1.ᠲᠣᠣᠷᠠᠢ ᠤᠩᠭᠤᠴᠠ | ᠲᠡᠯᠡᠶᠢᠭᠦ᠋ᠪ ᠪᠠᠯᠭᠠᠰᠤᠨ ᠠᠴᠠ ᠵᠡᠭᠦᠨᠰᠢ 10 ᠺᠢᠯᠣᠮᠧᠲᠷ ᠵᠠᠶᠢᠲᠠᠢ ᠭᠠᠵᠠᠷ ᠲᠤ ︽ᠤᠩᠭᠤᠴᠠ ᠶᠢᠨ ᠲᠤᠣᠷᠠᠢ︾ | ᠭᠡᠳᠡᠭ ᠨᠡᠷ᠎ᠡ ᠲᠠᠢ ᠭᠠᠵᠠᠷ ᠪᠣᠢ᠃ ᠦᠩᠭᠡᠷᠡᠭᠰᠡᠨ ᠳᠤ ᠡᠵᠡᠨ᠎ᠠ ᠶᠢᠨ ᠮᠤᠩᠭᠤᠯᠴᠤᠳ ᠪᠤᠳᠠ ᠪᠣᠭ ᠮᠠᠯ ᠤᠰᠤᠯᠠᠬᠤ | ᠤᠩᠭᠤᠴᠠ ᠪᠠᠨ ᠪᠦᠭᠦᠲᠡ ᠲᠣᠣᠷᠠᠢ ᠪᠠᠷ ᠬᠢᠳᠡᠭ ᠪᠠᠶᠢᠭᠰᠠᠨ ᠪᠥᠭᠡᠳ ᠮᠠᠨ ᠤ ᠲᠡᠭᠡᠳᠤᠰ ︽ᠤᠩᠭᠤᠴᠠ ᠶᠢᠨ | ᠲᠤᠣᠷᠠᠢ︾ ᠭᠡᠳᠡᠭ ᠭᠠᠵᠠᠷ ᠲᠤ ᠮᠠᠯ ᠤᠰᠤᠯᠠᠬᠤ ᠤᠩᠭᠤᠴᠠ ᠬᠢᠵᠦ ᠪᠠᠶᠢᠭᠰᠠᠨ ᠲᠡᠤᠬᠡ ᠲᠠᠢ ᠪᠣᠯᠬᠤ ᠶᠢ ᠡᠨᠡ | ᠭᠠᠵᠠᠷ ᠤᠨ ᠨᠡᠷ᠎ᠡ ᠬᠡᠷᠡᠴᠢᠯᠡᠵᠤ ᠪᠠᠶᠢᠭ᠎ᠠ ᠪᠣᠢ᠃ ᠤᠩᠭᠤᠴᠠ ᠬᠢᠬᠦ ᠳᠤ ᠡᠷᠬᠡᠪᠰᠢ ᠶᠠᠰᠤᠲᠠᠢ᠂ ᠶᠠᠷ᠎ᠠ ᠰᠢᠷᠬ᠎ᠠ | ᠦᠭᠡᠢ ᠵᠠᠯᠠᠭᠤ ᠲᠣᠣᠷᠠᠢ ᠪᠠᠶᠢᠬᠤ ᠪᠠᠷ ᠪᠠᠷᠠᠬᠤ ᠦᠭᠡᠢ ᠪᠠᠰᠠ ᠡᠭᠴᠡ ᠪᠦᠳᠦᠭᠦᠨ᠂ ᠤᠷᠲᠤ ᠲᠤᠣᠷᠠᠢ ᠪᠠᠶᠢᠬᠤ | ᠬᠡᠷᠡᠭᠲᠡᠢ᠃ ᠡᠵᠡᠨ᠎ᠠ ᠶᠢᠨ ᠤᠯᠠᠮᠵᠢᠯᠠᠯᠲᠤ ᠲᠤᠣᠷᠠᠢ ᠤᠩᠭᠤᠴᠠ ᠪᠠᠨ ᠬᠤᠶᠠᠷ ᠵᠦᠢᠯ ᠤᠨ ᠠᠷᠭ᠎ᠠ ᠪᠠᠷ ᠬᠢᠳᠡᠭ᠃ | ᠨᠢᠭᠡ ᠵᠦᠢᠯ ᠨᠢ ᠴᠣᠯ ᠲᠤᠣᠷᠠᠢ ᠶᠢᠨ ᠮᠠᠯᠳᠠᠮᠠᠯ ᠤᠩᠭᠤᠴᠠ᠂ ᠡᠨᠡ ᠨᠢ ᠵᠠᠯᠠᠭᠤ ᠠᠮᠢᠲᠤ ᠨᠤᠶᠢᠳᠠᠨ ᠲᠣᠣᠷᠠᠢ | ᠳᠠᠭᠠᠷᠢᠵᠤ᠂ ᠲᠣᠷᠣᠰᠤ ᠶᠢ ᠨᠢ ᠬᠠᠭᠤᠯᠵᠤ ᠠᠪᠤᠭᠠᠳ ᠴᠥᠴᠠ᠂ ᠤᠭᠤᠯᠢ᠂ ᠰᠦᠭᠡ ᠵᠡᠷᠭᠡ ᠪᠠᠭᠠᠵᠢ ᠬᠡᠷᠡᠭᠯᠡᠨ | ᠨᠣᠶᠢᠲᠠᠨ ᠢᠶᠠᠷ ᠨᠢ ᠴᠠᠪᠴᠢᠵᠤ ᠭᠤᠣᠯ ᠢ ᠨᠢ ᠬᠦᠨᠳᠡᠶᠢᠯᠡᠪᠡᠯ ᠠᠮᠠᠷᠬᠠᠨ ᠪᠠᠶᠢᠳᠠᠭ᠃ ᠡᠩ ᠤᠨ ᠪᠠᠶᠢᠳᠠᠯ | ᠲᠣᠣᠷᠠᠣᠷᠳᠣ ᠪᠠᠷ ᠢᠶᠠᠨ 1.5— 2 ᠮᠧᠲᠷ᠂ ᠥᠷᠭᠡᠨ ᠢᠶᠠᠷ ᠢᠶᠠᠨ 0.4 ᠮᠧᠲᠷ᠂ ᠲᠣᠣᠷ᠎ᠠ ᠲᠠᠯ᠎ᠠ ᠨᠢ ᠲᠡᠭᠰᠢ᠂ | ᠳᠡᠭᠡᠲᠤ ᠲᠤᠤᠷᠠᠢ ᠤᠩᠭᠤᠴᠠᠤ ᠬᠤᠶᠠᠷ ᠢᠷᠮᠡᠭ ᠨᠢ ᠤᠩᠭᠤᠴᠠᠨ ᠤ ᠬᠤᠶᠠᠷ ᠲᠠᠯ᠎ᠠ ᠶᠢᠨ ᠲᠠᠷᠠ ᠲᠠᠢ ᠪᠠᠨ | ᠰᠠᠴᠠᠭᠤ ᠲᠡᠭᠰᠢ ᠪᠠᠶᠢᠬᠤ ᠬᠡᠷᠡᠭᠲᠡᠢ᠃ ᠤᠩᠭᠤᠴᠠ ᠶᠢᠨ ᠪᠡᠶ᠎ᠡ ᠶᠢᠨ ᠲᠤᠳᠤᠷ᠎ᠠ ᠶᠢ ᠢᠯᠡᠭᠦᠬᠡᠨ ᠬᠦᠨᠳᠡᠶᠢᠯᠡᠪᠡᠯ | ᠣᠰᠤᠨ ᠤ ᠪᠠᠭᠳᠠᠭᠠᠮᠵᠢ ᠨᠢ ᠶᠡᠭᠡ ᠪᠤᠯᠳᠠᠭ᠃ ᠤᠩᠭᠤᠴᠠ ᠤ ᠲᠡᠭᠡᠳᠤ ᠲᠡᠭᠡᠳᠤ ᠶᠢᠨ ᠬᠤᠶᠠᠷ ᠦᠵᠦᠭᠦᠷ ᠢ | 0.3—0.4 ᠮᠧᠲᠷ ᠤᠷᠳᠤ ᠦᠯᠡᠳᠡᠭᠡᠵᠤ᠂ ᠲᠡᠭᠰᠢ ᠴᠠᠪᠴᠢᠨ ᠣᠩᠭᠤᠴᠠᠨ ᠲᠡᠷᠠ ᠪᠤᠯᠭᠠᠨ᠎ᠠ᠃ ᠲᠣᠣᠷᠠᠢ | ᠤᠩᠭᠤᠴᠠ ᠪᠣᠯ ᠰᠠᠭᠤᠷᠢ ᠰᠠᠶᠢᠲᠠᠢ᠂ ᠬᠥᠳᠡᠷ ᠪᠥᠭᠡ᠂ ᠤᠰᠤᠨ ᠳᠤ ᠬᠢᠯᠪᠠᠷᠬᠠᠨ ᠢᠯᠵᠢᠷᠡᠬᠦ ᠦᠭᠡᠢ᠂ ᠪᠠᠷᠤᠭ | 40— 50 ᠵᠢᠯ ᠬᠡᠷᠡᠭᠯᠡᠳᠡᠭ᠃ ᠠᠳᠤᠭᠤ ᠮᠠᠯ ᠤᠩᠭᠤᠴᠠᠨ ᠢᠷᠮᠡᠭ ᠢ ᠬᠢᠰᠬᠢᠭᠰᠡᠨ ᠴᠦ ᠭᠢᠯᠪᠡᠷᠬᠠᠨ ᠬᠥᠯᠪᠡᠷᠢᠭᠦ | ᠦᠭᠡᠢ᠃ ᠦᠩᠭᠡᠷᠡᠭᠰᠡᠨ ᠳᠤ ᠮᠠᠯᠴᠢᠳ ᠨᠡᠭᠦᠳᠡᠯ ᠬᠢᠬᠦ ᠳᠡᠭᠡᠨ ᠬᠦᠩᠭᠡᠨ ᠪᠠᠭ᠎ᠠ ᠤᠩᠭᠤᠴᠠ ᠪᠠᠨ ᠠᠴᠢᠭᠠᠳ | ᠨᠡᠭᠦᠳᠡᠭ ᠪᠠᠶᠢᠭᠰᠠᠨ᠃ ᠨᠥᠬᠦᠭᠡ ᠨᠢᠭᠡ ᠨᠢ ᠬᠦᠨᠳᠡᠢ ᠲᠣᠣᠷᠠᠢ ᠪᠠᠷ ᠬᠢᠭᠰᠡᠨ ᠲᠡᠵᠢᠭᠡᠯ ᠤᠨ ᠤᠩᠭᠤᠴᠠ ᠪᠣᠯᠣᠨ᠎ᠠ᠃ | ᠡᠨᠡ ᠨᠢ ᠤᠷᠲᠤ ᠡᠭᠴᠡ ᠪᠦᠳᠦᠭᠦᠨ ᠬᠦᠨᠲᠠᠢ ᠲᠤᠣᠷᠠᠢ ᠶᠢ ᠳᠠᠭᠠᠷᠢᠭᠠᠳ ᠪᠤᠰᠬᠠᠨ ᠲᠠᠯᠪᠢᠵᠤ᠂ ᠭᠤᠣᠯ ᠢᠶᠠᠷ ᠨᠢ | ᠬᠠᠭᠠᠰᠯᠠᠨ ᠵᠦᠰᠣᠵᠤ ᠬᠤᠶᠠᠷ ᠤᠩᠭᠤᠴᠠ ᠪᠣᠯᠭᠠᠨ ᠬᠤᠪᠢᠶᠠᠵᠤ᠂ ᠬᠤᠶᠠᠷ ᠲᠠᠯ᠎ᠠ ᠳᠤᠨᠢ ᠬᠦᠨᠳᠠᠯᠠᠨ ᠮᠣᠳᠣ | ᠬᠠᠲᠠᠵᠤ᠂ ᠳᠣᠲᠤᠷ᠎ᠠ ᠲᠠᠯ᠎ᠠ ᠶᠢ ᠨᠢ ᠴᠠᠪᠴᠢᠨ ᠬᠤᠰᠤᠵᠤ ᠴᠡᠪᠡᠷᠯᠡᠭᠡᠳ᠂ ᠮᠠᠯ ᠲᠡᠵᠢᠭᠡᠬᠦ ᠤᠩᠭᠤᠴᠠ ᠬᠢᠳᠡᠭ᠃ | ᠡᠶᠢᠮᠤ ᠤᠩᠭᠤᠴᠠ ᠬᠦᠩᠭᠡᠨ᠂ ᠠᠪᠰᠠᠷᠬᠠᠨ ᠪᠤᠳᠠ ᠪᠤᠭ ᠮᠠᠯ ᠢ ᠲᠡᠵᠢᠭᠡᠵᠦ ᠪᠣᠯᠳᠠᠭ᠃ ᠡᠶᠢᠮᠣ ᠤᠩᠭᠤᠴᠠᠨ ᠳᠤ | ᠬᠡᠷᠴᠢᠭᠰᠡᠨ ᠡᠪᠡᠰᠤ᠂ ᠲᠡᠵᠢᠭᠡᠯ ᠪᠤᠷᠲᠤᠭ᠎ᠠ ᠬᠢᠭᠡᠳ ᠮᠠᠯ ᠲᠡᠵᠢᠭᠡᠬᠦ ᠳᠤ ᠠᠮᠠᠷᠬᠠᠨ ᠮᠥᠷᠲᠡᠭᠡᠨ ᠠᠰᠬᠠᠵᠤ ᠴᠢᠳᠬᠤᠬᠤ | ᠦᠭᠡᠢ ᠪᠠᠶᠢᠳᠠᠭ᠃ | 2.ᠲᠤᠣᠷᠠᠢ ᠲᠦᠯᠡᠰᠢ᠂ ᠲᠤᠣᠷᠠᠢ ᠬᠠᠰᠢᠶ᠎ᠡ | ᠲᠤᠣᠷᠠᠢ ᠶᠢᠨ ᠬᠠᠲᠠᠵᠤ ᠦᠬᠢᠷᠡᠭᠡᠳ ᠤᠨᠠᠭᠰᠠᠨ ᠰᠠᠯᠠᠭ᠎ᠠ ᠮᠥᠴᠢᠷ ᠤᠨ ᠬᠡᠷᠡᠭᠴᠡᠭᠡ ᠲᠤᠩ ᠦᠷᠭᠡᠨ᠃ | ᠬᠠᠳᠠᠭᠰᠠᠨ ᠵᠢᠵᠢᠭ ᠰᠠᠯᠠᠭ᠎ᠠ ᠮᠦᠴᠢᠷ ᠨᠢ ᠦᠩᠭᠡᠷᠡᠭᠰᠡᠨ ᠳᠤ ᠮᠤᠩᠭᠤᠯᠴᠤᠳ ᠤᠨ ᠭᠠᠯ ᠲᠦᠯᠡᠰᠢ ᠪᠣᠯᠵᠤ ᠪᠠᠶᠢᠪᠠ᠃ | ᠲᠤᠣᠷᠠᠢ ᠮᠣᠳᠣ ᠪᠠᠷ ᠲᠦᠯᠡᠰᠢ ᠬᠢᠪᠡᠯ ᠢᠯᠴᠢ ᠶᠡᠭᠡ᠂ ᠦᠨᠡᠰᠤ ᠪᠠᠭ᠎ᠠ᠂ ᠬᠤᠭᠤᠷᠠᠬᠤ ᠳᠤ ᠭᠢᠯᠪᠡᠷ᠂ ᠲᠡᠭᠦᠬᠦ ᠳᠤ | ᠲᠥᠬᠦᠮ᠃ ᠬᠠᠮᠢᠭ᠎ᠠ ᠴᠦ ᠭᠡᠰᠡᠨ ᠦᠭᠡᠢ ᠭᠠᠵᠠᠷ ᠪᠣᠯᠭᠠᠨ ᠳᠤ ᠡᠯᠪᠡᠭ ᠪᠠᠶᠢᠳᠠᠭ ᠰᠠᠶᠢᠨ ᠨᠥᠬᠦᠴᠡᠯ ᠲᠠᠢ ᠤᠴᠢᠷ | ᠬᠦᠮᠤᠰ ᠲᠦᠯᠡᠰᠢ ᠪᠠᠨ ᠬᠢᠬᠦ ᠲᠤᠷᠠᠲᠠᠢ ᠪᠠᠶᠢᠳᠠᠭ᠃ ᠲᠤᠣᠷᠠᠢ ᠶᠢᠨ ᠬᠠᠲᠠᠭᠰᠠᠨ᠂ ᠦᠬᠢᠷᠠᠵᠤ ᠤᠨᠠᠭᠰᠠᠨ ᠪᠦᠳᠦᠭᠦᠨ | ᠰᠠᠯᠠᠭ᠎ᠠ ᠨᠢ ᠮᠠᠯ ᠤᠨ ᠬᠠᠰᠢᠶ᠎ᠠ ᠰᠠᠷᠠᠪᠴᠢ᠂ ᠲᠦᠯ ᠤᠨ ᠲᠤᠯᠠᠭᠠᠨ ᠫᠧᠩ ᠪᠠᠷᠢᠬᠤ᠂ ᠬᠤᠳᠳᠤᠭ ᠤᠨ ᠱᠠᠳᠣ ᠬᠢᠬᠦ᠂ | ᠣᠨᠤᠭ᠎ᠠ ᠮᠠᠯ ᠤᠶᠠᠬᠤ ᠱᠤᠩ᠂ ᠲᠣᠭᠤᠯ ᠤᠨ ᠵᠠᠯ᠎ᠠ ᠲᠠᠲᠠᠬᠤ᠂ ᠭᠠᠳᠠᠰᠤ ᠮᠣᠳᠣ ᠪᠣᠯᠠᠬᠤ ᠳᠤ ᠴᠢᠬᠤᠯᠠ ᠪᠣᠯᠬᠤ | ᠮᠣᠳᠣᠨ ᠮᠠᠲ᠋ᠧᠷᠢᠶᠠᠯ ᠮᠥᠨ᠃ ᠮᠠᠯ ᠤᠨ ᠬᠠᠰᠢᠶ᠎ᠠ ᠶᠢ ᠤᠯᠠᠩᠬᠢ ᠳᠠᠭᠠᠨ ᠲᠤᠣᠷᠠᠢ ᠮᠣᠳᠣ ᠪᠠᠷ ᠪᠠᠷᠢᠵᠤ ᠪᠠᠶᠢᠭ᠎ᠠ | ᠶᠠᠪᠤᠳᠠᠯ ᠪᠣᠯ ᠲᠤᠣᠷᠠᠢ ᠮᠣᠳᠣ ᠡᠯᠪᠡᠭ᠂ ᠲᠡᠭᠦᠵᠤ ᠴᠤᠭᠯᠠᠭᠤᠯᠬᠤ ᠳᠤ ᠬᠢᠯᠪᠠᠷ᠂ ᠬᠠᠰᠢᠶᠠᠨ ᠳᠤ ᠨᠥᠮᠣᠷᠢ ᠲᠠᠢ᠂ | ᠰᠠᠯᠬᠢ ᠪᠤᠷᠣᠭᠠᠨ ᠳᠤ ᠲᠠᠰᠪᠦᠷᠢ ᠲᠠᠢ ᠵᠡᠷᠭᠡ ᠰᠠᠶᠢᠨ ᠲᠠᠯ᠎ᠠ ᠲᠠᠢ ᠪᠠᠶᠢᠭᠰᠠᠨ ᠠᠴᠠ ᠡᠵᠡᠨ᠎ᠠ ᠶᠢᠨ ᠮᠤᠩᠭᠤᠯᠴᠤᠳ ︽ | ᠲᠤᠤᠷᠠᠢ ᠬᠠᠰᠢᠶ᠎ᠠ ᠵᠠᠭᠤᠨ ᠵᠢᠯ ᠲᠡᠰᠳᠡᠭ︾ ᠭᠡᠳᠡᠭ ᠶᠤᠮ᠃ | 3.ᠲᠤᠣᠷᠠᠢ ᠶᠢᠨ ᠮᠥᠬᠦ | ᠲᠤᠣᠷᠠᠢ ᠮᠣᠳᠣᠨ ᠠᠴᠠ ᠲᠣᠣᠷᠠᠢ ᠶᠢᠨ ᠬᠤᠵᠢᠷ᠂ ᠲᠣᠣᠷᠠᠢ ᠶᠢᠨ ᠪᠠᠭ᠋ᠤᠤ᠂ ᠲᠤᠣᠷᠠᠢ ᠶᠢᠨ ᠲᠠᠯᠠᠩ | ᠭᠠᠷᠬᠤ ᠠᠴᠠ ᠭᠠᠳᠠᠨ᠎ᠠ ᠪᠠᠰᠠ ᠲᠤᠣᠷᠠᠢ ᠶᠢᠨ ᠮᠥᠬᠦ ᠤᠷᠭᠤᠳᠠᠭ ᠪᠢᠯᠡ᠃ ᠲᠤᠣᠷᠠᠢ ᠶᠢᠨ ᠮᠥᠬᠦ ᠪᠣᠯ ᠭᠤᠣᠯ ᠤᠨ | ᠤᠷᠤᠰᠬᠠᠯ ᠳᠠᠭᠠᠤ ᠣᠷᠣᠨ ᠤ ᠲᠣᠣᠷᠠᠢ ᠣᠢ ᠲᠣᠲᠣᠷ᠎ᠠ ᠤᠷᠭᠤᠳᠠᠭ ᠮᠥᠬᠦ ᠶᠢᠨ ᠨᠢᠭᠡ ᠲᠦᠷᠤᠯ ᠵᠦᠢᠯ ᠮᠥᠨ᠃ | ᠦᠩ ᠲᠠᠢ ᠵᠢᠯ ᠤᠨ ᠵᠣᠨ ᠨᠠᠮᠤᠷ ᠤᠨ ᠴᠠᠭ ᠢᠶᠠᠷ ᠲᠤᠤᠷᠠᠢ ᠶᠢᠨ ᠤᠩᠬᠢ᠂ ᠲᠤᠣᠷᠠᠢ ᠮᠣᠳᠣᠨ ᠤ ᠬᠠᠵᠠᠭᠤ ᠠᠴᠠ | ᠲᠤᠣᠷᠠᠢ ᠶᠢᠨ ᠮᠥᠬᠦ ᠤᠷᠭᠤᠳᠠᠭ᠃ ᠲᠤᠣᠷᠠᠢ ᠮᠣᠳᠣ ᠪᠠᠷ ᠱᠠᠲᠤᠯᠠᠭᠰᠠᠨ ᠬᠤᠳᠳᠤᠭ ᠤᠨ ᠱᠠᠳᠤᠨ ᠠᠴᠠ ᠪᠠᠰᠠ | ᠲᠣᠣᠷᠠᠢ ᠮᠥᠬᠦ ᠤᠷᠭᠤᠳᠠᠭ ᠪᠢᠯᠡ᠃ ᠲᠤᠣᠷᠠᠢ ᠮᠥᠬᠦ ᠨᠢ ᠭᠠᠵᠠᠷ ᠤᠨ ᠮᠥᠬᠦ ᠶᠢ ᠪᠤᠳᠣᠪᠠᠯ ᠨᠠᠷᠢᠨ ᠮᠥᠷᠲᠡᠭᠡᠨ | ᠵᠢᠵᠢᠭ ᠤᠷᠭᠤᠳᠠᠭ᠃ ᠳᠤᠣᠷᠠᠢ ᠶᠢᠨ ᠮᠥᠬᠦ ᠭᠠᠭᠴᠠ ᠭᠠᠭᠴᠠ ᠪᠠᠷ ᠢᠶᠠᠨ ᠤᠷᠭᠤᠬᠤ ᠠᠴᠠ ᠭᠠᠳᠠᠨ᠎ᠠ ᠤᠯᠠᠨ ᠮᠥᠬᠦ | ᠨᠢᠭᠡ ᠲᠣᠣᠷ᠎ᠠ ᠪᠠᠭᠰᠢᠷᠠᠨ ᠤᠷᠭᠤᠳᠠᠭ ᠴᠤ ᠪᠠᠶᠢᠳᠠᠭ᠃ ᠲᠤᠣᠷᠠᠢ ᠶᠢᠨ ᠮᠥᠬᠦ ᠪᠣᠯ ᠠᠮᠲᠠᠯᠢᠭ᠂ ᠵᠦᠭᠡᠯᠡᠨ᠂ | ᠦᠴᠦᠭᠡᠨ ᠲᠠᠪᠤᠰᠤᠯᠢᠭ᠂ ᠲᠣᠰᠣᠷᠬᠠᠭ᠂ ᠰᠡᠷᠢᠭᠦᠨ ᠵᠡᠷᠭᠡ ᠣᠨᠴᠠᠯᠢᠭ ᠰᠢᠨᠵᠢ ᠲᠠᠢ᠃ ᠲᠤᠣᠷᠠᠢ ᠶᠢᠨ ᠮᠥᠬᠦ ᠪᠠᠷ | ᠬᠠᠭᠤᠷᠤᠯᠭ᠎ᠠ ᠬᠢᠬᠦ᠂ ᠱᠦᠯᠤ ᠬᠢᠬᠦ ᠳᠤ ᠲᠣᠬᠢᠷᠠᠮᠵᠢᠲᠠᠢ᠃ ᠲᠤᠣᠷᠠᠢ ᠶᠢᠨ ᠮᠥᠬᠦ ᠪᠣᠯ ᠬᠡᠢ ᠶᠢ ᠳᠠᠷᠤᠨ ᠰᠢᠷ᠎ᠠ ᠶᠢ | ᠠᠷᠢᠯᠭᠠᠵᠤ᠂ ᠮᠢᠬᠠᠨ ᠤ ᠬᠤᠣᠷ᠎ᠠ ᠶᠢ ᠲᠠᠶᠢᠯᠬᠤ᠂ ᠰᠢᠷᠬ᠎ᠠ ᠶᠢ ᠡᠳᠡᠭᠡᠬᠦ ᠦᠢᠯᠡᠳᠤᠯ ᠲᠠᠢ ᠲᠤᠯᠠ ᠰᠢᠮ᠎ᠡ ᠲᠡᠵᠢᠭᠡᠯ | ᠲᠠᠢ ᠢᠳᠡᠭᠡᠨ ᠪᠣᠯᠬᠤ ᠶᠤᠮ᠃ ᠲᠤᠣᠷᠠᠢ ᠶᠢᠨ ᠮᠥᠬᠦ ᠨᠢ ᠴᠢᠨᠠᠷ ᠪᠠ ᠴᠢᠳᠠᠯ ᠤᠨ ᠲᠠᠯ᠎ᠠ ᠪᠠᠷ ᠬᠡᠲᠤᠶᠢᠪᠡᠷ ᠭᠠᠵᠠᠷ ᠤᠨ | ᠮᠥᠬᠦ ᠶᠢ ᠬᠦᠷᠬᠦ ᠦᠭᠡᠢ ᠪᠣᠯᠪᠠᠴᠤ ᠣᠳᠣ ᠨᠡᠶᠢᠭᠡᠮ ᠲᠠᠶᠠᠭᠠᠷ ︽ᠪᠤᠬᠢᠷᠳᠤᠭᠰᠠᠨ ᠢᠳᠡᠭᠡᠨ︾ ᠭᠠᠵᠠᠷ ᠰᠠᠢ ᠦᠭᠡᠢ | ᠭᠠᠷᠤᠭᠠᠳ ᠬᠦᠮᠤᠨ ᠲᠦᠷᠤᠯᠬᠢᠲᠡᠨ ᠤ ᠡᠷᠡᠭᠦᠯ ᠮᠠᠨᠳᠦ ᠶᠢ ᠬᠦᠨᠳᠦ ᠨᠤᠴᠢᠲᠠᠢ ᠰᠦᠷᠳᠡᠭᠦᠯᠵᠦ ᠪᠠᠶᠢᠭ᠎ᠠ ᠡᠨᠡ | ᠡᠷᠡᠨ ᠳᠤ ᠲᠣᠣᠷᠠᠢ ᠶᠢᠨ ᠮᠥᠬᠦ ᠶᠢ ᠲᠡᠳᠡᠭᠡᠷ ︽ᠪᠣᠬᠢᠷᠲᠤᠭᠰᠠᠨ ᠢᠳᠡᠭᠡᠨ︾ ᠲᠠᠢ ᠬᠠᠷᠢᠴᠠᠭᠤᠯᠬᠤ ᠶᠢᠨ ᠠᠷᠭ᠎ᠠ | ᠦᠭᠡᠢ ᠳᠠᠪᠠᠭᠤᠯᠢᠭ ᠲᠠᠯ᠎ᠠ ᠲᠠᠢ ᠴᠡᠪᠡᠷ ᠰᠠᠶᠢᠬᠠᠨ ᠪᠠᠶᠢᠭᠠᠯᠢᠯᠢᠭ ᠢᠳᠡᠭᠡᠨ ᠪᠣᠯᠬᠤ ᠶᠤᠮ᠃ | | — ᠴᠠ᠊ · ᠰᠠᠶᠢᠵᠢᠷᠠᠬᠤ ᠶᠢᠨ ︽ᠡᠵᠡᠨ᠎ᠡ ᠲᠤᠤᠷᠠᠢ ᠶᠢᠨ ᠰᠤᠶᠤᠯ︾ ᠬᠡᠭᠦ ᠨᠣᠮ ᠠᠴᠠ | | | |