢ︾ ᠶᠢᠨ ᠵᠥᠷᠢᠴᠡᠯ ᠵᠢᠭᠤᠷᠠᠯᠳᠤᠭᠠᠨ ᠢ ᠡᠶᠡᠳᠡᠭᠦᠯᠦᠨ ᠰᠢᠢᠳᠪᠦᠷᠢᠯᠡᠬᠦ ᠲᠥᠪ ᠢ ᠪᠠᠶᠢᠭᠤᠯᠤᠨ ᠲᠡᠭᠦᠯᠳᠡᠷᠵᠢᠭᠦᠯᠵᠦ᠂ ᠠᠵᠢᠯᠲᠠᠳ ᠤᠨ ᠲᠤᠰᠬᠠᠢ ᠮᠡᠷᠭᠡᠵᠢᠯ ᠤᠨ ᠪᠣᠯᠪᠠᠰᠤᠷᠠᠯ ᠪᠠ ᠡᠶᠡᠳᠡᠭᠦᠯᠬᠦ ᠤᠷ᠎ᠠ ᠮᠡᠷᠭᠡᠵᠢᠯ ᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠠᠷᠠᠳ ᠤᠯᠠᠨ ᠤ ︽  ᠪᠡᠴᠢᠮ᠂ ᠬᠦᠴᠢᠷ᠂ ᠵᠣᠪᠠᠨᠢᠯ᠂  ᠬᠦᠰᠡᠯ ᠡᠷᠡᠮᠵᠢᠯ︾ ᠤᠨ ᠠᠰᠠᠭᠤᠳᠠᠯ ᠢ ᠰᠡᠳᠬᠢᠯ ᠲᠠᠯᠪᠢᠨ ᠬᠦᠴᠦ ᠲᠠᠯᠪᠢᠨ ᠰᠢᠢᠳᠪᠦᠷᠢᠯᠡᠵᠦ᠂  ᠵᠥᠷᠢᠴᠡᠯ ᠵᠢᠭᠤᠷᠠᠯᠳᠤᠭᠠᠨ ᠢ ᠲᠤᠬᠠᠢ ᠶᠢᠨ ᠭᠠᠵᠠᠷ ᠲᠤᠨᠢ ᠲᠦᠷᠭᠡᠨ ᠪᠥᠭᠡᠳ ᠤᠯᠠᠨ ᠡᠰᠢᠵᠢᠭᠦᠯᠦᠨ ᠰᠢᠢᠳᠪᠦᠷᠢᠯᠡᠵᠦ᠂       ︽ᠨᠢᠭᠡ ᠯᠡ ᠡᠭᠦᠳᠡ ᠪᠠᠷ ᠣᠷᠣᠵᠤ᠂ ᠨᠢᠭᠡᠯᠠ ᠭᠠᠵᠠᠷ  ᠳᠤ ᠣᠴᠢᠬᠤ︾ ᠶᠢ ᠪᠡᠶᠡᠯᠡᠭᠦᠯᠵᠦ᠂ ᠠᠷᠠᠳ ᠤᠯᠠᠨ ᠤ ᠬᠦᠷᠲᠡᠮᠵᠢ ᠶᠢᠨ ᠲᠥᠷᠥᠭᠳᠡᠯ᠂ ᠵᠣᠯ ᠵᠢᠷᠭᠠᠯᠲᠤ ᠲᠥᠷᠥᠭᠳᠡᠯ᠂ ᠠᠮᠤᠷ ᠲᠦᠪᠰᠢᠨ ᠤ ᠲᠥᠷᠥᠭᠳᠡᠯ ᠢ ᠲᠠᠰᠤᠷᠠᠯᠲᠠ ᠦᠭᠡᠢ ᠲᠡᠭᠡᠭᠰᠢᠯᠡᠬᠦᠯᠣᠨ᠎ᠡ᠃
 
ᠢᠷᠡᠯᠲᠡ᠄ ᠬᠠᠷ᠎ᠠ ᠪᠦᠷᠭᠦᠳ ᠤᠨ ᠠᠭᠤᠯᠠ ᠪᠠᠯᠭᠠᠰᠤ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号