5 ᠰᠠᠷ᠎ᠠ ᠶᠢᠨ 8 ᠤ ᠡᠳᠦᠷ᠂ 78 ᠳ᠋ᠤᠭᠠᠷ ᠳᠡᠯᠡᠬᠡᠶ ᠶᠢᠨ ᠤᠯᠠᠭᠠᠨ ᠵᠠᠭᠠᠯᠮᠠᠶᠢᠲᠠᠨ ᠤ ᠡᠳᠦᠷ ᠢ ᠳᠤᠷᠠᠰᠬᠠᠵᠤ᠂ | ︽ᠬᠥᠮᠦᠯᠢᠭ᠂ ᠲᠦᠭᠡᠮᠡᠯ ᠬᠠᠶᠢᠷ᠎ᠠ᠂ ᠬᠤᠪᠢ ᠨᠡᠮᠡᠷᠢ ᠥᠵᠡᠬᠦᠯᠬᠦ︾ ᠤᠯᠠᠭᠠᠨ ᠵᠠᠭᠠᠯᠮᠠᠶᠢᠲᠠᠨ ᠤ ᠵᠣᠷᠢᠭ ᠰᠠᠨᠠᠭ᠎ᠠ ᠶᠢ | ᠪᠠᠳᠠᠷᠠᠭᠤᠯᠬᠤ ᠶᠢᠨ ᠳᠤᠰᠠᠳᠠ᠂ ᠡᠵᠡᠨ᠎ᠡ ᠬᠤᠰᠢᠭᠤᠨ ᠤ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ︽ᠵᠣᠷᠢᠭ | ᠰᠢᠭᠤᠳᠤᠨ ᠬᠥᠮᠦᠯᠢᠭ ᠦᠵᠡᠯ ᠢᠶᠠᠷ ᠭᠠᠷ ᠬᠤᠯᠪᠣᠨ ᠬᠠᠮᠲᠤ ᠤᠷᠤᠭᠰᠢᠯᠠᠶ᠎ᠠ︾ ᠭᠡᠬᠦ ᠭᠤᠤᠯ ᠰᠡᠳᠦᠪ ᠤᠨ | ᠲᠣᠭᠤᠷᠢᠨ ᠳᠤ᠂ ᠡᠵᠡᠨ᠎ᠡ ᠬᠤᠰᠢᠭᠤᠨ ᠤ ᠴᠡᠷᠢᠭ ᠢ ᠬᠦᠷᠢᠶᠡᠯᠡᠬᠦ ᠠᠭᠤᠳᠠᠮ ᠲᠠᠯᠠᠪᠠᠶ ᠳᠤ ︽ᠤᠯᠠᠭᠠᠨ | ᠵᠠᠭᠠᠯᠮᠠᠶᠢᠲᠠᠨ ᠤ ᠲᠦᠭᠡᠮᠡᠯ ᠬᠠᠶᠢᠷ᠎ᠠ ᠶᠢᠨ ᠭᠠᠷᠠᠭ︾ ᠤᠨ ᠲᠥᠪᠯᠡᠷᠡᠩᠭᠦᠶ ᠤᠬᠠᠭᠤᠯᠭ᠎ᠠ ᠶᠢᠨ ᠠᠵᠢᠯᠯᠠᠭ᠎ᠠ ᠶᠢ ᠵᠣᠬᠢᠶᠠᠨ | ᠪᠠᠶᠢᠭᠤᠯᠤᠨ ᠥᠷᠨᠢᠭᠦᠯᠪᠡ᠃ | ᠠᠵᠢᠯᠯᠠᠭ᠎ᠠ ᠶᠢᠨ ᠠᠬᠤᠢ ᠲᠠᠯᠠᠪᠠᠶ ᠳᠤ᠂ ᠡᠵᠡᠨ᠎ᠡ ᠬᠤᠰᠢᠭᠤᠨ ᠤ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ | ︽ᠭᠤᠷᠪᠠ ᠶᠢ ᠡᠷᠭᠦᠬᠦ︾ ᠤᠬᠠᠭᠤᠯᠭ᠎ᠠ ᠵᠢᠴᠢ ᠴᠢᠰᠤ ᠲᠥᠯᠵᠢᠭᠦᠯᠬᠦ ᠡᠰ ᠤᠨ ᠰᠠᠶᠢᠨ ᠳᠤᠷᠠᠴᠤᠤᠯ ᠢ ᠲᠤᠬᠠᠶ ᠶᠢᠨ | ᠲᠠᠯᠠᠪᠠᠶ ᠳᠤ ᠡᠯᠰᠡᠬᠦ ᠠᠵᠢᠯᠯᠠᠭ᠎ᠠ ᠥᠷᠨᠢᠭᠦᠯᠵᠦ᠂ ᠦᠨ᠎ᠡ ᠲᠥᠯᠥᠪᠦᠷᠢ ᠥᠬᠡᠶ ᠪᠠᠷ ᠴᠢᠰᠤ ᠪᠠᠨ ᠡᠷᠭᠦᠬᠦ᠂ ᠴᠢᠰᠤ | ᠲᠥᠯᠵᠢᠭᠦᠯᠬᠦ ᠡᠰ ᠢᠶᠠᠨ ᠬᠠᠨᠳᠢᠪᠯᠠᠬᠤ᠂ ᠬᠥᠮᠦᠨ ᠤ ᠪᠡᠶ᠎ᠡ ᠶᠢᠨ ᠡᠷᠬᠡᠲᠡᠨ ᠢᠶᠠᠨ ᠬᠠᠨᠳᠢᠪᠯᠠᠬᠤ ᠵᠡᠷᠭᠡ ᠮᠡᠳᠡᠯᠭᠡ ᠶᠢ | ᠳᠥᠬᠡᠮᠡᠯᠵᠢᠬᠦᠯᠦᠨ᠂ ᠰᠠᠶᠢᠨ ᠳᠤᠷᠠᠴᠤᠳ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠠᠵᠢᠯᠲᠠᠨ ᠤ ᠵᠢᠯᠣᠭᠤᠳᠣᠯᠭ᠎ᠠ | ᠳᠤᠤᠷ᠎ᠠ ︽ᠳᠤᠮᠳᠠᠳᠤ ᠶᠢᠨ ᠴᠢᠮᠥᠭᠡ ᠶᠢᠨ ᠬᠥᠮᠥᠷᠭᠡ ᠳᠤ ᠰᠠᠶᠢᠨ ᠳᠤᠷ᠎ᠠ ᠶᠢᠨ ᠬᠠᠨᠳᠢᠪᠯᠠᠭᠴᠢ ᠶᠢᠨ ᠵᠥᠪᠰᠢᠶᠡᠷᠡᠯ ᠤᠨ | ᠪᠢᠴᠢᠭ︾ ᠢ ᠨᠠᠷᠢᠨ ᠬᠢᠨᠠᠮᠠᠭᠠᠶ ᠲᠠᠭᠯᠠᠵᠤ᠂ ᠡᠮᠨᠡᠯᠭᠡ ᠶᠢᠨ ᠠᠵᠢᠯᠲᠠᠳ ᠲᠠᠢ ᠢᠳᠡᠪᠬᠢᠲᠡᠶ ᠬᠠᠮᠵᠢᠯᠴᠠᠨ ᠴᠢᠰᠤᠨ ᠤ | ᠥᠯᠢᠭᠡᠷ ᠡᠳ᠋ ᠴᠤᠭᠯᠠᠭᠤᠯᠬᠤ ᠠᠵᠢᠯ ᠬᠢᠨ᠂ ᠪᠣᠳᠠᠲᠤ ᠠᠵᠢᠯᠯᠠᠭ᠎ᠠ ᠪᠠᠷ ᠢᠶᠠᠨ ᠵᠠᠯᠠᠭᠤᠴᠤᠳ ᠤᠨ ᠪᠤᠰᠤᠳ ᠢ | ᠬᠠᠪᠰᠤᠷᠬᠤ ᠳᠤᠷᠠᠲᠠᠶ᠂ ᠬᠠᠷᠠᠮ ᠥᠬᠡᠶ ᠵᠣᠷᠢᠭᠤᠯᠬᠤ ᠣᠶᠤᠨ ᠰᠠᠨᠠᠭᠠᠨ ᠤ ᠳᠦᠷᠰᠦ ᠪᠠᠶᠢᠳᠠᠯ ᠪᠠ ᠬᠠᠷᠢᠭᠤᠴᠠᠯᠭ᠎ᠠ | ᠡᠭᠦᠷᠭᠡᠯᠡᠯ ᠢ ᠢᠯᠡᠷᠡᠭᠦᠯᠪᠡ᠃ ᠡᠯ᠎ᠡ ᠬᠠᠮᠢᠶ᠎ᠠ ᠪᠥᠬᠦᠶ ᠨᠢᠭᠡᠴᠡ ᠶᠢᠨ ᠠᠵᠢᠯᠲᠠᠳ ᠤᠬᠠᠭᠤᠯᠭ᠎ᠠ ᠶᠢᠨ ᠬᠥᠨᠳᠡᠯᠡᠨ | ᠪᠢᠴᠢᠭᠡᠰᠦ ᠡᠯᠭᠦᠬᠦ᠂ ᠤᠬᠠᠭᠤᠯᠭ᠎ᠠ ᠶᠢᠨ ᠳᠡᠯᠭᠡᠨ ᠦᠵᠡᠭᠦᠯᠬᠦ ᠰᠠᠮᠪᠠᠷ᠎ᠠ ᠲᠠᠯᠪᠢᠬᠤ᠂ ᠤᠬᠠᠭᠤᠯᠭ᠎ᠠ ᠶᠢᠨ ᠮᠠᠲ᠋ᠧᠷᠢᠶᠠᠯ | ᠲᠠᠷᠬᠠᠭᠠᠬᠤ ᠪᠠᠷ ᠳᠠᠮᠵᠢᠭᠤᠯᠤᠨ ᠤᠯᠠᠭᠠᠨ ᠵᠠᠭᠠᠯᠮᠠᠶᠢᠲᠠᠨ ᠤ ᠮᠡᠳᠡᠯᠭᠡ ᠶᠢ ᠲᠦᠭᠡᠮᠡᠯᠵᠢᠭᠦᠯᠬᠦ ᠶᠢᠨ ᠬᠠᠮᠲᠤ ᠲᠤᠬᠠᠶ ᠶᠢᠨ | ᠲᠠᠯᠠᠪᠠᠶ ᠳᠤ ᠴᠢᠰᠤ ᠲᠥᠯᠵᠢᠭᠦᠯᠬᠦ ᠡᠰ ᠤᠨ ᠰᠠᠶᠢᠨ ᠳᠤᠷᠠᠴᠤᠳ ᠢ ᠡᠯᠰᠡᠪᠡ᠃ | ᠰᠠᠶᠢᠨ ᠳᠤᠷᠠᠴᠢᠨ ᠶᠠᠩ ᠸᠧᠨ᠄ ︽ᠪᠢ ᠡᠨᠡ ᠴᠢᠰᠤ ᠲᠥᠯᠵᠢᠭᠦᠯᠬᠦ ᠡᠰ ᠢ ᠬᠠᠨᠳᠢᠪᠯᠠᠬᠤ ᠠᠵᠢᠯᠯᠠᠭ᠎ᠠ ᠳᠤ | ᠣᠷᠣᠯᠴᠠᠭᠰᠠᠨ ᠳᠠᠭᠠᠨ ᠮᠠᠰᠢ ᠠᠵᠠ ᠲᠠᠢ ᠰᠠᠨᠠᠭᠳᠠᠵᠤ ᠪᠠᠶᠢᠨ᠎ᠠ᠂ ᠴᠢᠰᠤ ᠲᠥᠯᠵᠢᠭᠦᠯᠬᠦ ᠡᠰ ᠢ ᠬᠠᠨᠳᠢᠪᠯᠠᠵᠤ | ᠳᠣᠭᠢᠷᠠᠬᠤ ᠪᠣᠯᠤᠮᠵᠢ ᠨᠢ ᠮᠢᠩᠭᠠᠨ ᠬᠤᠪᠢ ᠶᠢᠨ ᠨᠢᠭᠡ᠂ ᠨᠡᠩ ᠴᠢᠨᠠᠭᠰᠢᠯᠠᠨ ᠲᠦᠮᠡᠨ ᠬᠤᠪᠢ ᠶᠢᠨ ᠨᠢᠭᠡ ᠯᠡ | ᠪᠠᠶᠢᠵᠤ ᠮᠡᠳᠡᠨ᠎ᠡ᠂ ᠭᠡᠪᠡᠴᠦ ᠪᠢ ᠡᠨᠡ ᠥᠴᠦᠬᠡᠨ ᠬᠠᠨᠳᠢᠪᠯᠠᠬᠤ ᠡᠭᠦᠷᠭᠡ ᠪᠠᠷ ᠳᠡᠮᠵᠢᠨ᠂ ᠮᠢᠩᠭ᠎ᠠ ᠲᠦᠮᠡᠨ ᠬᠡᠷ | ᠪᠦᠯᠢ ᠳᠤ ᠲᠤᠰᠠᠯᠠᠵᠤ᠂ ᠨᠠᠩ ᠥᠨᠳᠥᠷ ᠵᠣᠯ ᠵᠢᠷᠭᠠᠯᠲᠤ ᠲᠥᠷᠥᠭᠳᠡᠯ ᠲᠠᠢ ᠪᠣᠯᠬᠤ ᠶᠢ ᠬᠦᠰᠡᠵᠦ ᠪᠠᠶᠢᠨ᠎ᠠ︾ | ᠭᠡᠪᠡ᠃ | ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ | ᠨᠡᠶᠢᠭᠡᠮᠯᠢᠭ ᠤᠨ ᠪᠠᠶᠢᠩᠭᠤ ᠶᠢᠨ ᠳᠡᠳ᠋ ᠳᠠᠷᠤᠭ᠎ᠠ ᠸᠠᠩ ᠶᠠᠨ ᠬᠤᠸᠠ᠄ ︽ᠴᠢᠰᠤ ᠲᠥᠯᠵᠢᠭᠦᠯᠬᠦ ᠡᠰ ᠢᠶᠠᠨ | ᠬᠠᠨᠳᠢᠪᠯᠠᠬᠤ ᠠᠵᠢᠯ ᠨᠢ ᠭᠤᠤᠯᠳᠠᠭᠤ 18 ᠨᠠᠰᠣᠨ ᠠᠴᠠ 45 ᠨᠠᠰᠤᠨ ᠤ ᠬᠤᠭᠤᠷᠤᠨᠳᠤᠬᠢ ᠪᠡᠶ᠎ᠡ ᠮᠠᠬᠠᠪᠣᠳ ᠨᠢ | ᠡᠷᠡᠭᠦᠯ ᠴᠢᠭᠢᠷᠠᠭ᠂ ᠳᠤᠮᠳᠠᠳᠤ ᠶᠢᠨ ᠴᠢᠮᠥᠭᠡ ᠶᠢᠨ ᠬᠥᠮᠥᠷᠭᠡ ᠳᠤ ᠣᠷᠣᠭᠠᠳᠤᠶ ᠠᠷᠠᠳ ᠢᠷᠭᠡᠳ ᠠᠴᠠ 8 ml | ᠴᠢᠰᠤᠨ ᠤ ᠥᠯᠢᠭᠡᠷ ᠡᠳ᠋ ᠠᠪᠴᠤ ᠬᠠᠨᠳᠢᠪᠯᠠᠨ᠎ᠠ᠃ ᠬᠡᠳᠦ᠋ᠢᠪᠡᠷ ᠲᠦᠮᠡᠨ ᠬᠤᠪᠢ ᠶᠢᠨ ᠨᠢᠭᠡ᠂ ᠴᠢᠨᠠᠭᠰᠢᠯᠠᠪᠠᠯ | ᠠᠷᠪᠠᠨ ᠲᠦᠮᠡᠨ ᠬᠤᠪᠢ ᠶᠢᠨ ᠨᠢᠭᠡ ᠶᠢᠨ ᠲᠣᠬᠢᠶᠠᠯᠳᠤᠮᠵᠢ ᠲᠠᠢ ᠪᠣᠯᠪᠠᠴᠤ᠂ ᠲᠡᠭᠦᠨ ᠤ ᠡᠨᠡ ᠬᠦ ᠰᠠᠶᠢᠨ | ᠠᠵᠢᠯᠯᠠᠭ᠎ᠠ ᠨᠢ ᠮᠥᠨ ᠴᠦ ᠮᠠᠨ ᠴᠢᠰᠤ ᠴᠢᠬᠤᠯᠠᠲᠠᠢ ᠡᠪᠡᠳᠴᠢᠲᠡᠨ ᠳᠤ ᠠᠮᠢ ᠨᠠᠰᠤᠨ ᠤ ᠰᠢᠨ᠎ᠡ ᠬᠦᠰᠡᠯ ᠡᠷᠡᠮᠡᠯᠵᠡᠯ ᠢ | ᠠᠪᠴᠢᠷᠠᠵᠤ ᠥᠭᠬᠦ ᠪᠣᠯᠤᠨ᠎ᠠ︾ ᠭᠡᠪᠡ᠃ | ᠲᠣᠰ ᠤᠳᠠᠭᠠᠨ ᠤ ᠠᠵᠢᠯᠯᠠᠭ᠎ᠠ ᠨᠢ᠂ ᠲᠤᠬᠠᠶ ᠶᠢᠨ ᠲᠠᠯᠠᠪᠠᠶ ᠳᠤ 20 ᠭᠠᠷᠣᠢ ᠰᠠᠶᠢᠨ ᠳᠤᠷᠠᠴᠢᠨ ᠴᠢᠰᠤᠨ ᠤ | ᠥᠯᠢᠭᠡᠷ ᠡᠳ᠋ ᠢ ᠢᠳᠡᠪᠬᠢᠲᠠᠢ ᠬᠠᠨᠳᠢᠪᠯᠠᠵᠤ᠂ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠠᠭᠠᠨ | ᠵᠠᠭᠠᠯᠮᠠᠶᠢᠲᠠᠨ ᠤ ᠨᠡᠶᠢᠭᠡᠮᠯᠢᠭ ᠤᠨ ᠬᠠᠤᠯᠢ︾᠂ ︽ᠬᠥᠮᠦᠨ ᠤ ᠪᠡᠶ᠎ᠡ ᠶᠢᠨ ᠡᠷᠬᠡᠲᠡᠨ ᠢᠶᠠᠨ ᠬᠠᠨᠳᠢᠪᠯᠠᠬᠤ ᠪᠠ | ᠰᠢᠯᠵᠢᠭᠦᠯᠦᠨ ᠵᠠᠶᠢᠯᠠᠬᠤ ᠲᠦᠷᠢᠮ︾᠂ ᠴᠢᠰᠤ ᠲᠥᠯᠵᠢᠭᠦᠯᠬᠦ ᠡᠰ ᠢᠶᠠᠨ ᠬᠠᠨᠳᠢᠪᠯᠠᠬᠤ᠂ ᠡᠷᠬᠡᠲᠡᠨ ᠢᠶᠠᠨ ᠬᠠᠨᠳᠢᠪᠯᠠᠬᠤ | ᠵᠡᠷᠭᠡ ᠤᠬᠠᠭᠤᠯᠭ᠎ᠠ ᠶᠢᠨ ᠮᠠᠲ᠋ᠧᠷᠢᠶᠠᠯ ᠢ ᠨᠡᠶᠢᠲᠡ 1000 ᠭᠠᠷᠤᠶ ᠬᠤᠪᠢ ᠲᠠᠷᠬᠠᠭᠠᠪᠠ᠃ | ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ | ᠨᠡᠶᠢᠭᠡᠮᠯᠢᠭ ᠤᠨ ᠪᠠᠶᠢᠩᠭᠤ ᠶᠢᠨ ᠳᠡᠳ᠋ ᠳᠠᠷᠤᠭ᠎ᠠ ᠸᠠᠩ ᠶᠠᠨ ᠬᠤᠸᠠ᠄ ︽ᠴᠢᠰᠤ ᠲᠥᠯᠵᠢᠭᠦᠯᠬᠦ ᠡᠰ ᠢ ᠬᠠᠨᠳᠢᠪᠯᠠᠬᠤ | ᠪᠣᠯ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠭᠤᠷᠪᠠᠨ ᠵᠦᠢᠯ ᠤᠨ ᠠᠵᠢᠯ ᠤᠨ ᠠᠭᠤᠯᠭ᠎ᠠ ᠶᠢᠨ ᠨᠢᠭᠡ ᠮᠥᠨ᠂ | ᠣᠶᠢᠷ᠎ᠠ ᠶᠢᠨ ᠬᠡᠳᠦᠨ ᠵᠢᠯ ᠳᠤ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠬᠠᠭᠤᠯᠭ᠎ᠠ ᠳᠠᠶᠢᠴᠢᠯᠠᠯᠲᠠ᠂ ᠵᠣᠬᠢᠶᠠᠨ | ᠪᠠᠶᠢᠭᠤᠯᠤᠯᠲᠠ ᠶᠢᠨ ᠡᠯᠰᠡᠯᠲᠡ ᠪᠠᠷ ᠳᠡᠮᠵᠢᠨ᠂ ᠣᠲᠣ ᠪᠣᠯᠲᠠᠯ᠎ᠠ ᠮᠠᠨ ᠤ ᠬᠤᠰᠢᠭᠤᠨ ᠳᠤ ᠨᠢᠭᠡᠨᠲᠡ ᠵᠠᠭᠤ ᠭᠠᠷᠤᠶ | ᠴᠢᠰᠤ ᠲᠥᠯᠵᠢᠭᠦᠯᠬᠦ ᠡᠰ ᠤᠨ ᠰᠠᠶᠢᠨ ᠲᠤᠷᠠᠴᠤᠳ ᠳᠤᠮᠳᠠᠳᠤ ᠶᠢᠨ ᠴᠢᠮᠥᠭᠡ ᠶᠢᠨ ᠬᠥᠮᠥᠷᠭᠡ ᠳᠤ ᠣᠷᠣᠭᠰᠠᠨ | ᠪᠠᠶᠢᠨ᠎ᠠ᠃ ᠴᠢᠰᠤ ᠲᠥᠯᠵᠢᠭᠦᠯᠬᠦ ᠡᠰ ᠢᠶᠠᠨ ᠬᠠᠨᠳᠢᠪᠯᠠᠬᠤ᠂ ᠬᠠᠨᠳᠢᠪᠯᠠᠨ ᠲᠣᠬᠢᠷᠠᠭᠤᠯᠬᠤ ᠬᠡᠯᠪᠡᠷᠢ ᠨᠢ ᠠᠮᠵᠢᠯᠲᠠ | ᠣᠯᠤᠭᠰᠠᠨ ᠤ ᠳᠠᠷᠠᠭ᠎ᠠ᠂ ᠳᠠᠷᠣᠢ ᠴᠢᠰᠤ ᠪᠠᠨ ᠬᠠᠨᠳᠢᠪᠯᠠᠬᠤ ᠶᠢ ᠪᠡᠶᠡᠯᠡᠬᠦᠯᠬᠦ ᠪᠤᠯᠤᠨ᠎ᠡ᠃ ᠮᠥᠨᠴᠦ ᠰᠡᠭᠦᠯᠴᠢ ᠶᠢᠨ | ᠬᠤᠭᠤᠴᠠᠭᠠᠨ ᠳᠤ ᠮᠠᠨ ᠤ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠬᠥᠮᠦᠯᠢᠭ ᠦᠵᠡᠯ ᠤᠨ ᠠᠵᠢᠯ ᠤᠨ ᠲᠠᠯ᠎ᠠ ᠠᠴᠠ | ᠨᠠᠩ ᠣᠯᠠᠨ ᠬᠠᠯᠠᠮᠵᠢᠯᠠᠯ ᠪᠠ ᠲᠣᠬᠤᠨᠢᠭᠤᠯᠤᠯ ᠥᠭᠭᠦᠨ᠎ᠡ︾ ᠭᠡᠪᠡ᠃ |