ᠲᠣᠣᠷᠠᠢ ᠶᠢᠨ ᠠᠰᠢᠭ ᠰᠢᠮ᠎ᠡ ᠶᠢᠨ ᠭᠠᠷᠤᠯᠳᠠ ︵ᠬᠤᠶᠠᠷ︶
ᠨᠡᠶᠢᠲᠡᠯᠡᠭᠰᠡᠨ ᠴᠠᠭ᠄
2025/4/16
1.ᠲᠤᠣᠷᠠᠢ ᠶᠢᠨ ᠳᠠᠯᠠᠩ ᠪᠠ ᠲᠤᠣᠷᠠᠢ ᠶᠢᠨ ᠪᠠᠭ᠋ᠤᠤ        ᠲᠤᠣᠷᠠᠢ ᠶᠢᠨ ᠪᠠᠭ᠋ᠤᠤ ᠪᠠ ᠲᠤᠣᠷᠠᠢ ᠶᠢᠨ ᠳᠠᠯᠠᠩ ᠤᠨ ᠢᠯᠭᠠᠭ᠎ᠠ᠃ ᠲᠤᠣᠷᠠᠢ ᠶᠢᠨ ᠪᠠᠭ᠋ᠤᠤ ᠭᠡᠳᠡᠭ ᠪᠣᠯ ᠲᠤᠣᠷᠠᠢ ᠶᠢᠨ ᠪᠡᠶ᠎ᠡ ᠶᠢᠨ ᠠᠯᠢ ᠨᠢᠭᠡᠨ ᠬᠡᠰᠡᠭ ᠠᠴᠠ ᠨᠢ ᠭᠠᠳᠠᠭᠰᠢ ᠬᠦᠲᠣᠶᠢᠨ ᠭᠠᠷᠤᠭᠰᠠᠨ ᠬᠠᠲᠠᠭᠤ ᠪᠡᠶ᠎ᠡ      ᠎ ᠲᠠᠢ᠂ ᠭᠠᠳᠠᠭᠤᠷ ᠢᠶᠠᠨ ᠬᠠᠯᠢᠰᠤ ᠲᠠᠢ ᠬᠦᠪᠲᠤᠷᠤᠤ ᠶᠠᠷ᠎ᠠ ᠶᠢ ᠬᠡᠯᠡᠨ᠎ᠠ᠃ ᠡᠨᠡ ᠶᠠᠷ᠎ᠠ ᠠᠴᠠ ᠢᠳᠡᠭᠡ ᠰᠢᠭᠦᠰᠦ ᠭᠤᠭᠤᠵᠢᠳᠠᠭ ᠦᠭᠡᠢ᠃ ᠬᠤᠪᠬᠤᠷᠠᠵᠤ ᠤᠨᠠᠳᠠᠭ ᠦᠭᠡᠢ᠃ ᠭᠠᠷᠤᠭᠰᠠᠨ ᠴᠠᠭ ᠠᠴᠠ ᠪᠠᠨ ᠬᠤᠶᠢᠰᠢ ᠲᠣᠣᠷᠠᠢ ᠲᠠᠢ ᠬᠠᠮᠲᠤ ᠨᠠᠰᠤ ᠪᠠᠨ ᠪᠠᠷᠠᠳᠠᠭ᠃ ᠲᠣᠣᠷᠠᠢ ᠶᠢᠨ ᠲᠠᠯᠠᠩ ᠭᠡᠳᠡᠭ ᠨᠢ ᠬᠠᠶᠠ ᠵᠠᠷᠢᠮ ᠲᠤᠣᠷᠠᠢ ᠶᠢᠨ ᠪᠡᠶ᠎ᠡ ᠠᠴᠠ ᠤᠷᠭᠤᠵᠤ ᠭᠠᠷᠤᠭᠰᠠᠨ ᠬᠠᠪᠤᠳᠠᠷ ᠶᠤᠮ᠃ ᠡᠬᠢᠯᠡᠵᠦ ᠤᠷᠭᠤᠨ ᠭᠠᠷᠬᠤ ᠳᠠᠭᠠᠨ ᠰᠢᠷᠡᠪᠲᠤᠷ ᠦᠩᠭᠡ ᠲᠠᠢ ᠪᠠᠶᠢᠳᠠᠭ᠃ ᠬᠡᠳᠦᠨ ᠰᠠᠷ᠎ᠠ ᠪᠣᠯᠣᠭᠰᠠᠨ ᠤ ᠬᠤᠶᠢᠨ᠎ᠠ ᠬᠦᠷᠠᠩ ᠦᠩᠭᠡ ᠲᠠᠢ ᠪᠣᠯᠵᠤ ᠬᠤᠪᠢᠷᠠᠭᠠᠳ ᠪᠡᠶ᠎ᠡ ᠨᠢ ᠪᠠᠷᠴᠢᠬᠢᠷ᠂ ᠵᠢᠭᠠᠬᠠᠨ ᠬᠠᠲᠠᠭᠤᠪᠳᠤᠷ ᠬᠦᠪᠲᠤᠷᠤᠣ ᠪᠣᠯᠳᠠᠭ᠃ ᠶᠡᠭᠡ ᠪᠠᠭ᠎ᠠ ᠨᠢ ᠠᠳᠠᠯᠢ ᠦᠭᠡᠢ᠂ ᠬᠠᠮᠤᠭ ᠪᠦᠳᠦᠭᠦᠨ ᠨᠢ ᠬᠤᠭᠤᠯᠠᠨ ᠤ ᠲᠣᠮᠳᠠ ᠵᠡᠷᠭᠡ ᠶᠢᠨ ᠳᠠᠪᠠᠭ ᠰᠢᠭ᠋ ᠪᠠᠶᠢᠳᠠᠭ᠃ ᠮᠠᠯ ᠤᠨ ᠬᠥᠬᠦ ᠳᠠᠯᠠᠩ ᠲᠠᠢ ᠵᠦᠢᠷᠯᠡᠵᠤ ᠲᠤᠣᠷᠠᠢ ᠶᠢᠨ ᠳᠠᠯᠠᠩ ᠭᠡᠵᠦ ᠨᠡᠷᠡᠯᠡᠵᠠᠢ᠃ ᠲᠤᠣᠷᠠᠢ ᠶᠢᠨ ᠳᠠᠯᠠᠩ ᠢ ᠲᠡᠮᠡᠭᠡ᠂ ᠠᠳᠤᠭᠤ᠂ ᠡᠯᠵᠢᠭᠡ᠂ ᠬᠤᠨᠢ᠂ ᠢᠮᠠᠭ᠎ᠠ ᠬᠡᠮᠡᠯᠢᠬᠦ ᠲᠤᠷᠠᠲᠠᠢ᠃ ᠵᠣᠬᠢᠬᠤ ᠬᠡᠮᠵᠢᠶᠠᠨ ᠤ ᠮᠠᠯ ᠤᠨ ᠲᠡᠵᠢᠭᠡᠯ ᠪᠣᠯᠳᠠᠭ᠃ ᠲᠡᠭᠦᠨ ᠤ ᠦᠰᠬᠦ ᠨᠢ ᠲᠤᠩ ᠬᠤᠷᠳᠤᠨ᠂ ᠪᠠᠷᠤᠭ ᠰᠠᠷ᠎ᠠ ᠭᠠᠷᠤᠢ ᠶᠢᠨ ᠬᠤᠭᠤᠴᠠᠭᠠᠨ ᠳᠤ ᠳᠣᠮᠣᠷᠠᠭᠠᠳ ᠳ᠋ᠢᠶᠠᠮᠧᠲᠷ ᠨᠢ 25 — 30cm ᠪᠣᠯᠳᠠᠭ᠃ ᠰᠠᠶ᠋ᠢ ᠤᠷᠭᠤᠵᠤ ᠬᠦᠢᠴᠡᠭᠰᠡᠨ ᠳᠠᠯᠠᠩ ᠤᠨ ᠨᠢᠭᠤᠷ ᠲᠠᠯ᠎ᠠ ᠳᠤᠨᠢ ᠤᠯᠠᠨ ᠵᠢᠵᠢᠭ ᠤᠰᠤᠨ ᠮᠥᠭᠦᠯᠢᠭ ᠲᠣᠭᠲᠠᠵᠤ ᠪᠤᠷᠣᠭᠠᠨ ᠤ ᠲᠣᠰᠣᠯ ᠰᠢᠭ᠋ ᠬᠠᠶᠠ ᠭᠠᠵᠠᠷ ᠤᠨᠠᠳᠠᠭ᠃ ᠡᠨᠡ ᠮᠡᠲᠣ ᠪᠠᠷ 7 — 10 ᠡᠳᠤᠷ ᠪᠣᠯᠤᠭᠰᠠᠨ ᠤ ᠬᠤᠶᠢᠨ᠎ᠠ ᠱᠦᠭᠦᠷᠡᠵᠤ ᠭᠠᠷᠬᠤ ᠤᠰᠤ ᠨᠢ ᠪᠠᠭᠠᠰᠤᠭᠰᠠᠭᠠᠷ ᠪᠠᠶᠢᠭᠠᠳ  ᠡᠴᠤᠰ ᠲᠡᠭᠡᠨ ᠤᠰᠤ ᠨᠢ ᠬᠠᠲᠠᠵᠤ ᠬᠦᠷᠠᠩ ᠦᠩᠭᠡ ᠲᠠᠢ ᠬᠠᠲᠠᠭᠤ ᠪᠠᠶᠠᠲᠤ ᠪᠣᠯᠳᠠᠭ᠃ ᠣᠨ ᠤᠳᠠᠭᠰᠠᠨ ᠲᠤᠣᠷᠠᠢ ᠶᠢᠨ ᠲᠠᠯᠠᠩ ᠬᠤᠪᠬᠤᠷᠠᠨ ᠤᠨᠠᠳᠠᠭ᠃ ᠲᠤᠣᠷᠠᠢ ᠶᠢᠨ ᠲᠠᠯᠠᠩ ᠠᠴᠠ ᠱᠦᠬᠦᠷᠡᠭᠰᠠᠨ ᠤᠰᠤ ᠨᠢ ᠱᠤᠷᠪᠤᠭ ᠭᠠᠰᠢᠭᠤᠨ ᠠᠮᠲᠠ ᠦᠭᠡᠢ᠃ ᠲᠤᠣᠷᠠᠢ ᠶᠢᠨ ᠲᠠᠯᠠᠩ 24 ᠴᠠᠭ ᠲᠤ ᠪᠠᠷᠤᠭ 1 cm ᠦᠰᠳᠡᠭ ᠢ ᠬᠡᠳᠤ ᠤᠳᠠᠭᠠᠨ ᠤ ᠰᠢᠨᠵᠢᠯᠡᠭᠡ ᠠᠴᠠ ᠮᠡᠳᠡᠪᠡ᠃2. ᠲᠣᠣᠷᠠᠢ ᠶᠢᠨ  ᠨᠠᠪᠴᠢᠨ ᠲᠡᠵᠢᠭᠡᠯ        ᠲᠣᠣᠷᠠᠢ ᠣᠢ ᠪᠣᠯ ᠬᠦᠷᠤᠰᠤᠨ ᠴᠢᠭᠢᠭ ᠢ ᠬᠠᠮᠠᠭᠠᠯᠠᠵᠤ ᠬᠦᠷᠤᠰᠥ ᠰᠢᠷᠣᠢ ᠶᠢ ᠲᠣᠭᠲᠠᠪᠤᠷᠢᠵᠢᠭᠤᠯᠵᠤ᠂ ᠰᠠᠯᠬᠢᠨ ᠤ ᠬᠦᠴᠤ ᠶᠢ ᠬᠤᠷᠢᠭᠯᠠᠬᠤ᠂ ᠡᠯᠡᠰᠤᠨ ᠴᠥᠯ ᠣᠷᠣᠨ ᠤ ᠠᠮᠢ ᠠᠬᠤᠢ ᠶᠢᠨ ᠲᠡᠩᠴᠡᠭᠦᠷᠢ ᠶᠢ ᠲᠣᠭᠲᠠᠭᠤᠨ ᠪᠣᠯᠭᠠᠵᠤ᠂ ᠨᠤᠭᠤᠭᠠᠨ ᠪᠦᠷᠢᠳᠤ ᠶᠢᠨ ᠣᠷᠣᠨ ᠤ ᠠᠭᠤᠷ ᠠᠮᠢᠰᠬᠤᠯ ᠢ ᠵᠣᠬᠢᠴᠠᠭᠤᠯᠵᠤ᠂ ᠬᠦᠷᠤᠰᠤ ᠰᠢᠷᠣᠢ ᠶᠢ ᠨᠡᠩ ᠦᠩ ᠰᠢᠮᠡᠯᠢᠭ ᠪᠣᠯᠭᠠᠵᠤ᠂ ᠬᠦᠷᠤᠰᠤ ᠰᠢᠷᠣᠢ ᠬᠤᠵᠢᠷᠰᠢᠬᠤ ᠶᠢ ᠪᠠᠭᠠᠰᠬᠠᠵᠤ᠂ ᠮᠠᠯ ᠲᠠᠷᠢᠶᠠᠯᠠᠩ ᠤᠨ ᠦᠢᠯᠡᠳᠪᠤᠷᠢᠯᠡᠯ ᠢ ᠬᠥᠭᠵᠢᠭᠦᠯᠬᠦ ᠳᠤ ᠪᠠᠶᠢᠭᠠᠯᠢᠯᠢᠭ ᠰᠠᠶᠢᠬᠠᠨ ᠬᠠᠯᠠᠪᠴᠢ ᠪᠣᠯᠬᠤ ᠳᠤ ᠴᠢᠬᠤᠯᠠ ᠦᠢᠯᠡᠳᠤᠯ ᠦᠵᠡᠭᠦᠯᠵᠤ ᠪᠠᠶᠢᠭ᠎ᠠ ᠶᠤᠮ᠃ ᠲᠤᠣᠷᠠᠢ ᠣᠢ ᠵᠣᠨ ᠳᠠᠭᠠᠨ ᠰᠠᠷᠢᠭᠦᠨ᠂ ᠡᠪᠦᠯ ᠳᠡᠭᠡᠨ ᠲᠤᠯᠠᠭᠠᠨ᠂ ᠵᠣᠨ ᠤ ᠴᠠᠭ ᠲᠤ ᠡᠪᠡᠰᠦ ᠢᠳᠡᠭᠡᠳ ᠴᠡᠳᠤᠭᠰᠠᠨ ᠮᠠᠯ ᠤᠳ ᠲᠤᠣᠷᠠᠢ ᠶᠢᠨ ᠰᠡᠭᠦᠳᠡᠷ ᠲᠤ ᠰᠡᠷᠢᠭᠦᠴᠡᠨ ᠬᠡᠪᠳᠡᠵᠦ᠂ ᠠᠭᠠᠬᠢᠮ᠎ᠡ ᠬᠠᠯᠠᠭᠤᠨ ᠦᠳᠡ ᠵᠢᠨ‌ᠨᠠᠷᠠ ᠶᠢ ᠦᠩᠭᠡᠷᠡᠭᠡᠳᠡᠭ᠃ ᠮᠠᠯ ᠲᠣᠣᠷᠠᠢ ᠣᠢ ᠲᠣᠲᠣᠭᠤᠷ ᠰᠡᠭᠦᠳᠡᠷ ᠲᠠᠭᠠᠨ ᠳᠡᠪᠡᠲᠡᠢ ᠲᠣᠭᠲᠠᠭᠤᠨ ᠢᠳᠡᠰᠢᠯᠡᠵᠦ᠂ ᠲᠠᠷᠭᠤ ᠬᠦᠴᠤ ᠠᠪᠬᠤ ᠳᠤᠨᠢ ᠲᠤᠰᠡᠲᠠᠢ ᠪᠠᠶᠢᠳᠠᠭ᠃ ᠡᠪᠦᠯ ᠪᠣᠯᠣᠭᠰᠠᠭᠠᠷ ᠮᠠᠯ ᠰᠦᠷᠦᠭ ᠨᠦᠮᠤᠷᠢ ᠭᠠᠵᠠᠷ ᠢ ᠲᠠᠭᠠᠨ᠂ ᠲᠣᠣᠷᠠᠢ ᠣᠢ ᠳᠣᠲᠣᠷ᠎ᠠ ᠨᠠᠪᠴᠢ ᠪᠠᠷ ᠬᠤᠭᠤᠯᠠᠯᠠᠵᠤ᠂ ᠳᠠᠷᠭᠤ ᠬᠦᠴᠤ ᠪᠠᠨ ᠬᠠᠮᠠᠭᠠᠯᠠᠵᠤ ᠴᠢᠳᠠᠳᠠᠭ᠃ ᠲᠤᠣᠷᠠᠢ ᠶᠢᠨ ᠨᠡᠪᠴᠢ ᠪᠣᠯ ᠡᠵᠡᠨ᠎ᠠ ᠭᠤᠣᠯ ᠤᠨ ᠤᠷᠣᠰᠬᠠᠯ ᠲᠠᠭᠠᠤ ᠰᠠᠪᠠ ᠣᠷᠣᠨ ᠤ ᠨᠠᠮᠤᠷ᠂ ᠡᠪᠤᠯ᠂ ᠬᠠᠪᠤᠷ ᠭᠤᠷᠪᠠᠨ ᠤᠯᠠᠷᠢᠯ ᠤᠨ ᠪᠤᠳᠠ  ᠪᠤᠭ ᠮᠠᠯ ᠤᠨ ᠰᠢᠮ᠎ᠡ ᠰᠠᠶᠢᠲᠠᠢ ᠡᠪᠡᠰᠦᠨ ᠲᠡᠵᠢᠭᠡᠯ ᠪᠣᠯᠬᠤ ᠶᠤᠮ᠃ ᠨᠠᠮᠤᠷ ᠤᠨ ᠨᠣᠶᠢᠲᠠᠨ ᠨᠡᠪᠴᠢ ᠰᠢᠮ᠎ᠡ ᠲᠡᠵᠢᠭᠡᠯ ᠰᠠᠶᠢᠲᠠᠢ᠂ ᠮᠠᠯ ᠤᠨ ᠳᠠᠷᠭᠤ ᠬᠦᠴᠤ ᠶᠢ ᠵᠤᠵᠠᠭᠠᠳᠬᠠᠬᠤ ᠳᠤ ᠴᠢᠬᠤᠯᠠ ᠣᠢᠯᠡᠳᠤᠯ ᠦᠵᠡᠭᠦᠯᠳᠡᠭ᠃ ᠨᠤᠲᠤᠭ ᠤᠨ ᠮᠠᠯᠴᠢᠳ᠄ ︽ᠨᠠᠮᠤᠷ ᠤᠨ ᠨᠠᠪᠴᠢ ᠪᠠᠷ ᠮᠠᠯ ᠲᠠᠷᠭᠤᠯᠠᠵᠤ᠂ ᠡᠪᠦᠯ ᠤᠨ ᠬᠦᠢᠲᠡᠨ ᠢ ᠠᠵᠢᠭ ᠦᠭᠡᠢ ᠲᠣᠭᠤᠯᠳᠠᠭ︾ ᠭᠡᠵᠦ ᠬᠡᠯᠡᠳᠡᠭ ᠪᠢᠯᠡ᠃ ᠮᠠᠯᠴᠢᠨ ᠬᠦᠮᠥᠨ ᠤ ᠡᠨᠡ ᠦᠭᠡ ᠨᠢ ᠲᠣᠣᠷᠠᠢ ᠶᠢᠨ ᠨᠠᠪᠴᠢ ᠶᠢᠨ ᠴᠢᠬᠤᠯᠠ ᠣᠢᠯᠠᠳᠤᠯ ᠢ ᠲᠥᠬᠦᠮ ᠢᠶᠠᠷ       ᠬᠤᠷᠢᠶᠠᠩᠭᠤᠶᠢᠯᠠᠵᠠᠢ᠃ ᠭᠤᠣᠯ ᠳᠠᠭᠠᠤ ᠲᠣᠣᠷᠠᠢ ᠣᠢ ᠢᠭᠴᠤ ᠰᠠᠬᠤᠯᠢᠭ ᠤᠴᠢᠷ ᠨᠠᠮᠤᠷ᠂ ᠡᠪᠤᠯ᠂ ᠬᠠᠪᠤᠷ ᠤᠨ ᠴᠠᠭ ᠲᠤ ᠨᠠᠪᠴᠢ ᠪᠠᠷ ᠲᠤᠲᠠᠳᠠᠭ ᠦᠭᠡᠢ᠃ ᠰᠠᠯᠬᠢᠨ ᠤ ᠬᠦᠴᠤ ᠪᠠᠷ ᠤᠨᠠᠭᠠᠳ ᠬᠠᠲᠠᠭᠰᠠᠨ ᠲᠤᠣᠷᠠᠢ ᠶᠢᠨ ᠨᠡᠪᠴᠢ ᠭᠠᠵᠠᠷ ᠰᠠᠢ ᠦᠭᠡᠢ ᠪᠥᠭᠡᠮᠨᠡᠷᠠᠵᠤ᠂ ᠵᠠᠷᠢᠮ ᠬᠤᠩᠬᠤᠷ ᠭᠠᠵᠠᠷ ᠲᠤᠨᠢ ᠲᠣᠬᠤᠢ ᠰᠢᠬᠠᠮ ᠵᠤᠵᠠᠭᠠᠨ ᠬᠤᠷᠠᠳᠠᠭ᠃ ᠡᠪᠦᠯ ᠤᠨ ᠤᠯᠠᠷᠢᠯ ᠳᠤ ᠭᠤᠣᠯ ᠲᠠᠭᠠᠤ ᠣᠷᠣᠨ ᠤ  ᠪᠤᠭ ᠮᠠᠯ ᠠᠯᠤᠰ ᠬᠤᠯᠠ ᠶᠢᠨ ᠪᠡᠯᠴᠢᠭᠡᠷ ᠲᠤ ᠭᠠᠷᠬᠤ ᠴᠢᠬᠤᠯᠠ ᠦᠭᠡᠢ᠂ ᠬᠠᠰᠢᠶ᠎ᠡ ᠬᠤᠷᠤᠭ᠎ᠠ ᠠᠴᠠ ᠪᠠᠨ ᠴᠠᠭᠠᠰᠢ ᠪᠡᠯᠴᠢᠭᠡᠷ ᠬᠦᠷᠲᠡᠯ᠎ᠠ ᠤᠨᠠᠭᠰᠠᠨ ᠨᠡᠪᠴᠢ ᠦᠷᠭᠦᠯᠵᠢᠯᠡᠵᠤ᠂ ᠮᠠᠯ ᠰᠦᠷᠦᠭ ᠨᠥᠮᠣᠷᠢ ᠪᠠᠨ ᠲᠠᠭᠠᠨ ᠣᠶᠢᠷ᠎ᠠ ᠬᠠᠪᠢ ᠶᠢᠨ ᠪᠡᠯᠴᠢᠭᠡᠷ ᠲᠤ ᠲᠣᠣᠷᠠᠢ ᠶᠢᠨ ᠨᠡᠪᠴᠢ ᠪᠠᠷ ᠢᠳᠡᠰᠢᠯᠡᠵᠤ᠂ ᠡᠪᠦᠯ ᠴᠠᠭ ᠤᠨ ᠬᠠᠬᠢᠷ ᠬᠦᠢᠲᠡᠨ ᠢ ᠠᠵᠢᠭ ᠦᠭᠡᠢ ᠲᠤᠭᠤᠯᠵᠤ ᠭᠠᠷᠳᠠᠭ᠃ ︽ᠬᠠᠪᠤᠷ ᠤᠨ ᠰᠠᠯᠬᠢ ᠬᠠᠪᠢᠷᠭ᠎ᠠ ᠨᠡᠪᠲᠡ︾ ᠭᠡᠵᠦ ᠨᠤᠲᠤᠭ ᠤᠨ ᠬᠥᠮᠤᠰ ᠬᠡᠯᠡᠯᠴᠡᠳᠡᠭ᠃ ᠡᠵᠡᠨ᠎ᠠ ᠨᠤᠲᠤᠭ ᠭᠠᠩ ᠬᠠᠭᠤᠷᠠᠢ ᠪᠠᠶᠢᠳᠠᠭ ᠤᠴᠢᠷ ᠬᠠᠪᠤᠷ ‍ᠤᠨ‌ᠤᠯᠠᠷᠢᠯ ᠨᠢ ᠲᠣᠶᠢᠯ ᠤᠨ ᠬᠠᠲᠠᠭᠤ ᠬᠠᠭᠰᠠᠷᠠᠭᠠᠨ ᠲᠠᠢ ᠴᠠᠭ ᠶᠤᠮ᠃ ᠬᠠᠪᠤᠷ ᠪᠣᠯᠣᠭᠰᠠᠭᠠᠷ ᠮᠠᠯ ᠰᠦᠷᠦᠭ  ᠡᠴᠡᠵᠤ ᠳᠤᠷᠠᠭᠠᠳ᠂ ᠡᠪᠡᠳᠴᠢᠨ ᠲᠠᠬᠤᠯ᠂ ᠦᠭᠦᠯ ᠬᠤᠷᠣᠭᠳᠠᠯ ᠲᠠᠪᠤᠬᠤᠴᠠᠨ᠂ ᠠᠶᠤᠯ ᠵᠣᠪᠠᠯᠠᠩ ᠨᠦᠮᠥᠷᠤᠨ ᠢᠷᠡᠳᠡᠭ᠃ ᠮᠠᠯ ᠰᠦᠷᠦᠭ ᠡᠨᠡ ᠬᠦ ᠬᠠᠲᠠᠭᠤ ᠪᠡᠷᠬᠡ ᠴᠠᠭ ᠢ ᠲᠣᠭᠤᠯᠤᠨ ᠤᠨᠳᠤᠷᠤᠬᠤ ᠳᠤ ᠭᠤᠣᠯᠳᠠᠭᠤ ᠲᠣᠣᠷᠠᠢ ᠶᠢᠨ ᠨᠡᠪᠴᠢ ᠶᠢ ᠲᠦᠰᠢᠳᠡᠭ᠃ ᠪᠤᠰᠤᠳ ᠲᠦᠷᠤᠯ ᠤᠨ ᠡᠪᠡᠰᠤᠨ ᠲᠡᠵᠢᠭᠡᠯ ᠨᠢ ᠲᠡᠳᠡᠯᠡᠬᠦ ᠪᠠᠶᠢᠷᠢ ᠶᠢ ᠡᠵᠡᠯᠠᠨ᠎ᠡ᠃ ᠬᠠᠪᠤᠷ ᠪᠣᠯᠵᠤ ᠲᠣᠣᠷᠠᠢ ᠶᠢᠨ ᠨᠡᠪᠴᠢ ᠪᠠᠭᠠᠰᠴᠤ ᠪᠠᠷᠠᠭᠳᠠᠭᠠᠳ ᠮᠠᠯ ᠲᠦᠯᠯᠡᠬᠦ ᠵᠠᠩᠬᠢᠯᠠᠭ᠎ᠠ ᠶᠢᠨ ᠴᠠᠭ ᠪᠣᠯᠬᠤ ᠦᠶ᠎ᠡ ᠪᠠᠷ ᠡᠬᠡ ᠪᠠᠶᠢᠭᠠᠯᠢ ᠤᠷᠢᠨ ᠲᠤᠯᠠᠭᠠᠨ ᠪᠣᠯᠵᠤ᠂ ᠲᠤᠣᠷᠠᠢ ᠶᠢᠨ ᠬᠦᠷᠠᠩ ᠤᠨᠠᠵᠤ᠂ ᠡᠴᠡᠭᠰᠡᠨ ᠮᠠᠯ ᠲᠦᠷ ᠳᠡᠩᠬᠡᠷᠡᠵᠤ ᠬᠥᠯ ᠳᠤ ᠣᠷᠤᠳᠠᠭ᠃ ᠲᠣᠣᠷᠠᠢ ᠶᠢᠨ ᠬᠦᠷᠡᠩ ᠢᠶᠠᠷ ᠳᠡᠩᠬᠡᠷᠡᠭᠡᠳ ᠤᠳᠠᠭᠠᠲᠤᠢ ᠮᠠᠯ ᠰᠦᠷᠦᠭ ᠰᠢᠨ᠎ᠡ ᠰᠤᠷᠭᠤᠭ ᠨᠣᠭᠤᠭ᠎ᠠ ᠬᠥᠬᠡᠭᠡᠯᠳᠦᠨ ᠳᠡᠮᠡᠢ ᠤᠳᠠᠬᠤ ᠦᠭᠡᠢ ᠨᠣᠭᠤᠭᠠᠨ ᠳᠤ ᠴᠠᠳᠳᠠᠭ᠃ ᠡᠵᠡᠨ᠎ᠠ ᠨᠤᠳᠤᠭ ᠤᠨ ᠡᠬᠡ ᠪᠠᠶᠢᠭᠠᠯᠢ ᠲᠤᠣᠷᠠᠢ ᠶᠢᠨ ᠣᠢ ᠶᠢᠨ ᠢᠪᠡᠭᠡᠯ ᠬᠠᠶᠢᠷ᠎ᠠ ᠪᠠᠨ ᠢᠩᠭᠢᠵᠤ ᠯᠡ ᠰᠠᠶᠢᠬᠠᠨ ᠲᠣᠬᠢᠷᠠᠭᠤᠯᠵᠤ ᠪᠠᠶᠢᠵᠠᠢ᠃                                                                                               — ᠴᠠ᠊ · ᠰᠠᠶᠢᠵᠢᠷᠠᠬᠤ ᠶᠢᠨ ︽ᠡᠵᠡᠨ᠎ᠡ ᠲᠤᠤᠷᠠᠢ ᠶᠢᠨ ᠰᠤᠶᠤᠯ︾ ᠬᠡᠭᠦ ᠨᠣᠮ ᠠᠴᠠ   
 
ᠢᠷᠡᠯᠲᠡ᠄ ᠡᠵᠡᠨ᠎ᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号