1. ᠲᠤᠣᠷᠠᠢ ᠶᠢᠨ ᠬᠤᠵᠢᠷ | ᠲᠤᠣᠷᠠᠢ ᠮᠣᠳᠣ ᠪᠣᠯ ᠬᠤᠵᠢᠷ ᠠᠴᠠ ᠠᠶᠤᠳᠠᠭ ᠦᠭᠡᠢ ᠠᠮᠢ ᠪᠦᠬᠡ ᠤᠷᠭᠤᠮᠠᠯ ᠮᠥᠨ᠃ ᠲᠤᠣᠷᠠᠢ | ᠬᠤᠵᠢᠷᠯᠢᠭ ᠤᠰᠣ ᠶᠡᠭᠡ ᠲᠠᠢ ᠬᠦᠷᠦᠰᠦᠨ ᠳᠤ ᠠᠵᠢᠭ ᠦᠭᠡᠢ ᠣᠷᠭᠤᠵᠤ ᠬᠤᠵᠢᠷᠯᠢᠭ ᠤᠰᠤᠨ ᠠᠴᠠ ᠰᠢᠮ᠎ᠡ ᠪᠠ | ᠤᠰᠤ ᠰᠣᠷᠣᠨ ᠠᠪᠴᠤ ᠪᠡᠶ᠎ᠡ ᠳᠡᠭᠡᠨ ᠰᠢᠩᠬᠡᠭᠡᠵᠦ ᠴᠢᠳᠠᠳᠠᠭ ᠪᠥᠭᠡᠳ ᠪᠡᠶ᠎ᠡ ᠠᠴᠠ ᠪᠠᠨ ᠨᠡᠯᠢᠶᠠᠳ ᠬᠡᠮᠵᠢᠶᠠᠨ ᠤ | ᠬᠤᠵᠢᠷ ᠢ ᠭᠠᠳᠠᠭᠰᠢ ᠭᠠᠷᠭᠠᠳᠠᠭ᠃ ᠳᠣᠣᠷᠠᠢ ᠶᠢᠨ ᠬᠤᠵᠢᠷ ᠪᠣᠯ ᠲᠣᠣᠷᠠᠢ ᠶᠢᠨ ᠪᠡᠶ᠎ᠡ ᠪᠤᠶᠤ ᠰᠠᠯᠠᠭ᠎ᠠ ᠨᠠᠮᠠᠭ᠎ᠠ ᠶᠢᠨ | ᠰᠢᠷᠬ᠎ᠠ ᠰᠤᠷᠪᠢ ᠠᠴᠠ ᠨᠠᠪᠴᠢᠵᠤ ᠭᠠᠷᠤᠭᠰᠠᠨ 60% — 70% ᠶᠢᠨ ᠨᠡᠭᠦᠷᠡᠰᠤ ᠬᠦᠴᠢᠯ ᠤᠨ ᠨᠠᠲᠷᠢ | ᠠᠭᠤᠯᠤᠭᠳᠠᠴᠠ ᠲᠠᠢ ᠰᠢᠷ᠎ᠠ ᠦᠩᠭᠡ ᠲᠠᠢ᠂ ᠬᠤᠵᠢᠷᠲᠤ ᠤᠰᠤ ᠨᠢ ᠨᠠᠷᠠ ᠪᠠ ᠠᠭᠠᠷ ᠰᠠᠯᠬᠢᠨ ᠤ ᠣᠢᠯᠠᠴᠢᠯᠠᠯ ᠠᠴᠠ | ᠪᠣᠯᠵᠤ ᠠᠭᠠᠵᠢᠮ ᠢᠶᠠᠷ ᠬᠠᠲᠠᠵᠤ ᠴᠠᠭᠠᠨ ᠰᠢᠷᠭᠠᠯ ᠦᠩᠭᠡ ᠲᠠᠢ ᠬᠠᠲᠠᠭᠤ ᠪᠠᠶᠠᠲᠤ ᠪᠣᠯᠵᠤ ᠬᠤᠪᠢᠷᠠᠭᠠᠳ | ᠲᠤᠣᠷᠠᠢ ᠶᠢᠨ ᠪᠡᠶ᠎ᠡ ᠳᠡᠭᠡᠷ᠎ᠡ ᠨᠠᠭᠠᠯᠳᠤᠬᠤ ᠪᠤᠶᠤ ᠭᠠᠵᠠᠷ ᠤᠨᠠᠳᠠᠭ᠃ ᠡᠭᠦᠨ ᠢ ᠲᠣᠣᠷᠠᠢ ᠶᠢᠨ ᠬᠤᠵᠢᠷ ᠭᠡᠨ᠎ᠡ᠃ | ᠳᠤᠣᠷᠠᠢ ᠶᠢᠨ ᠬᠤᠵᠢᠷ ᠮᠠᠰᠢ ᠦᠷᠭᠡᠨ ᠬᠡᠷᠡᠭᠴᠡᠭᠡ ᠲᠠᠢ᠃ ᠪᠤᠣᠪᠤ ᠮᠠᠨᠳᠠᠤ ᠬᠢᠬᠦ ᠳᠤ ᠲᠤᠲᠠᠭᠳᠠᠰᠢ ᠦᠭᠡᠢ | ᠪᠠᠶᠢᠭᠠᠯᠢᠯᠢᠭ ᠬᠤᠵᠢᠷ ᠪᠣᠯᠬᠤ ᠶᠤᠮ᠃ ᠳᠤᠣᠷᠠᠢ ᠶᠢᠨ ᠬᠤᠵᠢᠷ ᠢᠶᠠᠷ ᠲᠣᠯᠣᠭᠠᠢ ᠤᠬᠢᠶᠠᠪᠠᠯ ᠭᠬᠢᠷ ᠪᠤᠷᠳᠤᠭ ᠢ | ᠠᠷᠢᠯᠭᠠᠨ᠂ ᠲᠣᠯᠣᠭᠠᠢ ᠶᠢᠨ ᠬᠠᠭ ᠢ ᠠᠷᠢᠯᠭᠠᠨ᠂ ᠲᠣᠯᠣᠭᠠᠢ ᠶᠢᠨ ᠦᠰᠤᠨ ᠤ ᠦᠩᠭᠡ ᠨᠢ ᠭᠢᠯᠲᠠᠭᠠᠨᠠᠵᠤ᠂ ᠵᠦᠭᠡᠯᠡᠨ | ᠬᠠᠷᠢᠮᠠᠬᠠᠢ ᠴᠢᠨᠠᠷ ᠲᠠᠢ ᠪᠣᠯᠳᠠᠭ᠃ ᠲᠣᠣᠷᠠᠢ ᠶᠢᠨ ᠬᠤᠵᠢᠷ ᠢᠶᠠᠷ ᠬᠤᠪᠴᠠᠰᠤ ᠬᠤᠨᠠᠷ ᠬᠦᠨᠵᠢᠯᠠ ᠳᠡᠪᠢᠰᠭᠡᠷ | ᠤᠬᠢᠶᠠᠬᠤ ᠪᠠᠷ ᠪᠠᠷᠠᠬᠤ ᠦᠭᠡᠢ᠂ ᠪᠥᠰ᠂ ᠳᠤᠷᠭ᠎ᠠ ᠳᠤᠷᠳᠤᠩ᠂ ᠨᠡᠶᠢᠯᠡᠮᠡᠯ ᠰᠢᠷᠬᠡᠭ ᠲᠠᠢ ᠡᠳ᠋᠂ ᠨᠤᠤᠰᠤᠨ | ᠡᠳ᠋ᠯᠡᠯ ᠢ ᠤᠬᠢᠶᠠᠵᠤ ᠪᠣᠯᠣᠨ᠎ᠠ᠃ ᠭᠠᠯ ᠲᠣᠭᠤᠭᠠᠨ ᠤ ᠬᠡᠷᠡᠭᠰᠡᠯ ᠤᠨ ᠲᠣᠰᠣ ᠪᠤᠷᠳᠤᠭ ᠢ ᠤᠬᠢᠶᠠᠵᠤ ᠠᠷᠢᠯᠭᠠᠬᠤ ᠳᠤ | ᠲᠣᠩ ᠰᠠᠶᠢᠨ ᠪᠠᠶᠢᠳᠠᠭ᠃ | - ᠡᠵᠡᠨ᠎ᠠ ᠮᠤᠩᠭᠤᠯᠴᠤᠳ ᠲᠤᠣᠷᠠᠢ ᠶᠢᠨ ᠬᠤᠵᠢᠷ ᠢ ᠡᠮ ᠡᠮᠨᠡᠯᠭᠡ ᠳᠡᠭᠡᠷ᠎ᠡ ᠬᠡᠷᠡᠭᠯᠡᠭᠡᠳ ᠳᠣᠪᠤᠶᠢᠮ᠎ᠡ ᠠᠮᠵᠢᠯᠲᠠ
| - ᠣᠯᠵᠠᠢ᠃ ᠳᠤᠣᠷᠠᠢ ᠶᠢᠨ ᠬᠤᠵᠢᠷ ᠪᠣᠯ ᠬᠠᠯᠠᠭᠤᠨ ᠢ ᠳᠠᠷᠤᠵᠤ ᠬᠤᠣᠷ ᠢ ᠠᠷᠢᠯᠭᠠᠬᠤ᠂ ᠡᠪᠡᠳᠬᠦ ᠶᠢ ᠵᠣᠭᠰᠣᠭᠠᠨ᠂
| - ᠰᠢᠩᠭᠡᠭᠡᠯᠲᠡ ᠶᠢ ᠰᠠᠶᠢᠵᠢᠷᠠᠭᠤᠯᠬᠤ᠂ ᠬᠤᠳᠣᠭᠤᠲᠤ ᠰᠦᠰᠤᠨ ᠤ ᠰᠢᠷ᠎ᠠ ᠶᠢ ᠲᠠᠶᠢᠯᠬᠤ᠂ ᠶᠠᠷ᠎ᠠ ᠰᠢᠷᠬ᠎ᠠ ᠶᠢ ᠡᠳᠡᠭᠡᠬᠦ᠂
| - ᠪᠡᠳᠡᠬᠢ ᠶᠢ ᠡᠪᠳᠡᠬᠦ᠂ ᠬᠤᠷᠣᠬᠠᠢ ᠶᠢ ᠬᠦᠭᠡᠭᠡᠬᠦ᠂ ᠢᠯᠵᠢᠷᠡᠬᠦ ᠶᠢ ᠵᠣᠭᠰᠣᠭᠠᠬᠤ᠂ ᠬᠤᠷᠭᠤᠰᠤᠯᠠᠭᠰᠠᠨ ᠢ
| - ᠵᠦᠭᠡᠯᠡᠷᠡᠭᠦᠯᠬᠦ᠂ ᠬᠤᠣᠷ᠎ᠠ ᠬᠠᠷᠰᠢᠭᠰᠠᠨ ᠢ ᠳᠠᠷᠤᠬᠤ᠂ ᠪᠠᠳᠬ᠎ᠠ ᠶᠢ ᠠᠷᠢᠯᠭᠠᠬᠤ ᠳᠤ ᠰᠠᠶᠢᠨ ᠦᠢᠯᠡᠳᠤᠯ ᠲᠠᠢ᠃
| - ᠴᠢᠰᠤᠨ ᠳᠠᠷᠤᠯᠲᠡ ᠦᠨᠳᠤᠷ ᠡᠪᠡᠳᠴᠢᠨ ᠪᠣᠯ ᠨᠢᠭᠡᠨ ᠵᠠᠰᠠᠬᠤ ᠳᠤ ᠲᠥᠪᠡᠭᠲᠡᠢ ᠡᠪᠡᠳᠴᠢᠨ ᠶᠤᠮ᠃ ᠡᠨᠡ
| - ᠡᠪᠡᠳᠴᠢᠨ ᠢ ᠠᠨᠠᠭᠠᠬᠤ ᠳᠤ ᠲᠣᠣᠷᠠᠢ ᠶᠢᠨ ᠬᠤᠵᠢᠷ ᠲᠤᠩ ᠲᠤᠰᠠ ᠲᠠᠢ᠃ ᠴᠢᠰᠤᠨ ᠳᠠᠷᠤᠯᠲᠠ ᠦᠨᠳᠤᠷ
| - ᠡᠪᠡᠳᠴᠢᠨ ᠲᠠᠢ ᠬᠦᠮᠤᠨ ᠲᠤᠣᠷᠠᠢ ᠶᠢᠨ ᠬᠤᠵᠢᠷ ᠢ ᠤᠰᠤᠨ ᠳᠤ ᠠᠭᠤᠰᠬᠠᠵᠤ᠂ ᠰᠢᠩᠭᠡᠨ ᠢᠶᠠᠷ ᠨᠢ ᠲᠣᠯᠣᠭᠠᠢ ᠪᠤᠶᠤ
| - ᠬᠥᠯ ᠢᠶᠠᠨ ᠤᠬᠢᠶᠠᠵᠤ᠂ 3 — 5 ᠡᠳᠤᠷ ᠤᠨ ᠵᠠᠰᠠᠯᠭ᠎ᠠ ᠶᠢ ᠦᠩᠭᠡᠷᠡᠪᠠᠯ ᠴᠢᠰᠤᠨ ᠳᠠᠷᠤᠯᠲᠠ ᠨᠢ ᠲᠤᠩ
| - ᠠᠮᠠᠷᠬᠠᠨ ᠪᠠᠭᠤᠷᠠᠳᠠᠭ ᠶᠤᠮ᠃ ᠮᠠᠯ ᠤᠨ ᠠᠷᠠᠰᠤᠨ ᠤ ᠭᠠᠳᠠᠷ ᠬᠠᠪᠤᠳᠠᠷ᠂ ᠶᠠᠷ᠎ᠠ ᠰᠢᠷᠬ᠎ᠠ ᠶᠢ ᠳᠣᠣᠷᠠᠢ ᠶᠢᠨ
| - ᠬᠤᠵᠢᠷ ᠲᠠᠢ ᠤᠰᠤ ᠪᠠᠷ ᠤᠬᠢᠶᠠᠪᠠᠯ ᠲᠤᠩ ᠠᠮᠠᠷᠬᠠᠨ ᠡᠳᠡᠭᠡᠷᠡᠳᠡᠭ᠃ ᠡᠭᠦᠨ ᠠᠴᠠ ᠭᠠᠳᠠᠨ᠎ᠠ ᠠᠵᠤ
| - ᠦᠢᠯᠡᠳᠪᠤᠷᠢ ᠶᠢᠨ ᠵᠠᠷᠢᠮ ᠦᠢᠯᠡᠳᠭᠦᠨ ᠢ ᠬᠢᠬᠦ ᠠᠷᠠᠰᠤ ᠪᠤᠯᠪᠠᠰᠤᠷᠠᠭᠤᠯᠬᠤ᠂ ᠰᠠᠪᠦᠩ ᠬᠢᠬᠦ ᠪᠠ ᠭᠤᠶᠤᠯᠠᠯ ᠤᠨ
| - ᠡᠳ᠋ ᠬᠢᠬᠦ ᠳᠤ ᠲᠤᠤᠷᠠᠢ ᠶᠢᠨ ᠬᠤᠵᠢᠷ ᠲᠤᠳᠠᠭᠳᠠᠵᠤ ᠪᠤᠯᠤᠰᠢ ᠦᠭᠡᠢ᠃ ᠲᠡᠭᠡᠷ᠎ᠡ ᠦᠶ᠎ᠡ ᠳᠤ ᠡᠵᠡᠨ᠎ᠡ ᠶᠢᠨ
| - ᠮᠤᠩᠭᠤᠯᠴᠤᠳ᠂ ᠲᠤᠣᠷᠠᠢ ᠶᠢᠨ ᠬᠤᠵᠢᠷ ᠤᠨ ᠠᠰᠢᠭ ᠰᠢᠮ᠎ᠡ ᠶᠢ ᠮᠠᠰᠢ ᠰᠠᠶᠢᠨ ᠮᠡᠳᠡᠵᠤ ᠦᠢᠯᠡᠳᠪᠤᠷᠢᠯᠡᠯ
| - ᠠᠮᠢᠳᠤᠷᠠᠯ ᠳᠠᠭᠠᠨ ᠦᠷᠭᠡᠨ ᠬᠡᠷᠡᠭᠯᠡᠵᠤ ᠪᠠᠶᠢᠭᠰᠠᠨ ᠶᠤᠮ᠃ ᠬᠠᠮᠤᠭ ᠨᠠᠭᠠᠲᠤ ᠵᠠᠬ᠎ᠠ ᠶᠢᠨ ᠨᠢᠭᠡ ᠵᠢᠱᠢᠶ᠎ᠠ ᠶᠢ
| - ᠲᠠᠮᠳᠡᠭᠯᠡᠬᠦ ᠳᠤ᠂ ᠳᠡᠭᠡᠷ᠎ᠡ ᠵᠠᠭᠤᠨ ᠤ ᠳᠤᠮᠳᠠᠴᠢ ᠰᠡᠭᠦᠯᠴᠢ ᠦᠶ᠎ᠡ ᠪᠠᠷ ᠡᠵᠡᠨ᠎ᠠ ᠨᠤᠲᠤᠭ ᠲᠤ ᠳ᠋ᠠᠰᠢᠴᠠᠷᠠᠨ ᠭᠡᠳᠡᠭ
| - ᠨᠢᠭᠡ ᠲᠠᠨᠤᠭᠦᠯ ᠡᠷ᠎ᠡ ᠪᠠᠶᠢᠵᠠᠢ᠃ ᠲᠡᠷᠡ ᠠᠮᠢᠨ ᠳᠠᠭᠠᠨ ᠠᠷᠭ᠎ᠠ ᠲᠠᠢ ᠮᠡᠷᠭᠡᠨ ︽ᠲᠡᠨᠡᠭ︾ ᠶᠤᠮ᠃ ᠳᠡᠭᠡᠷ᠎ᠡ
| - ᠵᠠᠭᠤᠨ ᠤ ᠵᠢᠷᠠᠭᠠᠳ ᠣᠨ ᠤ ᠡᠬᠢ ᠪᠠᠷ ᠤᠯᠤᠰ ᠲᠠᠶᠠᠭᠠᠷ ᠦᠯᠥᠰᠭᠦᠯᠡᠩ ᠵᠣᠪᠡᠯᠡᠩ ᠳᠤ ᠤᠴᠠᠷᠠᠵᠤ ᠂ ᠬᠥᠮᠤᠰ
| - ᠦᠯᠤᠰᠴᠤ ᠦᠯᠪᠠᠷᠤᠨ ᠶᠠᠳᠠᠭᠤ ᠵᠦᠳᠡᠷᠡᠯᠲᠠᠢ ᠠᠮᠢᠳᠤᠷᠠᠵᠤ ᠪᠠᠶᠢᠯ᠎ᠠ᠃ ᠲᠡᠷᠡ ᠦᠶ᠎ᠡ ᠳᠤ ᠤᠯᠤᠰ ᠬᠥᠭᠵᠢᠭᠡᠳᠦᠢ᠂
| - ᠨᠡᠶᠢᠭᠡᠮ ᠲᠠᠶᠠᠭᠠᠷ ᠠᠷᠠᠳ ᠢᠷᠭᠡᠳ ᠶᠠᠳᠠᠭᠤ ᠦᠯᠤᠰᠭᠦᠯᠡᠩ᠂ ᠬᠦᠴᠢᠷ ᠵᠤᠪᠠᠯᠠᠩ ᠲᠠᠢ ᠠᠮᠢᠳᠤᠷᠠᠵᠤ ᠪᠠᠶᠢᠭᠰᠠᠨ
| - ᠤᠴᠢᠷ ᠡᠵᠠᠨ᠎ᠠ ᠨᠤᠲᠤᠭ ᠤᠨ ᠬᠦᠮᠤᠰ ᠪᠣᠣᠪᠤ ᠮᠠᠨᠳᠠᠤ ᠬᠢᠬᠦ᠂ ᠬᠤᠪᠴᠠᠰᠤ ᠬᠤᠨᠠᠷ ᠦᠰᠣ ᠲᠤᠯᠤᠭᠠᠢ ᠪᠠᠨ
| - ᠤᠭᠢᠶᠠᠬᠤ ᠳ᠋ᠠᠭᠠᠨᠤᠳᠣᠬᠢ ᠰᠢᠭ᠋ ᠤᠯᠠᠨ ᠲᠦᠷᠤᠯ ᠤᠨ ᠤᠬᠢᠶᠠᠯᠭ᠎ᠠ ᠶᠢᠨ ᠡᠳ᠋ ᠢ ᠬᠡᠷᠡᠭᠯᠡᠵᠦ ᠪᠠᠶᠢᠭᠰᠠᠨ ᠦᠭᠡᠢ᠂
| - ᠬᠠᠷᠢᠨ ᠨᠡᠶᠢᠳᠠᠮ ᠳᠡᠭᠡᠨ ᠳᠣᠣᠷᠠᠢ ᠶᠢᠨ ᠬᠤᠵᠢᠷ ᠬᠡᠷᠡᠭᠯᠡᠵᠦ ᠪᠠᠶᠢᠵᠠᠢ᠃ ᠲᠡᠷᠡ ᠦᠶ᠎ᠡ ᠳᠠᠯᠡᠶᠢᠭᠦᠪ ᠪᠠᠯᠭᠠᠰᠤᠨ ᠤ
| - ᠨᠡᠶᠢᠲᠠ ᠶᠢᠨ ᠬᠤᠭᠤᠯᠠᠨ ᠭᠡᠷ ᠠᠴᠠ ᠠᠪᠤᠭᠠᠳ ᠬᠤᠪᠢ ᠠᠶᠢᠯ ᠡᠷᠦᠬᠡ ᠳᠣᠣᠷᠠᠢ ᠶᠢᠨ ᠬᠤᠵᠢᠷ ᠢ ᠶᠡᠭᠡ ᠪᠠᠷ
| - ᠬᠡᠷᠡᠭᠯᠡᠵᠦ ᠪᠠᠶᠢᠭᠰᠠᠨ ᠲᠤᠯᠠ ᠲᠣᠣᠷᠠᠢ ᠶᠢᠨ ᠬᠤᠵᠢᠷ ᠤᠨ ᠪᠤᠷᠣᠯᠠᠭᠤᠯᠤᠯᠲᠠ ᠲᠤᠩ ᠰᠠᠶᠢᠨ ᠪᠠᠶᠢᠵᠠᠢ᠃ ᠡᠶᠢᠨ ᠬᠦ
| - ᠲᠣᠣᠷᠠᠢ ᠶᠢᠨ ᠬᠤᠵᠢᠷ ᠢ ᠦᠷᠭᠡᠨ ᠬᠡᠪᠴᠢᠶ᠎ᠠ ᠪᠠᠷ ᠬᠡᠷᠡᠭᠰᠡᠵᠤ ᠪᠠᠶᠢᠭᠰᠠᠨ ᠴᠠᠭ ᠪᠠ ᠲᠣᠬᠢᠶᠠᠯ ᠢ ᠳ᠋ᠠᠰᠢᠴᠠᠷᠠᠨ
| - ᠠᠰᠢᠭᠯᠠᠵᠤ ᠨᠢᠭᠡ ᠴᠠᠭᠠᠨ ᠪᠦᠰ ᠢᠶᠠᠷ ᠬᠢᠭᠰᠡᠨ ᠲᠣᠮᠣᠬᠠᠨ ᠤᠭᠤᠲᠠ ᠡᠭᠦᠷᠴᠤ᠂ ᠤᠷᠲᠤ ᠰᠣᠬᠠᠢ ᠮᠣᠳᠣ
| - ᠭᠠᠷ ᠲᠠᠭᠠᠨ ᠪᠠᠷᠢᠭᠠᠳ ᠡᠳᠤᠷ ᠪᠦᠷᠢ ᠣᠶᠢᠷ᠎ᠠ ᠣᠷᠴᠢᠮ ᠤᠨ ᠲᠣᠣᠷᠠᠢ ᠣᠢ ᠪᠠᠷ ᠭᠡᠰᠤᠵᠤ ᠲᠣᠣᠷᠠᠢ ᠶᠢᠨ ᠬᠤᠵᠢᠷ
| - ᠲᠡᠭᠦᠵᠤ᠂ ᠣᠷᠣᠢ ᠪᠣᠯᠬᠤ ᠳᠤ ᠤᠭᠤᠲᠠ ᠨᠢ ᠲᠥᠭᠦᠷᠴᠢᠭᠡᠳᠡᠭ᠃ ᠣᠷᠣᠢ ᠬᠤᠰᠢᠭᠤᠨ ᠤ ᠲᠥᠪ ᠳᠠᠯᠡᠶᠢᠭᠦᠪ
| - ᠪᠠᠯᠭᠠᠰᠤᠨ ᠳᠠᠭᠠᠨ ᠪᠤᠴᠠᠵᠤ ᠲᠡᠭᠦᠭᠰᠡᠨ ᠲᠣᠣᠷᠠᠢ ᠶᠢᠨ ᠬᠤᠵᠢᠷ ᠢᠶᠠᠨ ᠨᠡᠶᠢᠲᠠ ᠶᠢᠨ ᠬᠤᠭᠤᠯᠠᠨ ᠭᠡᠷ ᠪᠤᠶᠤ ᠬᠤᠪᠢ
| - ᠠᠶᠢᠯ ᠭᠡᠰᠤᠵᠤ ᠬᠤᠳᠠᠯᠳᠤᠳᠠᠭ ᠲᠡᠷᠠ ᠦᠶ᠎ᠡ ᠳᠤ ᠨᠢᠭᠡ ᠵᠢᠩ ᠬᠤᠵᠢᠷ ᠬᠤᠷᠢᠬᠠᠨ ᠮᠦᠩᠭᠦᠨ ᠤ ᠦᠨ᠎ᠡ ᠲᠠᠢ
| - ᠪᠠᠶᠢᠵᠠᠢ᠃ ᠭᠡᠳᠡᠯ᠎ᠠ ᠶᠠᠷᠤ ᠠᠴᠠ ᠪᠠᠭ᠎ᠠ ᠭᠡᠵᠦ ᠴᠢᠮᠡᠯᠠᠳᠠᠭ ᠦᠭᠡᠢ᠂ ᠶᠠᠷᠰᠢᠭ ᠭᠡᠵᠦ ᠪᠣᠳᠤᠳᠠᠭ ᠦᠭᠡᠢ᠃ ᠵᠣᠨ ᠤ
| - ᠬᠠᠯᠠᠭᠤᠨ᠂ ᠡᠪᠦᠯ ᠤᠨ ᠬᠦᠢᠲᠡᠨ ᠠᠴᠠ ᠬᠠᠯᠠᠰᠢᠷᠠᠳᠠᠭ ᠦᠭᠡᠢ᠂ ᠰᠠᠯᠬᠢ ᠰᠢᠭᠤᠷᠭᠠᠨ ᠤ ᠪᠣᠷᠤᠭ᠎ᠠ ᠴᠠᠰᠤ ᠠᠴᠠ
| - ᠠᠶᠤᠳᠠᠭ ᠦᠭᠡᠢ᠂ ᠡᠷᠬᠢᠬᠦ ᠲᠦᠷᠪᠡᠨ ᠤᠯᠠᠷᠢᠯ ᠳᠤ ᠡᠴᠡᠵᠤ ᠵᠦᠳᠡᠷᠡᠬᠦ ᠪᠠᠨ ᠮᠡᠳᠡᠯ ᠦᠭᠡᠢ᠂ ᠡᠳᠤᠷ ᠪᠦᠷᠢ ᠵᠣᠭᠰᠣᠯ
| - ᠦᠭᠡᠢ ᠲᠣᠣᠷᠠᠢ ᠶᠢᠨ ᠬᠤᠵᠢᠷ ᠲᠡᠭᠦᠵᠦ ᠡᠳᠤᠷ ᠤᠨ ᠤᠷᠤᠯᠭ᠎ᠠ ᠨᠢ ᠬᠤᠶᠠᠷ ᠲᠦᠭᠦᠷᠢᠭ ᠠᠴᠠ ᠲᠡᠮᠡᠢ ᠬᠡᠲᠤᠷᠠᠳᠡᠭ
| - ᠦᠭᠡᠢ ᠪᠠᠶᠢᠭᠰᠠᠨ ᠴᠤ ᠡᠨᠡ ᠬᠦ ᠲᠣᠰᠣᠯ ᠤᠨ ᠲᠡᠳᠦᠢ ᠨᠢᠮᠭᠡᠨ ᠤᠷᠣᠯᠭ᠎ᠠ ᠪᠠᠨ ᠲᠦᠰᠢᠨ ᠠᠮᠢ ᠵᠠᠭᠤᠵᠤ ᠪᠠᠶᠢᠵᠠᠢ᠃
| - 2. ᠲᠣᠣᠷᠠᠢ ᠶᠢᠨ ᠪᠢᠰᠢᠭ ︵ᠤᠯᠠ︶
| - ᠳᠣᠣᠷᠠᠢ ᠶᠢᠨ ᠪᠢᠰᠢᠭ ᠪᠣᠯ ᠤᠳᠠᠭᠠᠨ ᠵᠢᠯ ᠬᠠᠲᠠᠵᠤ ᠦᠭᠢᠷᠡᠭᠰᠡᠨ ᠪᠤᠶᠤ ᠠᠮᠢᠳᠤ ᠪᠠᠷ ᠢᠶᠠᠨ ᠭᠤᠤᠯ ᠨᠢ
| - ᠦᠭᠢᠷᠡᠭᠰᠡᠨ ᠪᠦᠳᠦᠭᠦᠨ ᠲᠣᠣᠷᠠᠢ ᠶᠢᠨ ᠥᠮᠣᠭᠢᠷᠡᠵᠤ ᠵᠦᠭᠡᠯᠡᠷᠡᠭᠰᠡᠨ ᠭᠤᠣᠯ ᠤᠨ ᠬᠢᠨᠢ ᠵᠠᠪᠰᠠᠷ ᠲᠤ ᠨᠠᠭᠠᠯᠳᠤᠵᠤ
| - ᠪᠠᠶᠢᠭ᠎ᠠ ᠤᠯᠠᠪᠲᠤᠷ ᠰᠢᠷ᠎ᠠ ᠦᠩᠭᠡ ᠶᠢᠨ ᠬᠦᠪᠦᠩ ᠰᠢᠭ ᠰᠡᠪᠰᠡᠭᠡᠷ ᠵᠦᠭᠡᠯᠡᠨ ᠡᠳ᠋ ᠢ ᠬᠡᠯᠡᠨ᠎ᠡ᠃ ᠦᠩᠭᠡᠷᠡᠭᠰᠡᠨ ᠤ
| - ᠡᠵᠡᠨ᠎ᠠ ᠨᠤᠳᠤᠭ ᠤᠨ ᠮᠤᠩᠭᠤᠯᠴᠤᠳ ᠲᠤᠣᠷᠠᠢ ᠶᠢᠨ ᠤᠯᠠ ᠶᠢ ᠰᠢᠷᠬᠠᠨ ᠤ ᠴᠢᠰᠤ ᠶᠢ ᠵᠤᠭᠰᠤᠭᠠᠨ᠂ ᠡᠪᠡᠳᠬᠦ ᠶᠢ
| - ᠨᠠᠮᠳᠠᠭᠤᠯᠳᠠᠭ ᠡᠮ ᠪᠣᠯᠭᠠᠨ ᠬᠡᠷᠡᠭᠯᠡᠬᠦ ᠶᠢᠨ ᠲᠠᠭᠠᠤ ᠭᠠᠯ ᠭᠠᠷᠭᠠᠨ ᠠᠮᠢᠳᠤᠷᠠᠯ ᠳᠠᠭᠠᠨ ᠬᠡᠷᠡᠭᠯᠡᠵᠤ ᠪᠠᠶᠢᠵᠠᠢ᠃
| - ᠲᠣᠣᠷᠠᠢ ᠶᠢᠨ ᠤᠯᠠ ᠬᠤᠶᠠᠷ ᠵᠦᠢᠯ ᠤᠨ ᠤᠨᠴᠠᠯᠢᠭ ᠲᠠᠢ ᠲᠤᠣᠷᠠᠢ ᠶᠢᠨ ᠤᠯᠠ ᠨᠢ ᠰᠢᠩᠭᠡᠨ ᠪᠡᠶᠠᠲᠤ ᠪᠤᠳᠠᠰ ᠢ
| - ᠨᠡᠪᠴᠢᠭᠡᠨ ᠰᠢᠩᠭᠡᠭᠡᠬᠦ ᠴᠢᠳᠡᠪᠤᠷᠢ ᠪᠠᠷ ᠣᠨᠴᠠ ᠰᠠᠶᠢᠨ ᠪᠥᠭᠡᠳ ᠲᠤᠶᠢᠯ ᠤᠨ ᠰᠢᠳᠠᠮᠠᠭᠠᠢ ᠴᠢᠨᠠᠷ ᠲᠠᠢ ᠲᠤᠯᠠ
| - ᠥᠴᠦᠭᠡᠨ ᠲᠡᠳᠦᠢ ᠭᠠᠯ ᠤᠨ ᠣᠴᠢ ᠵᠤᠯᠭᠠᠮᠠᠭᠴᠠ ᠲᠦᠷᠭᠡᠨ ᠰᠢᠳᠠᠳᠠᠭ ᠣᠨᠴᠠᠯᠢᠭ ᠲᠠᠢ᠃ ᠦᠩᠭᠡᠷᠡᠭᠰᠡᠨ ᠤ
| - ᠡᠵᠡᠨ᠎ᠠ ᠶᠢᠨ ᠡᠮ ᠡᠮᠨᠡᠯᠭᠡ ᠶᠢᠨ ᠨᠥᠭᠦᠴᠡᠯ ᠲᠦᠶᠢᠯ ᠤᠨ ᠮᠠᠭᠤ᠂ ᠡᠮᠴᠢ ᠴᠥᠭᠡᠨ᠂ ᠡᠮ ᠬᠤᠪᠣᠷ ᠪᠥᠭᠡᠳ ᠲᠠᠷᠬᠠᠢ
| - ᠪᠤᠳᠠᠷᠬᠠᠢ ᠨᠡᠭᠦᠳᠡᠯᠯᠡᠨ ᠮᠠᠯᠵᠢᠳᠠᠭ ᠤᠴᠢᠷ ᠠᠴᠠ ᠰᠢᠷᠬ᠎ᠠ ᠰᠤᠷᠪᠢ ᠵᠡᠷᠭᠡ ᠡᠪᠡᠳᠴᠢᠨ ᠢ ᠦᠪᠡᠷᠰᠡᠳ ᠢᠶᠠᠨ
| - ᠠᠷᠭᠠᠯᠠᠳᠠᠭ᠃ ᠬᠢᠲᠤᠭ᠎ᠠ ᠮᠡᠰᠡ ᠶᠢᠨ ᠰᠢᠷᠬ᠎ᠠ ᠪᠤᠰᠤᠳ ᠵᠦᠢᠯ ᠢᠶᠠᠷ ᠰᠢᠷᠬᠠᠳᠤᠬᠤ ᠤᠴᠢᠷ ᠵᠦᠩᠳᠡᠭᠡᠨ ᠭᠠᠷᠳᠠᠭ
| - ᠲᠤᠯᠠ ᠭᠠᠭᠴᠠ ᠬᠦ ᠲᠤᠣᠷᠠᠢ ᠶᠢᠨ ᠤᠯᠠ ᠶᠢ ᠬᠡᠷᠡᠭᠯᠡᠨ ᠰᠢᠷᠬᠠᠳᠤᠭᠰᠠᠨ ᠭᠠᠵᠠᠷ ᠲᠤᠨᠢ ᠨᠠᠭᠠᠪᠠᠯ ᠴᠢᠰᠤ ᠨᠢ
| - ᠳᠣᠣᠷ᠎ᠠ ᠪᠠᠨ ᠵᠣᠭᠰᠣᠵᠤ ᠡᠪᠡᠳᠬᠦ ᠨᠢ ᠨᠠᠮᠳᠠᠬᠤ ᠶᠢᠨ ᠳᠠᠭᠠᠤ ᠳᠡᠮᠠᠢ ᠤᠳᠠᠬᠤ ᠦᠭᠡᠢ ᠰᠢᠷᠬ᠎ᠠ ᠨᠢ ᠡᠳᠡᠭᠡᠷᠡᠳᠡᠭ᠃
| - ᠲᠣᠣᠷᠠᠢ ᠶᠢᠨ ᠤᠯᠠ ᠦᠨᠡᠨ ᠳᠡᠭᠡᠨ ᠴᠢᠰᠤ ᠵᠣᠭᠰᠣᠭᠠᠬᠤ᠂ ᠡᠪᠡᠳᠬᠦ ᠶᠢ ᠨᠠᠮᠳᠠᠭᠤᠯᠬᠤ ᠲᠠᠯ᠎ᠠ ᠪᠠᠷ ᠣᠳᠣ ᠶᠢᠨ ︽
| - ᠶᠦᠨᠨᠠᠨ ᠪᠠᠢ ᠶᠣᠣ︾ ᠲᠠᠢ ᠳᠠᠩᠴᠡᠨᠠ᠃ ᠬᠠᠷᠠᠮᠰᠡᠯᠲᠠᠢ ᠨᠢ ᠡᠶᠢᠮᠤ ᠣᠨᠴᠠ ᠣᠢᠯᠡᠳᠤᠯ ᠲᠠᠢ ᠡᠮ ᠢ ᠰᠤᠳᠤᠯᠵᠤ
| - ᠬᠡᠷᠡᠭᠯᠡᠬᠦ ᠬᠦᠮᠤᠨ ᠬᠤᠪᠤᠷᠳᠠᠭᠠᠳ ᠣᠳᠣ ᠪᠠᠷᠤᠭ ᠮᠠᠷᠲᠠᠭᠳᠠᠬᠤ ᠬᠡᠮᠵᠢᠶᠡᠨ ᠳᠤ ᠬᠦᠷᠴᠠᠢ᠃ ᠨᠢᠭᠡ ᠦᠶ᠎ᠡ ᠶᠢᠨ
| - ᠤᠷᠴᠢᠨ ᠠᠮᠢ ᠠᠬᠤᠢ ᠡᠪᠳᠡᠯᠭᠡ ᠳᠤ ᠤᠴᠠᠷᠠᠵᠤ᠂ ᠲᠤᠤᠷᠠᠢ ᠤᠢ ᠶᠢᠨ ᠬᠠᠮᠠᠭᠠᠯᠠᠯᠳᠠ ᠰᠤᠯᠠᠷᠠᠭᠰᠠᠨ ᠠᠴᠠ ᠪᠤᠯᠵᠤ
| - ᠬᠤᠪᠤᠷ ᠨᠠᠨᠳᠢᠨ ᠲᠤᠤᠷᠠᠢ ᠶᠢᠨ ᠤᠯᠠ ᠨᠢ ᠠᠯᠠᠭ᠎ᠠ ᠪᠤᠯᠬᠤ ᠬᠡᠮᠵᠢᠶᠡᠨ ᠳᠤ ᠬᠦᠷᠴᠡᠢ᠃
|
| -
|
| | — ᠴᠠ᠊ · ᠰᠠᠶᠢᠵᠢᠷᠠᠬᠤ ᠶᠢᠨ ︽ᠡᠵᠡᠨ᠎ᠡ ᠲᠤᠤᠷᠠᠢ ᠶᠢᠨ ᠰᠤᠶᠤᠯ︾ ᠬᠡᠭᠦ ᠨᠣᠮ ᠠᠴᠠ | | | |