5 ᠰᠠᠷ᠎ᠠ ᠶᠢᠨ 19 ᠤ ᠡᠳᠦᠷ᠂ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠬᠤᠰᠢᠭᠤᠨ ᠤ | ᠤᠳᠬ᠎ᠠ ᠤᠷᠠᠯᠢᠭ ᠤᠨ ᠬᠢᠨ ᠤ ᠬᠤᠯᠪᠣᠭ᠎ᠠ᠂ ᠬᠤᠰᠢᠭᠤᠨ ᠤ ᠰᠢᠨ᠎ᠡ ᠴᠠᠭ ᠦᠶ᠎ᠡ ᠶᠢᠨ ᠪᠣᠯᠪᠠᠰᠤᠨ ᠤ | ᠦᠢᠯᠡᠳᠦᠯᠭᠡ ᠶᠢᠨ ᠲᠥᠪ ᠬᠠᠮᠲᠤᠷᠠᠨ ︽ᠵᠢᠦᠢ ᠶᠠᠨ ᠤ ᠮᠢᠩᠭᠠᠨ ᠣᠨ ᠤ ᠡᠷᠲᠡᠨ ᠤ ᠲᠡᠤᠬᠡ ᠶᠢ ᠲᠤᠭᠤᠷᠢᠨ | ᠦᠵᠡᠵᠤ᠂ ᠡᠵᠡᠨ᠎ᠡ ᠶᠢᠨ ᠤᠳᠬ᠎ᠠ ᠤᠷᠠᠯᠢᠭ ᠤᠨ ᠢᠷᠠᠭᠤ ᠬᠠᠭᠤᠳᠠᠰᠤ ᠶᠢ ᠬᠠᠮᠲᠤ ᠪᠠᠷ ᠵᠢᠷᠤᠭᠯᠠᠬᠤ︾ ᠭᠤᠣᠯ | ᠰᠡᠳᠦᠪᠲᠦ ᠠᠵᠢᠯᠯᠠᠭ᠎ᠠ ᠶᠢ ᠶᠠᠪᠤᠭᠳᠠᠭᠤᠯᠵᠤ᠂ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠡᠯ᠎ᠡ | ᠨᠡᠶᠢᠭᠡᠮᠯᠢᠭ ᠤᠨ ᠭᠡᠰᠢᠭᠦᠨ᠂ ᠨᠤᠲᠤᠭ ᠤᠨ ᠵᠣᠬᠢᠶᠠᠯᠴᠢ᠂ ᠰᠢᠯᠦᠭᠴᠢ᠂ ᠵᠢᠷᠤᠭᠴᠢᠨ᠂ ᠬᠡᠷᠡᠯ ᠵᠢᠷᠤᠭᠴᠢᠨ᠂ ᠪᠤᠳᠠᠰ | ᠤᠨ ᠪᠤᠰᠤ ᠰᠤᠶᠤᠯ ᠤᠨ ᠦᠪ ᠤᠨ ᠵᠠᠯᠭᠠᠮᠵᠢᠯᠠᠭᠴᠢ ᠵᠡᠷᠭᠡ ᠤᠳᠬ᠎ᠠ ᠤᠷᠠᠯᠢᠭ ᠤᠨ ᠵᠣᠬᠢᠶᠠᠨ ᠪᠦᠲᠦᠭᠡᠭᠴᠢ | ᠰᠤᠪᠨᠠᠭᠤᠷ᠂ ᠰᠤᠪᠨᠠᠭᠤᠷ ᠰᠤᠮᠤ ᠳᠤ ᠭᠦᠨᠵᠡᠭᠡᠶᠢᠷᠡᠨ ᠲᠤᠭᠤᠷᠢᠨ ᠦᠵᠡᠬᠦ ᠠᠵᠢᠯᠯᠠᠭ᠎ᠠ ᠥᠷᠨᠢᠭᠦᠯᠪᠡ᠃ | ᠰᠤᠪᠨᠠᠭᠤᠷ ᠲᠤ᠂ ᠡᠯ᠎ᠡ ᠨᠡᠶᠢᠭᠡᠮᠯᠢᠭ ᠤᠨ ᠤᠳᠬ᠎ᠠ ᠤᠷᠠᠯᠢᠭ ᠤᠨ ᠠᠵᠢᠯᠲᠠᠳ ᠦᠨᠳᠦᠰᠦᠲᠡᠨ ᠤ ᠤᠷᠠᠯᠢᠭ ᠤᠨ | ᠭᠤᠶᠢᠳᠠ ᠰᠠᠶᠢᠬᠠᠨ ᠲᠣᠭᠯᠠᠯᠲᠠ ᠪᠠᠨ ᠭᠠᠷᠭᠠᠵᠤ᠂ ᠡᠭᠦᠨ ᠳᠤ ᠲᠤᠪᠰᠢᠭᠤᠷ ᠬᠦᠭᠵᠢᠮᠳᠡᠯ ᠨᠢ ᠬᠦᠮᠦᠰ ᠲᠤ ᠡᠯᠡᠰᠦᠨ | ᠴᠥᠯ ᠤᠨ ᠲᠡᠮᠡᠭᠡᠨ ᠵᠢᠩ ᠤᠨ ᠠᠶᠠᠯᠭᠤ ᠶᠢ ᠰᠤᠨᠤᠰᠤᠭᠳᠠᠭᠤᠯᠵᠤ᠂ ᠢᠷᠠᠭᠤ ᠰᠠᠶᠢᠬᠠᠨ ᠳᠠᠭᠤᠤ ᠨᠢ ᠲᠠᠯ᠎ᠠ | ᠨᠤᠲᠤᠭ ᠤᠨ ᠰᠦᠷᠯᠢᠭ ᠰᠠᠶᠢᠬᠠᠨ ᠢ ᠭᠠᠶᠢᠬᠠᠭᠤᠯᠤᠨ᠂ ᠦᠰᠤ ᠵᠠᠰᠠᠯ ᠤᠨ ᠦᠵᠡᠭᠦᠯᠦᠯᠭᠡ ᠨᠢ ᠤᠯᠠᠮᠵᠢᠯᠠᠯᠲᠤ | ᠭᠤᠸ᠎ᠠ ᠵᠦᠢ ᠶᠢᠨ ᠷᠢᠳᠢ ᠰᠢᠳᠢ ᠶᠢ ᠢᠯᠡᠷᠡᠭᠦᠯᠦᠨ᠎ᠡ︔ | ᠰᠤᠪᠨᠠᠭᠤᠷ ᠰᠤᠮᠤᠨ ᠤ ᠠᠷᠠᠳ ᠤᠨ ᠨᠢᠭᠡᠳᠦᠯ ᠤᠨ ᠬᠤᠪᠢᠰᠬᠠᠯ ᠤᠨ ᠰᠤᠷᠭᠠᠨ ᠬᠥᠮᠦᠵᠢᠯ ᠤᠨ ᠰᠠᠭᠤᠷᠢᠨ ᠳᠤ᠂ | ᠲᠤᠭᠤᠷᠢᠨ ᠦᠵᠡᠬᠦ ᠪᠦᠯᠬᠦᠮ ᠤᠨ ᠬᠢᠨ ᠦᠩᠭᠡᠷᠡᠭᠰᠡᠨ ᠢᠶᠠᠨ ᠡᠷᠭᠢᠴᠡᠬᠦᠯᠬᠦ ᠳᠡᠯᠭᠡᠭᠦᠷ᠂ ᠴᠡᠭᠡ ᠬᠢᠯᠢ ᠶᠢᠨ | ᠬᠠᠮᠠᠭᠠᠯᠠᠯᠲᠠ ᠶᠢᠨ ᠠᠭᠤᠯᠵᠠᠯᠲᠠ ᠶᠢᠨ ᠦᠷᠳᠡᠭᠡ᠂ ᠠᠮᠤ ᠪᠤᠳᠠᠭᠠᠨ ᠤ ᠬᠥᠮᠥᠷᠭᠡ ᠵᠡᠷᠭᠡ ᠭᠠᠵᠠᠷ ᠢᠶᠠᠷ ᠲᠣᠭᠤᠷᠢᠨ | ᠦᠵᠡᠵᠦ᠂ ᠤᠳᠬ᠎ᠠ ᠤᠷᠠᠯᠢᠭ ᠤᠨ ᠠᠵᠢᠯᠲᠠᠳ ᠲᠡᠳᠡᠨ ᠤ ᠵᠠᠯᠠᠭᠤ ᠨᠠᠰᠤᠨ ᠤ ᠦᠶ᠎ᠡ ᠶᠢᠨ ᠮᠠᠰᠢ ᠤᠯᠠᠨ ᠡᠳ᠋ | ᠪᠣᠳᠠᠰ ᠢ ᠣᠯᠵᠤ ᠬᠠᠷᠠᠨ᠂ ᠥᠩᠭᠡᠷᠡᠭᠰᠡᠨ ᠤ ᠣᠨ ᠰᠠᠷ᠎ᠠ ᠪᠠᠨ ᠲᠠᠬᠢᠨ ᠰᠠᠨᠠᠭᠠᠯᠵᠠᠵᠤ᠂ ᠰᠡᠳᠬᠢᠯ ᠳᠣᠭᠳᠣᠯᠵᠤ | ᠪᠠᠶᠢᠯ᠎ᠠ᠃ ᠣᠯᠠᠨ ᠢᠶᠠᠷ ᠢᠶᠠᠨ ᠲᠤᠰ ᠤᠳᠠᠭᠠᠨ ᠤ ᠠᠵᠢᠯᠯᠭ᠎ᠠ ᠪᠠᠷ ᠢᠶᠠᠨ ᠠᠵᠠ ᠲᠣᠬᠢᠶᠠᠯ ᠪᠣᠯᠭᠠᠵᠤ᠂ ᠭᠠᠷ ᠲᠠᠬᠢ | ᠪᠢᠷ᠂ ᠦᠵᠡᠭᠳᠡᠯ ᠪᠠ ᠡᠯ᠎ᠡ ᠲᠥᠷᠥᠯ ᠤᠨ ᠤᠷᠠᠯᠢᠭ ᠤᠨ ᠬᠡᠯᠪᠡᠷᠢ ᠪᠠᠷ ᠮᠠᠨ ᠤ ᠬᠤᠰᠢᠭᠤᠨ ᠤ ᠪᠠᠶᠢᠭᠠᠯᠢ ᠶᠢᠨ ᠥᠩᠭᠡ | ᠦᠵᠡᠮᠵᠢ᠂ ᠰᠣᠶᠣᠯ ᠢᠷᠭᠡᠨᠰᠢᠯ ᠤᠨ ᠵᠠᠩ ᠠᠭᠠᠯᠢ ᠪᠠ ᠲᠡᠦᠬᠡ ᠶᠢᠨ ᠠᠭᠤᠯᠬᠤᠨ ᠢ ᠠᠮᠢᠳᠤᠯᠢᠭ ᠢᠶᠠᠷ ᠳᠡᠯᠭᠡᠨ | ᠦᠵᠡᠭᠦᠯᠵᠦ᠂ ᠨᠢᠭᠡ ᠪᠦᠯᠦᠭ ᠴᠢᠨᠠᠷ ᠰᠠᠶᠢᠲᠠᠢ ᠤᠳᠬ᠎ᠠ ᠤᠷᠠᠯᠢᠭ ᠤᠨ ᠪᠦᠲᠦᠭᠡᠯ ᠢ ᠵᠣᠬᠢᠶᠠᠨ ᠪᠦᠲᠦᠭᠡᠨ᠎ᠡ ᠭᠡᠮᠡᠨ | ᠢᠯᠡᠷᠬᠡᠶᠢᠯᠡᠵᠡᠭᠡᠪᠡ᠃ | ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭᠠᠲᠤ ᠬᠤᠷᠠᠯ ᠤᠨ ᠲᠡᠷᠢᠭᠦᠯᠡᠭᠴᠢ ᠯᠢ ᠴᠢᠶᠠᠨ ᠲᠢᠶᠠᠨ᠄ | ︽ᠮᠠᠨ ᠤ ᠡᠵᠡᠨ᠎ᠡ ᠬᠤᠰᠢᠭᠤᠨ ᠤ ᠥᠪᠡᠷᠮᠢᠴᠡ ᠤᠨᠴᠠᠯᠢᠭ ᠲᠠᠢ ᠰᠣᠶᠣᠯ ᠵᠤᠭᠠᠴᠠᠯ ᠤᠨ ᠡᠬᠢ ᠪᠠᠶᠠᠯᠢᠭ ᠢ ᠭᠦᠨᠵᠡᠭᠡᠢ | ᠠᠭᠤᠳᠠᠯᠬᠤ ᠪᠠ ᠪᠥᠬᠦ ᠦᠵᠡᠮᠵᠢ ᠪᠠᠷ ᠳᠡᠯᠭᠡᠨ ᠦᠵᠡᠭᠦᠯᠬᠦ ᠶᠢᠨ ᠲᠥᠯᠥᠭᠡ᠂ ᠤᠳᠬ᠎ᠠ ᠤᠷᠠᠯᠢᠭ ᠰᠣᠶᠣᠯ ᠤᠨ ᠠᠵᠢᠯ | ᠪᠠ ᠵᠤᠭᠠᠴᠠᠯ ᠤᠨ ᠭᠦᠨᠵᠡᠭᠡᠢ ᠠᠭᠤᠰᠤᠯᠴᠠᠯ ᠢ ᠢᠳᠡᠪᠬᠢᠲᠠᠢ ᠪᠠᠷ ᠲᠦᠯᠬᠢᠨ ᠠᠬᠢᠭᠤᠯᠤᠨ᠎ᠠ᠃ 5᠂ 19 | ᠵᠢᠭᠤᠯᠴᠢᠯᠠᠯ ᠤᠨ ᠡᠳᠦᠷ ᠢ ᠠᠰᠢᠭᠯᠠᠵᠤ᠂ ᠡᠯ᠎ᠡ ᠨᠡᠶᠢᠭᠡᠮᠯᠢᠭ ᠢ ᠵᠣᠬᠢᠶᠠᠨ ᠪᠠᠶᠢᠭᠤᠯᠵᠤ ᠲᠤᠭᠤᠷᠢᠨ ᠦᠵᠡᠬᠦ | ᠠᠵᠢᠯᠯᠠᠭ᠎ᠠ ᠳᠤ ᠤᠷᠤᠯᠴᠠᠭᠤᠯᠵᠤ᠂ ᠡᠨᠡᠬᠦ ᠰᠣᠯᠢᠯᠴᠠᠭ᠎ᠠ ᠪᠠ ᠵᠣᠬᠢᠶᠠᠨ ᠪᠦᠲᠦᠭᠡᠬᠦ ᠲᠠᠪᠴᠠᠩ ᠢᠶᠠᠷ ᠲᠠᠮᠵᠢᠭᠤᠯᠤᠨ᠂ | ᠤᠷᠠᠯᠢᠭ ᠤᠨ ᠠᠪᠢᠶᠠᠰ ᠪᠢᠯᠢᠭ ᠪᠠ ᠲᠣᠷᠭᠠᠨ ᠤ ᠵᠠᠮ ᠤᠨ ᠪᠣᠯᠪᠠᠰᠤᠨ ᠢ ᠠᠭᠤᠰᠤᠯᠴᠠᠭᠤᠯᠤᠨ ᠬᠠᠮᠲᠤᠪᠠᠷ ᠪᠠᠶᠢᠭᠤᠯᠬᠤ | ᠬᠥᠭᠦᠷᠭᠡ ᠶᠢ ᠪᠠᠶᠢᠭᠤᠯᠬᠤ ᠶᠢ ᠬᠦᠰᠡᠵᠦ ᠪᠠᠶᠢᠨ᠎ᠠ᠃ ᠢᠷᠡᠭᠡᠳᠦᠢ ᠳᠤ᠂ ᠡᠲᠡᠭᠡᠷ ᠤᠳᠬ᠎ᠠ ᠤᠷᠠᠯᠢᠭ ᠤᠨ ᠵᠣᠬᠢᠶᠠᠨ | ᠪᠦᠲᠦᠭᠡᠭᠴᠢ ᠶᠢᠨ ᠪᠦᠲᠦᠭᠡᠯ ᠨᠢ ᠰᠣᠶᠣᠯ ᠤᠨ ᠰᠢᠮᠡᠳᠦᠯ ᠢᠶᠠᠷ ᠵᠢᠭᠤᠯᠴᠢᠯᠠᠯ ᠤᠨ ᠠᠵᠤ ᠦᠢᠯᠡᠰ ᠤᠨ ᠲᠠᠰ | ᠳᠠᠪᠰᠢᠵᠤ᠂ ᠤᠷᠠᠯᠢᠭ ᠤᠨ ᠵᠣᠬᠢᠶᠠᠨ ᠪᠦᠲᠦᠭᠡᠯᠭᠡ ᠪᠠᠷ ᠳᠡᠮᠵᠢᠨ ᠮᠠᠨ ᠤ ᠡᠵᠡᠨ᠎ᠡ ᠬᠤᠰᠢᠭᠤᠨ ᠤ ᠲᠡᠦᠬᠡ ᠶᠢᠨ | ᠥᠪ ᠤᠨ ᠣᠲᠣ ᠦᠶ᠎ᠡ ᠶᠢᠨ ᠦᠨ᠎ᠡ ᠥᠷᠲᠡᠭ ᠢ ᠬᠥᠭᠵᠢᠭᠡᠨ᠎ᠡ︾ ᠭᠡᠪᠡ᠃ | |