ᠮᠠᠨ ᠤ ᠬᠤᠰᠢᠭᠤᠨ ᠤ ᠡᠯ᠎ᠡ ᠲᠤᠮᠳᠠᠳᠤ ᠪᠠᠭ᠎ᠠ ᠰᠤᠷᠭᠠᠭᠤᠯᠢ ᠶᠢᠨ ᠬᠢᠨ ᠡᠯᠪᠡᠭ ᠪᠠᠶᠠᠯᠢᠭ ︽ᠰᠤᠷᠤᠯᠭ᠎ᠠ ᠡᠬᠢᠯᠡᠬᠦ ᠠᠩᠬᠠᠨ ᠤ ᠬᠢᠴᠢᠶᠡᠯ︾ ᠥᠷᠨᠢᠭᠦᠯᠵᠦ ᠰᠢᠨ᠎ᠡ ᠰᠤᠷᠤᠯᠭ᠎ᠠ ᠶᠢᠨ ᠬᠤᠭᠤᠴᠠᠭ᠎ᠠ ᠪᠠᠨ ᠤᠭᠲᠤᠨ᠎ᠠ
ᠨᠡᠶᠢᠲᠡᠯᠡᠭᠰᠡᠨ ᠴᠠᠭ᠄
2025/2/28
    2 ᠰᠠᠷ᠎ᠠ ᠶᠢᠨ 24 ᠎ ᠤ ᠡᠳᠦᠷ᠂ ᠮᠠᠨ ᠤ ᠬᠤᠰᠢᠭᠤᠨ ᠤ ᠡᠯ᠎ᠡ ᠳᠤᠮᠳᠠᠳᠤ ᠪᠠᠭ᠎ᠠ ᠰᠤᠷᠭᠠᠭᠤᠯᠢ ᠨᠤᠭᠤᠳ ᠲᠠᠩᠰᠤᠭ ᠰᠠᠶᠢᠬᠠᠨ ᠰᠢᠨ᠎ᠡ ᠰᠤᠷᠤᠯᠭ᠎ᠠ ᠶᠢᠨ ᠬᠤᠭᠤᠴᠠᠭ᠎ᠠ ᠪᠠᠨ ᠤᠭᠲᠤᠨ  ᠠᠪᠴᠢᠷᠠᠵᠤ᠂ ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠭᠰᠡᠨ ᠤ ᠲᠠᠷᠠᠭᠠᠬᠢ ᠠᠩᠬᠠᠨ ᠤ ᠲᠤᠭ ᠮᠠᠨᠳᠤᠭᠤᠯᠬᠤ ᠶᠤᠰᠤᠯᠠᠯ ᠢᠶᠠᠨ  ᠠᠮᠵᠢᠯᠳᠠ ᠲᠠᠢ ᠰᠠᠶᠢᠬᠠᠨ ᠶᠠᠪᠤᠭᠳᠠᠭᠤᠯᠤᠨ᠂ ᠰᠤᠷᠤᠭᠴᠢᠳ ᠰᠢᠨ᠎ᠡ ᠰᠤᠷᠤᠯᠭ᠎ᠠ ᠶᠢᠨ ᠬᠤᠭᠤᠴᠠᠭᠠᠨ ᠤ ᠠᠩᠬᠠᠳᠠᠬᠢ ᠬᠢᠴᠢᠶᠡᠯ ᠢᠶᠠᠨ ᠪᠠᠶᠠᠷ ᠬᠦᠷ ᠲᠠᠢ ᠤᠷᠤᠵᠠᠭᠠᠭᠰᠠᠨ ᠪᠠᠶᠢᠨ᠎ᠠ᠃     ᠥᠷᠯᠥᠭᠡ ᠡᠷᠲᠡ᠂ ᠬᠤᠰᠢᠭᠤᠨ ᠤ ᠪᠠᠭ᠎ᠠ ᠰᠤᠷᠭᠠᠭᠤᠯᠢ ᠶᠢᠨ ᠪᠥᠬᠦ ᠪᠠᠭᠰᠢ ᠰᠤᠷᠤᠭᠴᠢᠳ ᠲᠠᠮᠢᠷ ᠤᠨ ᠲᠠᠯᠠᠪᠠᠶ ᠳᠤ ᠴᠤᠭᠯᠠᠷᠠᠨ᠂ ᠲᠠᠪᠤᠨ ᠣᠳᠣᠲᠤ ᠤᠯᠠᠭᠠᠨ ᠲᠤᠭ ᠢᠶᠠᠨ ᠨᠠᠮᠢᠷᠠᠭᠤᠯᠵᠤ᠂ ᠰᠢᠨ᠎ᠡ ᠰᠤᠷᠤᠯᠭ᠎ᠠ ᠶᠢᠨ ᠬᠤᠭᠤᠴᠠᠭᠠᠨ ᠤ ᠲᠡᠮᠡᠴᠡᠬᠦ ᠬᠠᠷᠠᠯᠲᠠ ᠢᠶᠠᠨ ᠲᠤᠳᠤᠷᠬᠠᠶᠢᠯᠠᠨ᠂ ᠰᠤᠷᠤᠭᠴᠢᠳ ᠢ ᠬᠠᠮᠤᠭ ᠤᠨ ᠰᠠᠶᠢᠨ ᠰᠤᠷᠤᠯᠴᠠᠬᠤ ᠪᠠᠶᠢᠳᠠᠯ ᠳᠤ ᠣᠷᠣᠭᠤᠯᠬᠤ ᠶᠢᠨ ᠲᠤᠰᠠᠳᠠ᠂ ᠪᠦᠬᠦ ᠰᠤᠷᠭᠠᠭᠤᠯᠢ ᠶᠢᠨ ᠰᠤᠷᠤᠭᠴᠢᠳ ᠢ ᠵᠣᠬᠢᠶᠠᠨ ᠪᠠᠶᠢᠭᠤᠯᠤᠨ       ︽ᠰᠤᠷᠤᠯᠭ᠎ᠠ ᠡᠬᠢᠯᠡᠬᠦ ᠠᠩᠬᠠᠨ ᠤ ᠬᠢᠴᠢᠶᠡᠯ︾᠎ ᠤᠨ ᠭᠤᠣᠯ ᠰᠡᠳᠦᠪᠲᠦ ᠠᠩᠭᠢ ᠶᠢᠨ ᠬᠤᠷᠠᠯ ᠤᠨ ᠠᠵᠢᠯᠯᠠᠭ᠎ᠠ ᠥᠷᠨᠢᠭᠦᠯᠵᠦ᠂ ᠰᠤᠷᠤᠭᠴᠢᠳ ᠲᠤ ᠰᠢᠨ᠎ᠡ ᠰᠤᠷᠤᠯᠭ᠎ᠠ ᠶᠢᠨ ᠬᠤᠭᠤᠴᠠᠭᠠᠨ ᠤ ᠰᠢᠨ᠎ᠡ ᠬᠦᠰᠡᠯ ᠵᠡᠭᠦᠳᠦ ᠶᠢ ᠴᠣᠭᠴᠠᠯᠠᠨ ᠥᠭᠴᠦ᠂ 2025 ᠣᠨ ᠤ ᠬᠠᠪᠤᠷ ᠤᠨ ᠤᠯᠠᠷᠢᠯ ᠤᠨ ᠰᠤᠷᠤᠯᠭ᠎ᠠ ᠶᠢᠨ ᠬᠤᠭᠤᠴᠠᠭᠠᠨ ᠤ ᠰᠢᠨ᠎ᠡ ᠠᠶᠠᠨ ᠢ ᠡᠬᠢᠯᠡᠭᠦᠯᠵᠡᠢ᠃    ᠡᠵᠡᠨ᠎ᠡ ᠬᠤᠰᠢᠭᠤᠨ ᠤ ᠪᠠᠭ᠎ᠠ ᠰᠤᠷᠭᠠᠭᠤᠯᠢ ᠶᠢᠨ ᠵᠢᠷᠭᠤᠳᠤᠭᠠᠷ ᠣᠨ ᠤ ᠨᠢᠭᠡᠳᠦᠭᠡᠷ ᠠᠩᠬᠢ ᠶᠢᠨ ᠡᠷᠬᠢᠯᠡᠭᠴᠢ ᠵᠤ᠋ ᠶᠠ ᠸᠧᠨ᠄ ︽ᠰᠢᠨ᠎ᠡ ᠰᠤᠷᠤᠯᠭ᠎ᠠ ᠶᠢᠨ ᠬᠤᠭᠤᠴᠠᠭ᠎ᠠ ᠪᠢᠳᠡ ᠠᠮᠢ ᠨᠠᠰᠤᠨ ᠤ ᠰᠤᠷᠭᠠᠨ ᠬᠥᠮᠦᠵᠢᠯ ᠢ ᠠᠳᠬᠤᠬᠤ ᠎ ᠠᠴᠠ ᠡᠬᠢᠯᠡᠵᠦ᠂ ᠬᠡᠦᠬᠡᠳ ᠲᠤ ᠬᠢᠵᠠᠭᠠᠷ ᠲᠠᠢ ᠠᠮᠢ ᠨᠠᠰᠤᠨ ᠳᠠᠭᠠᠨ ᠢᠳᠡᠪᠬᠢᠲᠡᠢ ᠥᠭᠡᠳᠡᠷᠬᠡᠭ᠂ ᠢᠳᠡᠪᠬᠢ ᠬᠦᠴᠦᠨ ᠤ ᠶᠠᠪᠤᠳᠠᠯ ᠢ ᠢᠯᠡᠭᠦᠬᠡᠨ ᠬᠢᠶ᠎ᠡ︾ ᠭᠡᠪᠡ᠃    ᠰᠡᠳᠬᠢᠴᠡ ᠶᠢᠨ ᠡᠷᠡᠭᠦᠯ ᠮᠡᠨᠳᠦ ᠶᠢᠨ ᠬᠢᠴᠢᠶᠡᠯ ᠳᠡᠭᠡᠷ᠎ᠡ᠂ ᠰᠤᠷᠤᠭᠴᠢᠳ ᠢᠳᠡᠪᠬᠢᠲᠡᠶ ᠶᠠᠷᠢᠯᠴᠠᠨ᠂ ᠠᠮᠢᠳᠤᠷᠠᠯ ᠳᠤᠮᠳᠠ ᠲᠣᠬᠢᠶᠠᠯᠳᠤᠭᠰᠠᠨ ᠨᠠᠵᠠᠭᠠᠶ ᠤᠷᠮ᠎ᠠ ᠰᠡᠳᠬᠢᠯᠭᠡ ᠪᠠᠨ ᠬᠤᠪᠢᠶᠠᠯᠴᠠᠨ᠎ᠠ᠃ ᠪᠠᠭᠰᠢ ᠨᠢ ᠰᠤᠷᠤᠭᠴᠢᠳ ᠢ ᠢᠳᠡᠪᠬᠢᠲᠡᠶ ᠪᠠᠶᠠᠰᠤᠩᠭᠤᠶ ᠣᠪᠣᠷ ᠢᠶᠠᠷ ᠳᠠᠷᠤᠯᠲᠠ ᠳᠤ ᠬᠠᠨᠳᠤᠵᠤ᠂ ᠰᠤᠷᠤᠭᠴᠢᠳ ᠤᠨ ᠰᠢᠨ᠎ᠡ ᠰᠤᠷᠤᠯᠭ᠎ᠠ ᠶᠢᠨ ᠬᠤᠭᠤᠴᠠᠭᠠᠨ ᠳᠠᠭᠠᠨ ᠢᠲᠡᠭᠡᠯ ᠲᠡᠭᠦᠯᠳᠡᠷ᠂ ᠬᠦᠰᠡᠯ ᠡᠷᠡᠮᠡᠯᠵᠡᠯ ᠎ ᠲᠠᠢ ᠪᠠᠶᠢᠬᠤ ᠶᠢ ᠵᠤᠷᠢᠭᠵᠢᠭᠤᠯᠤᠨ᠎ᠠ᠃    ᠡᠵᠡᠨ᠎ᠡ ᠬᠤᠰᠢᠭᠤᠨ ᠤ ᠪᠠᠭ᠎ᠠ ᠰᠤᠷᠭᠠᠭᠤᠯᠢ ᠶᠢᠨ ᠵᠢᠷᠭᠤᠳᠤᠭᠠᠷ ᠣᠨ ᠤ ᠨᠢᠭᠡᠳᠦᠭᠡᠷ ᠠᠩᠬᠢ ᠶᠢᠨ ᠰᠤᠷᠤᠭᠴᠢ ᠯᠢᠦ ᠬᠤᠤ ᠸᠧᠨ᠄ ︽ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠵᠦ᠂ ᠰᠢᠨ᠎ᠡ ᠨᠤᠮ ᠪᠢᠴᠢᠭ᠂ ᠰᠢᠨ᠎ᠡ ᠨᠠᠶᠢᠵᠠ ᠨᠦᠭᠦᠳ ᠭᠡᠳ ᠲᠤᠩ ᠰᠠᠶᠢᠬᠠᠨ ᠠᠶᠠᠲᠠᠢ ᠰᠠᠨᠠᠭᠳᠠᠵᠤ ᠪᠠᠶᠢᠨ᠎ᠠ᠃ ᠡᠨᠡ ᠰᠤᠷᠤᠯᠭ᠎ᠠ ᠶᠢᠨ ᠬᠤᠭᠤᠴᠠᠭᠠᠨ ᠳᠤ᠂ ᠨᠠᠩ ᠴᠢᠷᠮᠠᠶᠢᠨ ᠰᠤᠷᠤᠯᠴᠠᠨ᠎ᠠ︾ ᠭᠡᠪᠡ᠃    ᠥᠷᠭᠡᠨ ᠣᠯᠠᠨ ᠪᠠᠭᠰᠢ ᠰᠤᠷᠤᠭᠴᠢᠳ ᠲᠤ ᠠᠮᠤᠷ ᠲᠦᠪᠰᠢᠨ᠂ ᠡᠶ᠎ᠡ ᠵᠣᠬᠢᠴᠠᠯ ᠲᠠᠢ᠂ ᠲᠣᠭᠲᠠᠭᠤᠨ ᠰᠤᠷᠭᠠᠭᠤᠯᠢ ᠡᠬᠢᠯᠡᠬᠦ ᠣᠷᠴᠢᠨ ᠨᠥᠬᠦᠴᠡᠯ ᠢ ᠪᠣᠶ ᠪᠣᠯᠭᠠᠬᠤ ᠶᠢᠨ ᠲᠤᠰᠠᠲᠠ ᠡᠵᠡᠨ᠎ᠡ ᠬᠤᠰᠢᠭᠤᠨ ᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ ᠨᠢᠭᠡᠳᠦᠯᠲᠡᠶ ᠲᠥᠯᠥᠪᠯᠡᠨ ᠲᠣᠬᠢᠷᠠᠭᠤᠯᠵᠤ᠂ ᠰᠤᠷᠤᠯᠭ᠎ᠠ ᠶᠢᠨ ᠬᠤᠭᠤᠴᠠᠭᠠᠨ ᠤ ᠠᠮᠦᠷ ᠲᠦᠪᠰᠢᠨ ᠤ ᠬᠠᠮᠠᠭᠠᠯᠠᠯᠲᠠ ᠶᠢᠨ ᠨᠢᠭᠡᠳᠦᠭᠡᠷ ᠪᠠᠶᠢᠷᠢ ᠪᠠᠨ ᠪᠠᠲᠤ ᠰᠡᠬᠢᠵᠤ᠂ ᠰᠤᠷᠭᠠᠭᠤᠯᠢ ᠡᠬᠢᠯᠡᠬᠦ ᠳᠤ ᠪᠥᠬᠦ ᠬᠦᠴᠦᠨ ᠢᠶᠠᠷ ᠢᠶᠠᠨ ᠪᠠᠲᠤᠯᠠᠭ᠎ᠠ ᠬᠠᠩᠭᠠᠨ᠎ᠠ᠃ ᠡᠭᠦᠨ ᠤ ᠬᠠᠮᠲᠤ ᠳᠠᠯᠠᠶᠢᠬᠦ᠋ᠪ ᠲᠣᠮᠢᠯᠠᠭᠰᠠᠨ ᠰᠠᠯᠪᠤᠷᠢ ᠶᠢᠨ ᠠᠷᠠᠳ ᠤᠨ ᠴᠠᠭᠳᠠᠭ᠎ᠠ ᠨᠠᠷ ᠡᠯ᠎ᠡ ᠳᠤᠮᠳᠠᠳᠤ ᠪᠠᠭ᠎ᠠ ᠰᠤᠷᠭᠠᠭᠤᠯᠢ ᠬᠡᠦᠬᠡᠳ ᠤᠨ ᠴᠡᠴᠡᠷᠯᠢᠭ ᠲᠤ ᠤᠷᠢᠳᠴᠢᠯᠠᠨ ᠭᠦᠨᠵᠡᠭᠡᠶᠢᠷᠡᠨ ᠰᠤᠷᠭᠠᠭᠤᠯᠢ ᠶᠢᠨ ᠬᠦᠷᠢᠶᠡᠨ ᠤ ᠠᠮᠤᠷ ᠲᠦᠪᠰᠢᠨ ᠤ ᠪᠡᠯᠡᠳᠬᠡᠮᠵᠢ ᠵᠢᠴᠢ ᠠᠮᠤᠷ ᠢ ᠬᠠᠮᠠᠭᠠᠯᠠᠬᠤ ᠬᠦᠴᠦᠨ ᠢ ᠳᠣᠭᠢᠷᠠᠭᠤᠯᠬᠤ᠂ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠲᠣᠭᠲᠠᠴᠠ ᠵᠡᠷᠭᠡ ᠳᠤ ᠨᠠᠷᠢᠨ ᠪᠠᠶᠢᠴᠠᠭᠠᠯᠲᠠ ᠬᠢᠵᠦ᠂ ᠰᠤᠷᠭᠠᠭᠤᠯᠢ ᠶᠢᠨ ᠬᠦᠷᠢᠶᠡᠨ ᠤ ᠳᠣᠲᠣᠭᠠᠳᠤ ᠶᠢᠨ ᠠᠮᠤᠷ ᠲᠦᠪᠰᠢᠨ ᠤ ᠰᠡᠷᠭᠡᠶᠢᠯᠡᠯᠲᠡ ᠶᠢᠨ ᠱᠤᠭᠤᠮ ᠢ ᠪᠠᠬᠢᠵᠢᠭᠦᠯᠦᠨ᠎ᠡ᠃    ᠡᠵᠡᠨ᠎ᠡ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠤᠪᠴᠢᠶ᠎ᠠ ᠶᠢᠨ ᠴᠢᠮᠡᠭᠡ ᠮᠡᠳᠡᠭᠡᠨ ᠤ ᠵᠢᠯᠣᠭᠤᠳᠬᠤ ᠲᠥᠪ ᠤᠨ ᠡᠷᠬᠢᠯᠡᠭᠴᠢ ᠨᠢᠦ ᠺᠠᠢ᠄ ︽ᠰᠤᠷᠭᠠᠭᠤᠯᠢ ᠡᠬᠢᠯᠡᠬᠦ ᠤᠯᠠᠷᠢᠯ ᠳᠤ ᠴᠢᠭᠯᠡᠭᠦᠯᠦᠨ᠂ ᠡᠵᠡᠨ᠎ᠡ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠨᠠᠷᠢᠨ ᠨᠢᠮᠪᠠᠶ ᠪᠠᠶᠢᠷᠢᠯᠠᠭᠤᠯᠤᠨ ᠳᠣᠭᠢᠷᠠᠭᠤᠯᠵᠤ᠂ ᠴᠠᠭᠳᠠᠭᠠᠨ ᠤ ᠬᠦᠴᠦᠨ ᠢ ᠤᠷᠢᠳᠴᠢᠯᠠᠨ ᠪᠣᠳᠠᠲᠠᠶᠢᠵᠢᠭᠤᠯᠵᠤ᠂ ᠬᠠᠷᠢᠶᠠᠲᠤ ᠣᠷᠣᠨ ᠤ ᠡᠯ᠎ᠡ ᠰᠤᠷᠭᠠᠭᠤᠯᠢ ᠶᠢᠨ ︿ᠰᠤᠷᠤᠯᠭ᠎ᠠ ᠶᠢᠨ ᠬᠠᠷᠠᠭᠤᠯ﹀᠎ ᠢ ᠪᠥᠬᠦ ᠲᠠᠯ᠎ᠠ ᠪᠠᠷ ᠡᠬᠢᠯᠡᠭᠦᠯᠵᠦ᠂ ᠰᠤᠷᠭᠠᠭᠤᠯᠢ ᠶᠢᠨ ᠪᠠᠭᠰᠢ᠂ ᠬᠡᠷ ᠤᠨ ᠠᠬᠠᠮᠠᠳ ᠤᠨ ᠰᠠᠶᠢᠨ ᠳᠤᠷᠠᠴᠤᠳ᠂ ᠠᠮᠤᠷ ᠢ ᠬᠠᠮᠠᠭᠠᠯᠠᠬᠤ ᠵᠡᠷᠭᠡ ᠣᠯᠠᠨ ᠲᠠᠯ᠎ᠠ ᠶᠢᠨ ᠬᠦᠴᠦᠨ ᠲᠠᠢ ᠬᠠᠮᠲᠤᠷᠠᠨ ᠰᠤᠷᠭᠠᠭᠤᠯᠢ ᠶᠢᠨ ᠠᠮᠤᠷ ᠲᠦᠪᠰᠢᠨ ᠵᠢᠴᠢ ᠡᠷᠬᠢᠨ ᠲᠣᠭᠤᠷᠢᠨ ᠤ ᠵᠠᠮ ᠬᠠᠷᠢᠯᠴᠠᠭᠠᠨ ᠤ ᠡᠮᠬᠢ ᠳᠢᠭᠯᠢᠮ ᠢ ᠬᠠᠮᠠᠭᠠᠯᠠᠬᠤ ᠠᠵᠢᠯ ᠢ ᠬᠠᠮᠲᠤ ᠪᠠᠷ ᠥᠷᠨᠢᠭᠦᠯᠵᠦ᠂ ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠤᠯᠠᠷᠢᠯ ᠤᠨ ᠰᠤᠷᠭᠠᠭᠤᠯᠢ ᠶᠢᠨ ᠬᠦᠷᠢᠶᠡᠨ ‍ᠦ‌‍ᠶ ᠠᠮᠤᠷ ᠲᠦᠪᠰᠢᠨ ᠢ ᠪᠠᠲᠤᠯᠠᠵᠤ ᠪᠠᠶᠢᠨ᠎ᠠ︾ ᠭᠡᠪᠡ᠃    ᠮᠦᠨᠬᠦ ᠡᠨᠡ ᠡᠳᠦᠷ ᠡᠵᠡᠨ᠎ᠡ ᠬᠤᠰᠢᠭᠤᠨ ᠤ ᠡᠯ᠎ᠡ ᠳᠤᠮᠳᠠᠳᠤ ᠪᠠᠭ᠎ᠠ ᠰᠤᠷᠭᠠᠭᠤᠯᠢ᠂ ᠬᠡᠦᠬᠡᠳ ᠤᠨ ᠴᠡᠴᠡᠷᠯᠢᠭ ᠪᠦᠷ ᠡᠮᠬᠢ ᠵᠢᠷᠤᠮ ᠲᠠᠢ ᠪᠠᠷ ᠰᠢᠨ᠎ᠡ ᠰᠤᠷᠤᠯᠭ᠎ᠠ ᠶᠢᠨ ᠬᠤᠭᠤᠴᠠᠭ᠎ᠠ ᠪᠠᠨ ᠡᠬᠢᠯᠡᠭᠦᠯᠪᠡ᠃
 
ᠢᠷᠡᠯᠲᠡ᠄ ᠡᠵᠡᠨ᠎ᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号