ᠳᠤᠣᠷᠠᠢ ᠪᠠᠷ ᠬᠢᠭᠰᠡᠨ ᠭᠡᠷ ᠣᠷᠣᠨ᠂ ᠡᠳ᠋ ᠬᠡᠷᠡᠭᠰᠡᠯ
ᠨᠡᠶᠢᠲᠡᠯᠡᠭᠰᠡᠨ ᠴᠠᠭ᠄
2025/4/16
      ᠭᠠᠷ ᠤᠷᠠᠯᠠᠯ ᠪᠣᠯ ᠨᠡᠶᠢᠭᠡᠮ ᠤᠨ ᠦᠢᠯᠡᠳᠪᠤᠷᠢᠯᠡᠯ ᠤᠨ ᠬᠦᠴᠦᠨ ᠤ ᠬᠥᠭᠵᠢᠯᠲᠡ ᠶᠢ ᠳᠠᠭᠠᠯᠳᠤᠨ᠂ ᠬᠦᠮᠤᠰ ᠤᠨ ᠠᠮᠢᠳᠤᠷᠠᠯ ᠤᠨ ᠬᠡᠷᠡᠭᠴᠡᠭᠡᠨ ᠤ ᠱᠠᠭᠠᠷᠳᠠᠯᠭ᠎ᠠ ᠶᠢ ᠬᠠᠩᠭᠠᠭᠰᠠᠨ᠂ ᠦᠷᠭᠡᠨ ᠬᠡᠪᠴᠢᠶᠡᠨ ᠤ ᠤᠷ᠎ᠠ ᠮᠡᠷᠭᠡᠵᠢᠯ ᠢ ᠢᠯᠡᠷᠡᠭᠦᠯᠦᠭᠰᠡᠨ ᠰᠣᠶᠣᠯ ᠤᠷᠠᠯᠢᠭ ᠤᠨ ᠪᠦᠲᠦᠭᠡᠭᠳᠡᠭᠦᠨ ᠮᠥᠨ᠃ ᠭᠠᠷ ᠤᠷᠠᠯᠠᠯ ᠤᠨ ᠦᠨᠳᠦᠰᠦᠨ ᠣᠨᠴᠠᠯᠢᠭ ᠨᠢ ᠬᠦᠮᠥᠰ ᠤᠨ ᠪᠣᠳᠣᠯ ᠰᠡᠳᠭᠢᠴᠡ ᠶᠢᠨ ᠬᠢᠨᠢ ᠠᠮᠢᠳᠤᠷᠠᠯ ᠳᠤ ᠲᠤᠰᠬᠠᠳᠠᠭᠰᠠᠨ ᠭᠤᠸ᠎ᠠ ᠰᠠᠶᠢᠬᠠᠨ ᠤ ᠪᠤᠳᠠᠲᠤ ᠢᠯᠡᠷᠡᠯ ᠮᠥᠨ᠃ ᠦᠩᠭᠡᠷᠡᠭᠰᠠᠨ ᠳᠤ ᠡᠵᠡᠨ᠎ᠠ ᠨᠤᠲᠤᠭ ᠲᠤ ᠭᠠᠷ ᠤᠷᠠᠯᠠᠯ ᠳᠠᠭᠠᠨ ᠠᠪᠢᠶᠠᠰ ᠲᠠᠢ ᠮᠦᠩᠭᠦᠨ ᠤ ᠲᠠᠷᠬᠠᠨ᠂ ᠲᠡᠮᠤᠷ ᠤᠨ ᠲᠠᠷᠬᠠᠨ᠂ ᠵᠡᠰ ᠭᠠᠤᠯᠢ ᠶᠢᠨ ᠲᠠᠷᠬᠠᠨ᠂ ᠮᠣᠳᠣᠨ ᠤ ᠲᠠᠷᠬᠠᠨ᠂ ᠪᠣᠳᠣᠭᠴᠢᠨ ᠵᠡᠷᠭᠡ ᠤᠷ᠎ᠠ ᠮᠡᠷᠭᠡᠵᠢᠯ ᠲᠠᠢ ᠬᠦᠮᠤᠰ ᠨᠡᠯᠢᠶᠠᠳ ᠠᠷᠪᠢᠨ ᠪᠠᠶᠢᠵᠠᠢ᠃ ᠭᠠᠷ ᠤᠨ ᠤᠷ᠎ᠠ ᠪᠠᠨ ᠭᠠᠷᠭᠠᠨ ᠮᠤᠩᠭᠤᠯ ᠭᠡᠷ ᠤᠨ ᠤᠨᠢ᠂ ᠬᠠᠨ᠎ᠠ᠂ ᠡᠭᠦᠳᠡ᠂ ᠰᠠᠪᠠ ᠰᠠᠭᠤᠯᠠᠭ᠎ᠠ᠂ ᠪᠦᠷᠭᠦᠭᠡᠷ ᠬᠢᠳᠡᠭ ᠬᠥᠮᠤᠰ ᠠᠷᠪᠢᠨ ᠪᠠᠶᠢᠵᠠᠢ᠃ ᠮᠡᠷᠭᠡᠵᠢᠯ ᠢᠶᠠᠷ ᠦᠨᠳᠤᠷ᠂ ᠲᠠᠷᠬᠠᠯᠠᠬᠤ ᠳᠤ ᠬᠦᠴᠢᠷᠲᠠᠢ ᠠᠪᠲᠡᠷ᠎ᠡ ᠬᠤᠷᠭᠤ᠂ ᠰᠢᠷᠡᠭᠡ ᠰᠠᠨᠳᠠᠯᠢ᠂ ᠮᠣᠩᠭᠤᠯ ᠭᠡᠷ ᠤᠨ ᠡᠭᠦᠳᠡ ᠲᠣᠭᠤᠨᠣ ᠬᠢᠵᠦ ᠴᠢᠳᠠᠳᠠᠭ ᠲᠠᠷᠬᠠᠨ ᠴᠤ ᠨᠡᠯᠢᠶᠠᠳ ᠪᠠᠶᠢᠵᠠᠢ᠃ ᠳᠡᠭᠡᠷ᠎ᠡ ᠵᠠᠭᠤᠨ ᠤ 40 — 60 ᠣᠨ ᠤ ᠦᠶᠡᠰ ᠢᠶᠠᠷ ᠡᠵᠡᠨ᠎ᠠ ᠨᠤᠲᠤᠭ ᠲᠤ ᠭᠠᠷ ᠲᠠᠭᠠᠨ ᠤᠷ᠎ᠠ ᠲᠠᠢ᠂ ᠣᠶᠢᠷ᠎ᠠ ᠬᠠᠪᠢ ᠳᠠᠭᠠᠨ ᠨᠡᠷ᠎ᠡ ᠲᠠᠢ ᠲᠠᠷᠠᠬᠠᠨ ᠢ ᠴᠣᠬᠤᠰ ᠲᠤᠷᠠᠳᠪᠠᠯ᠄ ᠳᠠᠪᠬᠠᠢ᠂ ᠵᠠᠮᠢᠶᠠᠨ᠂ ᠲᠠᠮᠴᠢ᠂ ᠲᠡᠷᠵᠢᠶ᠎ᠠ᠂ ᠴᠡᠷᠢᠨᠵᠢᠪ᠂ ᠰᠠᠮᠪᠤᠤ᠂ ᠰᠠᠩᠵᠢ᠂ ᠬᠡᠯᠢᠭᠵᠡᠮᠰᠤ᠂ ᠭᠡᠨᠳᠤᠨ᠂ ᠵᠦᠩᠳᠦᠢ᠂ ᠮᠠ ᠮᠢᠩ ᠰᠢᠨ᠂ ᠼᠣᠣ ᠣᠪᠣᠭᠲᠤ ᠮᠤᠵᠢᠶᠠᠩ ᠵᠡᠷᠭᠡ ᠨᠤᠳᠤᠭ ᠤᠨ ᠤᠯᠠᠨ ᠲᠦᠮᠡᠨ ᠳᠡᠭᠡᠨ ᠢᠳᠡᠭᠡᠯ ᠲᠠᠢ ᠬᠦᠮᠤᠰ ᠪᠠᠶᠢᠯ᠎ᠠ᠃ ᠲᠡᠳᠡ ᠥᠪᠡᠷᠰᠡᠳ ᠤᠨ ᠢᠶᠠᠨ ᠤᠷ᠎ᠠ ᠮᠡᠷᠭᠡᠵᠢᠯ ᠢᠶᠠᠨ ᠪᠠᠲᠠᠷᠠᠭᠤᠯᠵᠤ᠂ ᠡᠨᠡ ᠨᠤᠳᠤᠭ ᠤᠨ ᠠᠷᠪᠢᠨ ᠠᠶᠢᠯ ᠡᠷᠦᠬᠡ ᠨᠦᠭᠦᠳ ᠲᠤ ᠮᠦᠩᠬᠦ᠂ ᠵᠡᠰ᠂ ᠭᠠᠤᠯᠢ᠂ ᠲᠡᠮᠦᠷ᠂ ᠮᠣᠳᠣᠨ ᠡᠳᠡᠯᠡᠯ ᠬᠡᠷᠡᠭᠰᠡᠯ ᠢ ᠬᠢᠵᠤ ᠥᠭᠭᠦᠭᠰᠡᠨ ᠪᠥᠭᠡᠳ ᠵᠠᠷᠢᠮ ᠡᠳ᠋ᠯᠡᠯ ᠤᠳ ᠨᠢ ᠣᠳᠣ ᠬᠦᠷᠲᠡᠯ᠎ᠡ ᠬᠡᠪ ᠢᠶᠠᠷ ᠢᠶᠠᠨ ᠪᠠᠶᠢᠭᠰᠠᠭᠠᠷ᠃ ᠲᠡᠳᠡᠨ ᠤ ᠣᠷ᠎ᠡ ᠮᠡᠷᠭᠡᠵᠢᠯ ᠨᠢ ᠡᠵᠡᠨ᠎ᠡ ᠨᠤᠲᠤᠭ ᠤᠨ ᠠᠷᠠᠳ ᠢᠷᠭᠡᠳ ᠤᠨ ᠠᠮᠢᠳᠤᠷᠠᠯ ᠳᠤᠨᠢ ᠲᠦᠢᠯ ᠤᠨ ᠲᠥᠭᠦᠮ ᠲᠦᠳᠡ ᠪᠣᠯᠤᠭᠰᠠᠨ ᠢᠶᠠᠷ ᠪᠠᠷᠠᠬᠤ ᠦᠭᠡᠢ ᠠᠶᠢᠯ ᠡᠷᠦᠭᠡ ᠶᠢᠨ ᠦᠩᠭᠡ ᠲᠦᠷᠰᠤ ᠶᠢ ᠰᠢᠨᠡᠳᠭᠡᠨ᠂ ᠠᠮᠢᠳᠤᠷᠠᠯ ᠤᠨ ᠠᠭᠤᠯᠭ᠎ᠠ ᠶᠢ ᠪᠠᠶᠠᠯᠢᠭᠵᠢᠭᠤᠯᠵᠤ᠂ ᠬᠦᠮᠤᠰ ᠲᠤ ᠭᠤᠸ᠎ᠠ ᠰᠠᠶᠢᠬᠠᠨ ᠤ ᠬᠦᠷᠲᠡᠭᠡᠯ ᠢ ᠤᠯᠭᠤᠨ ᠡᠵᠡᠨ᠎ᠠ ᠶᠢᠨ ᠲᠤᠣᠷᠠᠢ ᠶᠢᠨ ᠰᠣᠶᠣᠯ ᠢ ᠪᠦᠷᠢᠯᠳᠦᠭᠦᠯᠦᠭᠰᠡᠨ ᠪᠠᠶᠢᠨ᠎ᠠ᠃      ᠠᠪᠳᠡᠷ᠎ᠡ ᠬᠤᠷᠭᠤ ᠶᠢᠨ ᠬᠡ ᠤᠭᠠᠯᠵᠠ ᠪᠣᠯ ᠨᠢᠭᠡᠨ ᠥᠪᠡᠷᠮᠢᠴᠡ ᠣᠨᠴᠠᠯᠢᠭ ᠲᠠᠢ ᠤᠷᠠᠯᠢᠭ ᠤᠳ ᠪᠦᠳᠦᠭᠡᠭᠳᠡᠭᠦᠨ ᠮᠥᠨ᠃ ᠡᠵᠡᠨ᠎ᠠ  ᠶᠢᠨ ᠬᠥᠮᠤᠰ ᠮᠣᠩᠭᠤᠯ ᠭᠡᠷ ᠤᠨ ᠠᠪᠲᠡᠷ᠎ᠡ ᠬᠤᠷᠭᠤ᠂ ᠣᠷᠣ ᠶᠢᠨ ᠨᠢᠭᠤᠷ᠂ ᠰᠢᠷᠡᠭᠡ ᠳᠡᠭᠡᠨ ᠬᠡ ᠤᠭᠠᠯᠵᠠ ᠭᠠᠷᠭᠠᠨ᠂ ᠠᠮᠢᠲᠠᠨ ᠤ ᠳᠦᠷᠰᠦ ᠲᠠᠢ ᠵᠢᠷᠤᠭ᠂ ᠳᠦᠷᠪᠡᠯᠵᠢᠨ᠂ ᠲᠣᠭᠤᠢ ᠬᠡ ᠤᠭᠠᠯᠵᠠ ᠭᠠᠷᠭᠠᠨ ᠤᠷᠠᠯᠠᠬᠤ ᠨᠢ ᠣᠯᠠᠨ ᠬᠠᠷᠠᠭᠳᠠᠨ᠎ᠠ᠃ ᠠᠪᠲᠡᠷ᠎ᠡ ᠬᠤᠷᠭᠤ ᠶᠢᠨ ᠨᠢᠭᠤᠷ ᠳᠡᠭᠡᠷ᠎ᠡ ᠶᠢᠰᠤᠨ ᠨᠦᠭᠡ ᠎ ᠲᠠᠢ ᠥᠯᠵᠠᠢ ᠤᠳᠠᠰᠤᠨ ᠬᠡ ᠪᠠᠷ ᠬᠥᠪᠡᠭᠡᠯᠡᠵᠤ ᠂ ᠳᠤᠮᠳᠠ ᠨᠢ ᠠᠷᠢᠶᠠᠲᠠᠨ ᠤ ᠸᠠᠩ ᠪᠣᠯᠬᠤ ᠠᠷᠰᠯᠠᠨ ᠤ ᠲᠦᠷᠰᠤ ᠶᠢ ᠵᠢᠷᠤᠵᠤ᠂ ᠬᠦᠴᠦᠲᠣ ᠠᠮᠢᠲᠠᠨ ᠤ ᠰᠦᠷ  ᠢᠶᠠᠷ ᠬᠤᠣᠷᠲᠠᠨ ᠲᠠᠶᠢᠰᠤᠨ᠂ ᠬᠤᠯᠠᠭᠠᠢ ᠳᠡᠭᠡᠷᠡᠮ᠂ ᠭᠠᠷ ᠪᠠᠷᠴᠢᠳ ᠢ ᠦᠯᠲᠡᠨ ᠬᠥᠬᠡᠭᠡᠬᠦ ᠭᠡᠰᠡᠨ ᠤᠳᠬ᠎ᠠ ᠰᠠᠨᠠᠭ᠎ᠠ  ᠶᠢ ᠢᠯᠡᠳᠭᠡᠵᠦ᠂ ᠵᠣᠭᠤᠰᠤᠨ ᠬᠡ ᠲᠠᠢ ᠵᠢᠷᠤᠭ ᠢᠶᠠᠷ ᠦᠨᠢᠷ ᠪᠠᠶᠠᠯᠢᠭ᠂ ᠦᠯᠵᠠᠢ ᠵᠢᠷᠭᠠᠯ ᠲᠠᠢ ᠠᠮᠢᠳᠤᠷᠠᠯ  ᠢᠶᠠᠨ ᠪᠡᠯᠭᠡᠳᠡᠵᠦ᠂ ᠶᠣᠰᠣ ᠵᠠᠩᠰᠢᠯ ᠤᠨ ᠲᠠᠯ᠎ᠠ ᠪᠠᠷ ᠬᠢ ᠪᠣᠳᠣᠯ ᠰᠠᠳᠬᠢᠴᠠ ᠶᠢᠨ ᠢᠯᠡᠷᠬᠡᠢ ᠲᠤᠰᠬᠠᠯ ᠪᠣᠯᠣᠭᠰᠠᠨ ᠪᠠᠶᠢᠨ᠎ᠠ᠃      ᠡᠵᠡᠨ᠎ᠠ ᠨᠤᠲᠤᠭ ᠲᠤ ︽ᠡᠳ᠋ ᠪᠥᠭᠡ ᠡᠵᠡᠨ ᠬᠡᠪᠡᠷᠡᠭ︾ ᠭᠡᠳᠡᠭ ᠦᠭᠡ ᠪᠠᠶᠢᠳᠠᠭ᠃ ᠲᠡᠷᠡᠴᠢᠯᠠᠨ ᠳᠡᠭᠡᠷ᠎ᠡ ᠵᠠᠭᠤᠨ ᠤ ᠡᠬᠢ ᠪᠤᠶᠦ ᠳᠤᠮᠳᠠ ᠦᠶ᠎ᠡ ᠪᠠᠷ ᠬᠢᠭᠰᠡᠨ ᠡᠳ᠋ᠯᠡᠯ ᠬᠡᠷᠡᠭᠰᠠᠯ ᠨᠢ ᠲᠥᠷᠪᠡ ᠲᠠᠪᠤᠨ ᠦᠶ᠎ᠡ ᠶᠢᠨ ᠬᠥᠮᠤᠰ ᠤᠨ ᠠᠮᠢᠳᠤᠷᠠᠯ ᠢ ᠳᠠᠮᠵᠢᠨ ᠦᠨᠤ ᠪᠣᠯᠳᠠᠯ᠎ᠠ ᠬᠠᠲᠠᠭᠠᠯᠠᠭᠳᠠᠭᠰᠠᠭᠠᠷ ᠪᠠᠶᠢᠨ᠎ᠠ᠃ ᠵᠢᠱᠢᠶᠡᠯᠠᠪᠠᠯ ᠲᠠᠯᠠᠶᠢᠭᠦᠪ ᠪᠠᠯᠭᠠᠰᠤᠨ ᠤ ᠤᠯᠠᠭᠠᠨᠭᠡᠷᠡᠯ ᠭᠠᠴᠠᠭᠠᠨ ᠤ ᠮᠠᠯᠴᠢᠨ ᠰᠣᠨᠤᠮ ᠤᠨ ᠲᠣᠣᠷᠠᠢ ᠪᠠᠷ ᠬᠢᠭᠰᠡᠨ ᠬᠤᠣᠰ ᠠᠪᠳᠡᠷ᠎ᠡ ᠨᠢ ᠳᠡᠭᠡᠷ᠎ᠡ ᠵᠠᠭᠤᠨ ᠤ ᠬᠤᠷᠢᠭᠠᠳ ᠣᠨ ᠤ ᠰᠡᠭᠦᠯᠴᠢ ᠪᠠᠷ ᠠᠪᠤ ᠡᠵᠢ ᠨᠢ ᠬᠡᠷᠯᠡᠬᠦ ᠳᠡᠭᠡᠨ ᠬᠢᠭᠰᠡᠨ ᠮᠤᠩᠭᠤᠯ ᠭᠡᠷ ᠤᠨ ᠬᠤᠣᠰ ᠠᠪᠲᠠᠷ᠎ᠡ ᠨᠢ ᠮᠥᠨ ᠵᠠᠭᠤᠨ ᠤ ᠲᠠᠯᠠᠭᠠᠳ ᠣᠨ ᠤ ᠡᠬᠢ ᠪᠠᠷ ᠰᠠᠯᠪᠢᠨ ᠵᠠᠰᠠᠭᠰᠠᠨ ᠠᠴᠠ ᠦᠨᠥ ᠪᠣᠯᠲᠠᠯ᠎ᠠ ᠪᠦᠳᠣᠨ ᠢᠶᠠᠷ ᠢᠶᠠᠨ ᠪᠠᠶᠢᠭᠰᠠᠭᠠᠷ᠂  ᠰᠤᠪᠨᠠᠭᠤᠷ ᠰᠤᠮᠤᠨ ᠤ ᠴᠡᠭᠡ ᠭᠠᠴᠠᠭᠠᠨ ᠤ ᠮᠠᠯᠴᠢᠨ ᠰᠠᠬᠢᠯᠲᠤ ᠶᠢᠨ ᠬᠤᠣᠰ ᠠᠪᠲᠡᠷ᠎ᠡ ᠶᠢ ᠳᠡᠭᠡᠷ᠎ᠡ ᠵᠠᠭᠤᠨ ᠤ ᠲᠦᠴᠢᠭᠡᠳ ᠣᠨ ᠤ ᠰᠡᠭᠦᠯᠴᠢ ᠪᠠᠷ ᠮᠠ ᠮᠢᠩ ᠰᠢᠨ ᠭᠡᠳᠡᠭ ᠮᠣᠳᠤᠴᠢᠨ ᠲᠣᠣᠷᠠᠢ ᠪᠠᠷ ᠬᠢᠵᠦ᠂ ᠮᠥᠨ ᠵᠠᠭᠤᠨ ᠤ ᠵᠢᠷᠠᠭᠠᠳ ᠣᠨ ᠤ ᠡᠬᠢ ᠪᠠᠷ ᠪᠣᠳᠤᠭᠴᠢᠨ ᠵᠦᠩᠳᠦᠢ ᠬᠡ ᠤᠭᠠᠯᠵᠠ ᠭᠠᠷᠭᠠᠨ ᠪᠣᠳᠤᠵᠠᠢ᠃ ᠡᠨᠡ ᠠᠪᠲᠡᠷ᠎ᠠ ᠣᠳᠣ ᠮᠥᠨ ᠪᠦᠳᠣᠨ ᠰᠠᠶᠢᠬᠠᠨ ᠢᠶᠠᠷ ᠢᠶᠠᠨ ᠰᠠᠬᠢᠯᠲᠤ ᠨᠠᠰᠤᠲᠠᠨ ᠤ ᠭᠡᠷ ᠲᠤ ᠲᠠᠯᠪᠢᠭᠠᠲᠠᠢ ᠪᠠᠶᠢᠭᠰᠠᠭᠠᠷ᠃ ᠮᠣᠩᠭᠤᠯ ᠭᠡᠷ ᠤᠨ ᠬᠤᠶᠢᠮᠤᠷ ᠲᠤ ᠲᠠᠯᠪᠢᠳᠠᠭ ᠴᠣ ᠰᠢᠨ᠎ᠡ ᠬᠢᠭᠰᠡᠨ ᠬᠡ ᠤᠭᠠᠯᠵᠠ ᠪᠣᠳᠤᠭ ᠲᠠᠢ ᠬᠤᠣᠰ ᠠᠪᠲᠠᠷ᠎ᠠ᠂ ᠬᠤᠣᠰ ᠬᠤᠷᠭᠤ ᠶᠢ ᠣᠳᠣ ᠶᠢᠨ ᠦᠨ᠎ᠡ ᠪᠠᠷ ᠪᠣᠳᠣᠪᠠᠯ ᠪᠠᠷᠤᠭ1600 — 2000 ᠲᠥᠭᠦᠷᠢᠭ ᠤᠨ ᠦᠨ᠎ᠡ ᠳᠤ ᠬᠦᠷᠦᠨ᠎ᠡ᠃ ︵ᠮᠣᠳᠣᠨ ᠤ ᠬᠢᠨᠢ ᠶᠠᠰᠤ ᠴᠢᠨᠠᠷ᠂ ᠬᠢᠭᠰᠡᠨ ᠤᠷ᠎ᠠ ᠮᠡᠷᠭᠡᠵᠢᠯ᠂ ᠬᠡ ᠤᠭᠠᠯᠵᠠ ᠶᠢᠨ ᠬᠢᠨᠢ ᠭᠤᠶᠤ ᠰᠠᠶᠢᠬᠠᠨ ᠵᠡᠷᠭᠡ ᠰᠢᠯᠲᠠᠭᠠᠨ ᠠᠴᠠ ᠦᠨ᠎ᠡ ᠨᠢ ᠬᠤᠭᠤᠷᠣᠨᠳᠤ ᠪᠠᠨ ᠵᠥᠷᠢᠶ᠎ᠡ ᠲᠠᠢ︶ ᠣᠳᠣ ᠡᠵᠡᠨ᠎ᠡ ᠶᠢᠨ ᠮᠤᠩᠭᠤᠯ ᠭᠡᠷ ᠤᠳ ᠢᠶᠠᠷ ᠬᠡ ᠤᠭᠠᠯᠵᠠ ᠪᠣᠳᠤᠭ ᠲᠠᠢ ᠣᠯᠠᠨ  ᠵᠦᠢᠯ ᠤᠨ ᠡᠳᠡᠯᠡᠯ ᠬᠡᠷᠡᠭᠰᠡᠯ ᠨᠡᠶᠢᠳᠡᠮ ᠲᠥᠭᠡᠮᠡᠯᠵᠢᠵᠦ ᠂  ᠶᠠᠰᠤ ᠴᠢᠨᠠᠷ᠂   ᠶᠠᠩᠵᠤ ᠬᠡᠯᠪᠠᠷᠢ᠂  ᠦᠩᠭᠡ ᠪᠤᠳᠤᠭ᠂  ᠤᠳᠬ᠎ᠠ  ᠠᠭᠤᠯᠭ᠎ᠠ ᠨᠢ ᠦᠨᠳᠦᠷ ᠲᠦᠪᠰᠢᠨ ᠳᠤ ᠬᠦᠷᠴᠤ᠂  ᠤᠯᠠᠮ ᠭᠤᠶᠤ ᠰᠠᠶᠢᠬᠠᠨ ᠦᠵᠡᠮᠵᠢ ᠲᠠᠢ᠂  ᠬᠡᠪ ᠨᠠᠮᠪᠠᠭ᠎ᠠ ᠨᠢ ᠤᠯᠠᠮ ᠭᠤᠴᠣ ᠤᠷᠠᠯᠢᠭ ᠪᠤᠯᠤᠭᠰᠠᠨ ᠪᠠᠶᠢᠨ᠎ᠠ᠃       ᠡᠵᠡᠨ᠎ᠡ ᠶᠢᠨ ᠮᠤᠩᠭᠤᠯᠴᠤᠳ ᠤᠨ ᠮᠤᠩᠭᠤᠯ ᠭᠡᠷ ᠤᠨ ᠳᠠᠪᠢᠯᠭ᠎ᠠ ︵ᠬᠡᠷᠡᠭᠰᠡᠯ︶᠎ ᠨᠢ ᠦᠨᠳᠦᠰᠤᠨ ᠳᠡᠭᠡᠨ ᠨᠡᠯᠢᠶᠡᠳ ᠡᠮᠬᠢ ᠵᠢᠷᠤᠮ ᠲᠠᠢ᠃ ᠮᠣᠩᠭᠤᠯ ᠭᠡᠷ ᠤᠨ ᠬᠤᠶᠢᠮᠤᠷ ᠲᠤ ᠬᠤᠣᠰ ᠠᠪᠲᠡᠷ᠎ᠠ ᠶᠢ ᠵᠡᠷᠭᠡᠴᠡᠭᠦᠯᠤᠨ ᠲᠠᠯᠪᠢᠵᠤ᠂ ᠠᠪᠲᠠᠷ᠎ᠠ ᠶᠢᠨ ᠨᠢᠭᠤᠷ ᠲᠠᠯ᠎ᠠ ᠳᠤᠨᠢ ᠤᠷᠳᠤᠯᠵᠢᠨ ᠮᠣᠳᠣᠨ ᠰᠢᠷᠡᠭᠡ ᠲᠠᠯᠪᠢᠳᠠᠭ᠃ ᠬᠤᠶᠢᠮᠤᠷ ᠤᠨ ᠠᠪᠲᠡᠷ᠎ᠠ ᠠᠴᠠ ᠪᠠᠨ ᠳᠣᠷᠣᠭᠰᠢ ᠵᠠᠯᠭᠠᠨ ᠵᠡᠭᠦᠨ ᠪᠠᠷᠠᠭᠤᠨ ᠬᠤᠶᠠᠷ ᠲᠠᠯ᠎ᠠ ᠳᠠᠭᠠᠨ ᠲᠣᠰᠪᠤᠷᠢ ᠬᠤᠶᠠᠷ ᠮᠣᠳᠣᠨ ᠣᠷᠣ ᠲᠠᠢ᠃ ᠪᠠᠷᠠᠭᠤᠨ ᠵᠡᠭᠦᠨ ᠬᠤᠶᠠᠷ ᠣᠷᠣ ᠶᠢᠨ ᠲᠣᠣᠷ᠎ᠠ ᠲᠠᠯ᠎ᠠ ᠲᠣᠰᠪᠤᠷᠢ ᠬᠤᠶᠠᠷ ᠠᠪᠲᠠᠷ᠎ᠠ ᠲᠠᠯᠪᠢᠨ᠎ᠠ᠃ ᠡᠭᠦᠨ ᠢ ᠨᠤᠲᠤᠭ ᠤᠨ ᠬᠢᠨ ᠬᠥᠯ ᠤᠨ ᠠᠪᠲᠡᠷ᠎ᠠ ᠭᠡᠨ᠎ᠡ᠃ ᠵᠡᠭᠦᠨ ᠬᠥᠯ ᠤᠨ ᠠᠪᠲᠡᠷ᠎ᠠ ᠶᠢᠨ ᠲᠣᠣᠷ᠎ᠠ ᠲᠠᠯ᠎ᠠ ᠳᠤ ᠦᠨᠳᠣᠷ ᠢᠶᠠᠷ ᠢᠶᠠᠨ ᠭᠡᠷ ᠤᠨ ᠬᠠᠨ᠎ᠠ ᠲᠠᠢ ᠰᠠᠴᠠᠭᠤ᠂ ᠤᠷᠲᠤ ᠪᠠᠷ ᠢᠶᠠᠨ 1.2 — 1.4 ᠮᠧᠲᠷ ᠬᠢᠷᠢ᠂ ᠬᠤᠶᠠᠷ ᠲᠠᠯ᠎ᠠ ᠳᠠᠭᠠᠨ ᠮᠣᠳᠣᠨ ᠲᠦᠰᠢᠯᠭᠡ ᠲᠠᠢ ᠭᠤᠷᠪᠠᠨ ᠳᠠᠪᠬᠤᠷ ᠤᠷᠲᠤ ᠲᠣᠣᠷᠠᠢ ᠪᠠᠨᠵᠡᠨ ᠢ ᠤᠷᠠᠯᠠᠨ ᠳᠠᠭᠠᠷᠠᠭᠤᠯᠵᠤ ᠬᠦᠨᠳᠡᠯᠠᠨ ᠲᠠᠯᠪᠢᠭᠰᠠᠨ ᠲᠠᠭ ︵ᠡᠷᠬᠢᠨᠡᠭ︶᠎ ᠲᠠᠢ᠃ ᠡᠨᠡ ᠲᠠᠭ ᠳᠡᠭᠡᠷ᠎ᠡ ᠲᠣᠭᠤᠭ᠎ᠠ ᠰᠢᠨᠠᠭ᠎ᠠ᠂ ᠭᠠᠲᠤᠷ᠎ᠡ᠂       ᠳᠠᠪᠤᠷ᠎ᠡ᠂ ᠠᠶᠠᠭ᠎ᠠ ᠫᠢᠯᠡ ᠵᠡᠷᠭᠡ ᠭᠠᠯ ᠲᠣᠭᠤᠭᠠᠨ ᠤ ᠬᠡᠷᠡᠭᠰᠡᠯ ᠤᠳ ᠢ ᠦᠷᠡᠵᠤ ᠲᠠᠯᠪᠢᠳᠠᠭ᠃ ᠡᠳᠡᠭᠡᠷ ᠳᠠᠪᠢᠯᠭ᠎ᠠ ᠨᠢ ᠦᠩᠭᠡᠷᠡᠭᠰᠡᠨ ᠦᠶ᠎ᠡ ᠶᠢᠨ ᠨᠡᠯᠢᠶᠡᠳ ᠴᠢᠨᠡᠭᠡᠯᠢᠭ ᠠᠮᠢᠳᠤᠷᠠᠯ ᠲᠠᠢ᠂ ᠨᠥᠬᠦᠴᠡᠯ ᠰᠠᠶᠢᠲᠠᠢ ᠠᠶᠢᠯ ᠡᠷᠤᠭᠡ ᠳᠤ ᠯᠠ ᠬᠠᠷᠠᠭᠳᠠᠳᠠᠭ᠃ ᠳᠡᠭᠡᠷ᠎ᠡ ᠵᠠᠭᠤᠨ ᠤ ᠵᠢᠷᠠᠭᠠᠳ ᠣᠨ ᠠᠴᠠ ᠡᠮᠤᠨ᠎ᠠ ᠡᠵᠡᠨ᠎ᠠ ᠨᠤᠳᠤᠭ ᠤᠨ ᠬᠢᠨ ᠭᠠᠳᠠᠨ᠎ᠠ ᠣᠷᠣᠨ ᠠᠴᠠ ᠮᠣᠳᠣᠨ ᠮᠠᠲ᠋ᠧᠷᠢᠶᠠᠯ ᠣᠷᠣᠭᠤᠯᠳᠠᠭ ᠦᠭᠡᠢ ᠪᠥᠭᠡᠳ ᠲᠠᠶᠢᠮᠤ ᠨᠥᠭᠦᠴᠡᠯ ᠴᠤ ᠪᠠᠶᠢᠭᠰᠠᠨ ᠦᠭᠡᠢ ᠲᠤᠯᠠ ᠮᠣᠩᠭᠤᠯ ᠠᠶᠢᠯ ᠤᠨ ᠪᠣᠢ ᠪᠦᠬᠦᠢ ᠡᠳᠡᠯᠡᠯ ᠬᠡᠷᠡᠭᠰᠡᠯ ᠤᠳ ᠢ ᠦᠨᠳᠦᠰᠦᠨ ᠳᠡᠭᠡᠨ ᠲᠣᠣᠷᠠᠢ ᠮᠣᠳᠣ ᠪᠠᠷ ᠬᠢᠵᠤ ᠪᠠᠶᠢᠵᠠᠢ᠃      ᠲᠣᠣᠷᠠᠢ ᠮᠣᠳᠣ ᠪᠣᠯ ᠤᠰᠤ ᠴᠢᠭᠢᠭ ᠲᠤ ᠢᠯᠵᠢᠷᠡᠬᠦ ᠦᠭᠡᠢ᠂ ᠰᠢᠷᠬᠡᠭ ᠨᠢ ᠵᠥᠭᠡᠯᠡᠨ ᠮᠥᠷᠳᠡᠭᠡᠨ ᠬᠠᠲᠠᠭᠤ ᠪᠥᠬᠡ᠂ ᠬᠢᠷᠦᠭᠡᠲᠠᠵᠤ᠂ ᠴᠠᠪᠴᠢᠬᠤ᠂ ᠬᠠᠷᠠᠭᠤᠯᠳᠠᠬᠤ᠂ ᠵᠦᠰᠦᠬᠦ ᠳᠤ ᠬᠢᠯᠪᠠᠷ᠂ ᠬᠢᠭᠰᠡᠨ ᠡᠳ᠋ᠯᠡᠯ ᠢ ᠭᠠᠮᠲᠠᠢ ᠡᠳ᠋ᠯᠡᠪᠡᠯ 60᠂ 70 ᠵᠢᠯ ᠴᠢᠨᠠᠭᠰᠢᠯᠠᠪᠡᠯ ᠵᠠᠭᠤ ᠭᠠᠷᠤᠢ ᠵᠢᠯ ᠪᠣᠯᠳᠠᠭ᠃ ᠡᠵᠡᠨ᠎ᠠ ᠶᠢᠨ ᠮᠤᠩᠭᠤᠯᠴᠤᠳ ᠬᠠᠶᠠ ᠨᠢᠭᠡ ᠠᠮᠢᠲᠤ ᠨᠦᠢᠲᠠᠨ ᠲᠣᠣᠷᠠᠢ ᠲᠠᠭᠠᠷᠢᠵᠤ ᠠᠪᠬᠤ ᠬᠡᠷᠡᠭᠴᠡᠭᠡ ᠲᠠᠢ ᠪᠣᠯ ᠯᠠᠮᠠ ᠮᠡᠷᠭᠡᠳ ᠢᠶᠠᠷ ᠲᠦᠯᠭᠡ ᠦᠵᠡᠭᠦᠯᠵᠤ ᠪᠠᠶᠢᠭᠠᠳ ᠠᠪᠳᠠᠭ ᠪᠠᠶᠢᠯ᠎ᠠ᠃ ᠡᠭᠴᠡ ᠪᠦᠳᠦᠭᠦᠨ᠂ ᠵᠠᠯᠠᠭᠤ᠂ ᠨᠦᠢᠲᠠᠨ ᠲᠣᠣᠷᠠᠢ ᠶᠢ ᠣᠭᠳᠤᠯᠤᠨ ᠲᠠᠭᠠᠷᠢᠵᠤ᠂ ᠬᠠᠯᠢᠰᠤ ᠶᠢ ᠨᠢ ᠬᠠᠭᠤᠯᠵᠤ ᠠᠪᠤᠭᠠᠳ ᠵᠣᠨ ᠴᠠᠭ ᠤᠨ ᠬᠠᠯᠠᠭᠤᠨ ᠡᠯᠡᠰᠤᠨ ᠳᠤ ᠪᠤᠯᠠᠵᠤ ᠬᠠᠲᠠᠭᠠᠨ᠎ᠠ᠃ ᠢᠩᠭᠢᠵᠦ ᠬᠠᠲᠠᠭᠠᠭᠰᠠᠨ ᠲᠤᠣᠷᠠᠢ ᠶᠠᠰᠤᠯᠢᠭ ᠪᠥᠬᠡ᠂ ᠬᠤᠷᠤᠬᠠᠶᠢᠳᠤᠬᠤ ᠦᠭᠡᠢ᠂ ᠬᠠᠭᠠᠷᠠᠬᠤ ᠦᠭᠡᠢ ᠪᠠᠶᠢᠳᠠᠭ᠃ ᠬᠠᠲᠠᠭᠠᠭᠰᠠᠨ ᠲᠤᠣᠷᠠᠢ ᠪᠠᠨ ᠬᠡᠷᠡᠭᠴᠡᠭᠡᠨ ᠳᠡᠭᠡᠨ ᠳᠣᠬᠢᠷᠠᠭᠤᠯᠤᠨ ᠨᠢᠮᠭᠡᠨ ᠵᠤᠵᠠᠭᠠᠨ ᠨᠢ ᠠᠳᠠᠯᠢ ᠦᠭᠡᠢ ᠵᠦᠰᠣᠵᠤ᠂ ᠪᠠᠨᠵᠠ ᠪᠣᠯᠭᠠᠨ ᠮᠣᠩᠭᠤᠯ ᠭᠡᠷ ᠤᠨ ᠡᠭᠦᠳᠡ ᠬᠠᠭᠠᠯᠭ᠎ᠠ᠂ ᠠᠪᠳᠡᠷ᠎ᠠ ᠬᠤᠷᠭᠤ᠂ ᠰᠢᠷᠡᠭᠡ ᠰᠠᠨᠳᠠᠯᠢ᠂ ᠲᠠᠭ       ᠲᠠᠯᠪᠢᠭᠤᠷ᠂ ᠤᠷᠣ ᠶᠢᠨ ᠲᠠᠷ᠎ᠠ᠂ ᠤᠷᠣ ᠶᠢᠨ ᠨᠢᠭᠤᠷ ᠬᠢᠳᠡᠭ᠃ ᠦᠩᠭᠡᠷᠡᠭᠰᠡᠨ ᠳᠤ ᠡᠵᠡᠨ᠎ᠠ ᠶᠢᠨ ᠮᠤᠩᠭᠤᠯᠴᠤᠳ ᠨᠦᠢᠲᠠᠨ ᠲᠣᠣᠷᠠᠢ ᠳᠠᠭᠠᠷᠢᠵᠤ ᠮᠠᠯ ᠤᠰᠤᠯᠠᠬᠤ ᠤᠩᠭᠤᠴᠠ ᠬᠢᠵᠦ ᠲᠡᠭᠦᠨ ᠢᠶᠠᠨ ᠲᠡᠮᠡᠭᠡᠨ ᠳᠤ ᠠᠴᠢᠵᠤ ᠨᠡᠭᠦᠳᠡᠭ ᠪᠣᠯᠬᠤᠷ᠂ ᠤᠩᠭᠤᠴᠠ ᠪᠠᠨ ᠤᠳᠠᠭᠠᠨ ᠵᠢᠯ ᠬᠡᠷᠡᠭᠯᠡᠨ᠎ᠠ᠃ ᠠᠮᠢᠲᠤ ᠲᠤᠣᠷᠠᠢ ᠲᠠᠭᠠᠷᠢᠵᠤ ᠭᠡᠷ ᠤᠨ ᠡᠳᠡᠯᠡᠯ ᠬᠢᠬᠦ ᠨᠢ ᠴᠥᠭᠡᠨ᠂ ᠬᠠᠷᠢᠨ ᠬᠠᠲᠠᠵᠤ ᠤᠨᠠᠭᠰᠠᠨ ᠲᠤᠤᠷᠠᠢ ᠪᠠᠷ ᠡᠳ᠋ᠯᠡᠯ ᠬᠡᠷᠡᠭᠰᠠᠯ ᠬᠢᠬᠦ ᠨᠢ ᠤᠯᠠᠨ ᠪᠠᠶᠢᠳᠠᠭ᠃       ᠭᠠᠵᠠᠷ ᠵᠦᠢ ᠶᠢᠨ ᠣᠷᠴᠢᠨ ᠲᠤᠭᠤᠷᠢᠨ ᠠᠳᠠᠯᠢ ᠦᠭᠡᠢ ᠠᠴᠠ ᠪᠣᠯᠵᠤ ᠲᠣᠣᠷᠠᠢ ᠶᠢᠨ ᠤᠷᠭᠤᠴᠠ᠂ ᠶᠠᠰᠤ ᠴᠢᠨᠠᠷ ᠨᠢ ᠴᠦ ᠠᠳᠠᠯᠢ ᠦᠭᠡᠢ ᠪᠠᠶᠢᠳᠠᠭ᠃ ᠭᠤᠣᠯ ᠳᠠᠭᠠᠤ ᠬᠥᠭᠰᠢᠨ ᠲᠤᠣᠷᠠᠢ ᠶᠢᠨ ᠭᠤᠣᠯ ᠨᠢ ᠠᠮᠠᠷᠬᠠᠨ ᠬᠦᠨᠳᠡᠶᠢᠷᠡᠨ ᠦᠮᠣᠬᠢᠷᠡᠳᠡᠭ᠃ ᠭᠡᠳᠡᠯ᠎ᠡ ᠭᠤᠪᠢ ᠭᠠᠵᠠᠷ᠂ ᠡᠯᠡᠰᠦ ᠴᠥᠯᠡᠷᠬᠡᠭ ᠭᠠᠵᠠᠷ ᠤᠨ ᠲᠣᠣᠷᠠᠢ ᠶᠢᠨ ᠭᠤᠣᠯ ᠨᠢ ᠠᠮᠠᠷᠬᠠᠨ ᠬᠦᠨᠳᠡᠶᠢᠷᠡᠳᠡᠭ ᠦᠭᠡᠢ ᠪᠥᠭᠡᠳ ᠬᠦᠨᠳᠡᠶᠢᠷᠡᠭᠰᠡᠨ ᠴᠤ ᠭᠠᠳᠠᠷ ᠲᠠᠯ᠎ᠠ ᠨᠢ ᠶᠠᠰᠤᠯᠢᠭ ᠪᠠᠶᠢᠳᠠᠭ᠃ ᠲᠤᠣᠷᠠᠢ ᠶᠢᠨ ᠤᠷᠭᠤᠴᠠ ᠶᠢᠨ ᠶᠠᠩᠵᠤ ᠬᠡᠯᠪᠡᠷᠢ ᠴᠦ ᠠᠳᠠᠯᠢ ᠦᠭᠡᠢ᠂ ᠭᠤᠣᠯ ᠳᠠᠭᠠᠤ ᠣᠷᠣᠨ ᠤ ᠲᠣᠣᠷᠠᠢ ᠶᠢᠨ ᠰᠢᠷᠬᠡᠭ ᠨᠢ ᠦᠨᠳᠦᠰᠤᠨ ᠳᠡᠭᠡᠨ ᠡᠭᠴᠠ ᠪᠠᠶᠢᠳᠠᠭ᠃ ᠭᠤᠪᠢ᠂ ᠡᠯᠡᠰᠤᠨ ᠭᠠᠵᠠᠷ ᠤᠷᠭᠤᠭᠰᠠᠨ ᠲᠣᠣᠷᠠᠢ ᠶᠢᠨ ᠰᠢᠷᠬᠡᠭ ᠨᠢ ᠮᠤᠰᠬᠢᠭ᠎ᠠ ᠮᠣᠷᠣᠢ ᠪᠠᠶᠢᠳᠠᠭ᠃ ᠮᠤᠰᠬᠢᠭ᠎ᠠ ᠰᠢᠷᠬᠡᠭ ᠲᠠᠢ ᠲᠤᠣᠷᠠᠢ ᠨᠢ ᠶᠠᠰᠤᠯᠢᠭ᠂ ᠪᠥᠬᠡ᠂ ᠤᠰᠤ ᠴᠢᠭᠢᠭ ᠲᠤ ᠠᠮᠠᠷᠬᠠᠨ ᠢᠯᠵᠠᠷᠠᠬᠤ ᠦᠭᠡᠢ᠂ ᠡᠳ᠋ᠯᠡᠬᠦ ᠳᠤ ᠲᠠᠰᠪᠤᠷᠢᠲᠠᠢ ᠮᠥᠷᠲᠡᠭᠡᠨ ᠭᠤᠶᠣ ᠰᠠᠶᠢᠬᠠᠨ ᠬᠡ ᠤᠭᠠᠯᠵᠠ ᠲᠠᠢ ᠪᠠᠶᠢᠳᠠᠭ᠃ ᠲᠤᠷᠰᠢᠯᠭ᠎ᠠ ᠲᠠᠢ ᠮᠣᠳᠣᠴᠢᠨ ᠰᠠᠭᠠᠯᠢ ᠶᠢᠨ ᠰᠠᠭᠤᠯᠠᠭ᠎ᠠ᠂ ᠠᠶᠢᠷᠠᠭ ᠤᠨ ᠰᠤᠮ ᠬᠢᠬᠦ ᠳᠡᠭᠡᠨ ᠭᠤᠪᠢ᠂ ᠡᠯᠡᠰᠤᠨ ᠴᠥᠯ ᠭᠠᠵᠠᠷ ᠤᠨ ᠲᠤᠣᠷᠠᠢ ᠠᠴᠠ ᠮᠣᠳᠣᠨ ᠮᠠᠲ᠋ᠧᠷᠢᠶᠠᠯ ᠢᠶᠠᠨ ᠰᠤᠩᠭᠤᠳᠠᠭ ᠪᠢᠯᠡ᠃ ᠴᠠᠢ ᠲᠠᠪᠤᠰᠤᠨ ᠤ ᠤᠭᠤᠷ ᠢ ᠶᠠᠰᠤᠯᠢᠭ ᠲᠤᠣᠷᠠᠢ ᠤᠯᠵᠤ ᠳᠠᠭᠠᠷᠢᠭᠠᠳ ᠭᠤᠣᠯ ᠢ ᠨᠢ ᠭᠠᠯ ᠤᠨ ᠴᠤᠭ ᠢᠶᠠᠷ ᠢᠳᠡᠭ ᠢᠳᠡᠭ ᠢᠶᠠᠷ ᠰᠢᠳᠠᠭᠠᠨ᠂ ᠰᠢᠳᠠᠭᠳᠠᠭᠰᠠᠨ ᠭᠡᠰᠡᠭ ᠢᠶᠠᠨ ᠵᠤᠷᠠᠵᠤ ᠬᠦᠨᠳᠡᠶᠢᠯᠠᠨ ᠬᠢᠳᠡᠭ᠃ ᠠᠷᠢᠬᠢ ᠨᠡᠷᠡᠬᠦ ᠪᠦᠷᠭᠦᠭᠡᠷ ᠢ ᠴᠤ ᠬᠠᠲᠠᠭᠰᠠᠨ ᠪᠦᠳᠦᠭᠦᠨ ᠬᠦᠨᠲᠠᠢ ᠲᠤᠣᠷᠠᠢ ᠳᠠᠭᠠᠷᠢᠵᠤ᠂ ᠪᠦᠳᠦᠭᠦᠨ ᠪᠠᠭ᠎ᠠ ᠶᠢ ᠨᠢ ᠰᠠᠭᠠᠯᠢ ᠶᠢᠨ ᠲᠣᠭᠤᠭᠠᠨ ᠤ ᠪᠠᠨ ᠬᠡᠮᠵᠢᠶ᠎ᠠ ᠳᠤ ᠳᠠᠭᠠᠷᠠᠭᠤᠯᠵᠤ ᠦᠨᠳᠤᠷ ᠢᠶᠠᠷ ᠢᠶᠠᠨ ︵0.6 — 0.8 ᠮᠧᠲᠷ ᠪᠠᠶᠢᠳᠠᠭ︶᠂ ᠳᠠᠭᠠᠷᠢᠭᠰᠠᠨ ᠲᠣᠣᠷᠠᠢ ᠶᠢᠨ ᠢᠶᠠᠨ ᠳᠣᠲᠣᠷ᠎ᠠ ᠭᠠᠳᠠᠷ ᠢ ᠨᠢ ᠲᠡᠭᠰᠢ ᠰᠠᠶᠢᠬᠠᠨ ᠴᠠᠪᠴᠢᠵᠤ ᠬᠠᠷᠠᠭᠤᠯᠲᠠᠨ᠂ ᠶᠠᠷ᠎ᠠ ᠰᠢᠷᠬ᠎ᠠ ᠶᠢ ᠨᠢ ᠠᠪᠤᠭᠠᠳ᠂ ᠨᠦᠬᠡ ᠶᠢ ᠨᠢ ᠦᠬᠡᠷ᠎ᠡ ᠮᠣᠳᠣ ᠪᠠᠷ ᠪᠥᠭᠯᠡᠵᠤ ᠬᠢᠳᠡᠭ᠃ ᠰᠠᠭᠤᠯᠠᠭ᠎ᠠ ᠰᠠᠪᠠ᠂ ᠰᠣᠮ ᠪᠦᠷᠭᠦᠭᠡᠷ ᠤᠨ ᠭᠠᠳᠠᠭᠤᠷ ᠨᠢ ᠲᠡᠮᠦᠷ ᠴᠠᠭᠠᠷᠢᠭ ᠢᠶᠠᠷ 2 — 3 ᠪᠦᠰᠠ ᠬᠢᠵᠤ ᠪᠥᠭᠯᠡᠭᠡᠳ ᠬᠠᠲᠠᠵᠤ᠂ ᠭᠠᠵᠢᠬᠤ᠂ ᠬᠠᠭᠠᠷᠠᠬᠤ ᠠᠴᠠ ᠰᠡᠷᠭᠡᠶᠢᠯᠡᠳᠡᠭ᠃      ᠥᠩᠭᠡᠷᠡᠭᠰᠡᠨ ᠤ ᠡᠵᠡᠨ᠎ᠠ ᠶᠢᠨ ᠬᠦᠮᠤᠰ ᠨᠠᠶᠢᠳᠠᠮ ᠭᠡᠷ ᠤᠨ ᠭᠠᠳᠠᠨ᠎ᠠ ᠪᠠᠨ ᠳᠣᠣᠷᠠᠢ ᠪᠠᠷ ᠪᠠᠷᠢᠭᠰᠠᠨ ᠶᠠᠨᠳᠠᠷ ︵ᠪᠠᠰᠠ ᠰᠦᠷᠤ ᠭᠡᠳᠡᠭ︶᠎ ᠲᠠᠢ ᠪᠠᠶᠢᠳᠠᠭ᠃ ᠶᠠᠨᠳᠠᠷ ᠭᠡᠵᠦ ᠨᠤᠲᠤᠭ ᠤᠨ ᠬᠡᠯᠡᠯᠭᠡ᠂ ᠡᠳ᠋ ᠪᠠᠷᠠᠭ᠎ᠠ ᠪᠠᠨ ᠬᠤᠷᠢᠶᠠᠬᠤ ᠲᠥᠭᠦᠮ ᠲᠠᠯᠪᠢᠭᠤᠷ ᠶᠤᠮ᠃ ᠦᠨᠳᠤᠷ ᠪᠣᠭᠤᠨᠢ ᠨᠢ ᠠᠳᠠᠯᠢᠬᠠᠨ ᠠᠴᠠ ᠲᠠᠢ 4 ᠲᠤᠣᠷᠠᠢ ᠶᠢ  ᠠᠴᠠ ᠎ ᠶᠢ ᠨᠢ ᠳᠡᠭᠡᠭᠰᠢ ᠬᠠᠨᠳᠤᠭᠤᠯᠤᠨ ᠪᠤᠯᠠᠵᠤ᠂ ᠬᠤᠶᠠᠷ ᠤᠷᠲᠤ ᠲᠣᠣᠷᠠᠢ ᠮᠣᠳᠣ ︵ᠡᠭᠴᠠ ᠪᠠᠶᠢᠬᠤ ᠬᠡᠷᠡᠭᠲᠡᠢ︶᠎ ᠶᠢ ᠬᠤᠶᠠᠷ ᠬᠤᠣᠰ ᠠᠴᠠ ᠳᠡᠭᠡᠷ᠎ᠡ ᠨᠢ ᠳᠠᠭᠠᠷᠠᠭᠤᠯᠤᠨ ᠬᠦᠨᠳᠠᠯᠠᠨ‌‍ᠲ᠋ᠠᠯᠪᠢᠵᠦ᠂ ᠳᠠᠬᠢᠨ ᠠᠷᠪᠢᠨ ᠡᠭᠴᠡ ᠮᠣᠳᠣ ᠶᠢ ᠬᠤᠶᠠᠷ ᠬᠦᠨᠳᠡᠯᠡᠨ ᠮᠣᠳᠣ ᠲᠡᠭᠡᠷ᠎ᠡ ᠵᠡᠷᠭᠡᠯᠡᠨ ᠦᠷᠡᠨ᠎ᠡ᠃ ᠡᠭᠦᠨ ᠢ ᠶᠠᠨᠳᠠᠷ ᠭᠡᠨ᠎ᠡ᠃ ᠡᠨᠡ ᠪᠣᠯ ᠭᠡᠷ ᠤᠨ ᠢᠯᠡᠭᠦᠦ ᠭᠠᠷᠤᠭᠰᠠᠨ᠂ ᠦᠯᠡᠳᠡᠭᠰᠠᠨ᠂ ᠡᠰᠡᠭᠦᠯ᠎ᠡ ᠮᠤᠩᠭᠤᠯ ᠭᠡᠷ ᠲᠤ ᠲᠠᠯᠪᠢᠪᠡᠯ ᠲᠣᠬᠢᠷᠠᠮᠵᠢ ᠦᠭᠡᠢ ᠡᠳ᠋ ᠪᠠᠷᠠᠭ᠎ᠠ ᠪᠠᠨ ᠶᠠᠨᠳᠠᠷ ᠲᠡᠭᠡᠷ᠎ᠡ ᠪᠠᠨ ᠬᠤᠷᠢᠶᠠᠳᠠᠭ᠃ ᠦᠩᠭᠡᠷᠡᠭᠰᠡᠨ  ᠳᠤ ᠡᠵᠡᠨ᠎ᠠ ᠨᠤᠲᠤᠭ ᠲᠤ ᠲᠠᠶᠢᠨ ᠲᠡᠵᠢᠨ᠂ ᠬᠤᠯᠠᠭᠠᠢ ᠲᠡᠭᠡᠷᠡᠮ ᠲᠤᠩ ᠴᠥᠬᠡᠨ᠂ ᠠᠮᠤᠷ ᠲᠠᠶᠢᠪᠦᠩ ᠨᠤᠲᠤᠭ ᠪᠠᠶᠢᠭᠰᠠᠨ ᠤᠴᠢᠷ ᠶᠠᠨᠳᠠᠷ ᠲᠡᠭᠡᠷ᠎ᠡ ᠬᠤᠷᠢᠶᠠᠭᠰᠠᠨ ᠡᠳ᠋ ᠪᠠᠷᠠᠭ᠎ᠠ ᠪᠠᠨ ᠠᠯᠳᠠᠬᠤ ᠬᠡᠷᠡᠭ ᠲᠤᠩ ᠬᠤᠪᠣᠷ ᠪᠥᠭᠡᠳ ᠨᠡᠭᠦᠳᠠᠯᠴᠢᠨ ᠠᠮᠢᠳᠤᠷᠠᠯ ᠲᠠᠢ ᠮᠤᠩᠭᠤᠯᠴᠤᠳ ᠲᠤ ᠲᠤᠩ ᠲᠣᠬᠢᠷᠠᠮᠵᠢᠲᠠᠢ ᠪᠠᠷᠠᠭ᠎ᠠ ᠬᠤᠷᠢᠶᠠᠬᠤ ᠭᠠᠵᠠᠷ ᠲᠤᠯᠠ ᠦᠷᠭᠦᠯᠵᠢ ᠨᠡᠭᠦᠳᠡᠯ ᠬᠢᠳᠡᠭ ᠡᠵᠡᠨ᠎ᠡ ᠶᠢᠨ ᠮᠤᠩᠭᠤᠯᠴᠤᠳ ᠪᠣᠯᠭᠠᠨ ᠴᠥᠮ ᠶᠠᠨᠳᠠᠷ ᠲᠠᠢ ᠪᠠᠶᠢᠳᠠᠭ ᠪᠠᠶᠢᠯ᠎ᠠ᠃ ᠨᠡᠭᠦᠪᠡᠯ ᠪᠠᠷᠠᠭ᠎ᠠ ᠪᠠᠨ ᠠᠪᠤᠭᠠᠳ ᠶᠠᠨᠳᠠᠷ ᠢᠶᠠᠨ ᠤᠷᠬᠢᠴᠢᠬᠠᠳᠠᠭ᠃ ᠳᠠᠬᠢᠭᠠᠳ ᠢᠷᠡᠪᠡᠯ ᠪᠡᠯᠡᠭᠡᠨ ᠶᠠᠨᠳᠠᠷ ᠳᠡᠭᠡᠷ᠎ᠡ ᠪᠠᠨ ᠪᠠᠷᠠᠭ᠎ᠠ ᠪᠠᠨ ᠬᠤᠷᠢᠶᠠᠳᠠᠭ ᠲᠤᠯᠠ ᠲᠣᠶᠢᠯ ᠤᠨ ᠠᠪᠰᠠᠷᠬᠠᠨ᠂ ᠲᠥᠭᠦᠮ᠂ ᠦᠨ᠎ᠡ ᠥᠷᠳᠡᠭ ᠢᠶᠠᠷ ᠳᠣᠣᠷ᠎ᠠ ᠦᠢᠯᠡᠳᠤᠯ  ᠢᠶᠠᠷ ᠶᠡᠭᠡ ᠪᠠᠶᠢᠳᠠᠭ᠃          — ᠴᠠ᠊ · ᠰᠠᠶᠢᠵᠢᠷᠠᠬᠤ ᠶᠢᠨ ︽ᠡᠵᠡᠨ᠎ᠡ ᠲᠤᠤᠷᠠᠢ ᠶᠢᠨ ᠰᠤᠶᠤᠯ︾ ᠬᠡᠭᠦ ᠨᠣᠮ ᠠᠴᠠ 
 
ᠢᠷᠡᠯᠲᠡ᠄ ᠡᠵᠡᠨ᠎ᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号